ᠨᠢᠭᠡᠳᠤᠭᠡᠷ ᠲᠤ᠂ ︽ᠴᠢᠷᠮᠠᠶᠢ︕ ᠠᠪᠤ ᠡᠵᠢ ᠴᠢᠨᠢ ᠴᠢᠨᠤ ᠠᠮᠵᠢᠯᠲᠠ ᠲᠠᠢ ᠪᠤᠴᠠᠵᠤ ᠢᠷᠡᠬᠦ ᠶᠢ ᠬᠦᠯᠢᠶᠡᠵᠤ ᠪᠠᠶᠢᠶ᠎ᠠ︾ | ᠭᠡᠵᠤ ᠭᠡᠯᠡᠬᠦ ᠶᠢ ᠴᠡᠭᠡᠷᠯᠡᠬᠦ ᠭᠡᠷᠡᠭᠳᠠᠢ᠃ ᠭᠡᠷᠪᠡ ᠭᠡᠷ ᠤᠨ ᠠᠬᠠᠮᠠᠳ ᠪᠤᠳᠠᠳᠤ ᠪᠠᠶᠢᠳᠠᠯ ᠢ ᠪᠤᠳᠤᠯᠬᠢᠯᠠᠬᠤ ᠦᠭᠡᠢ ᠪᠠᠷ ᠰᠠᠨᠠᠭᠠᠨ ᠲᠠᠪᠠ | ᠪᠠᠷ ᠢᠶᠠᠨ ᠵᠠᠬᠢᠭᠠᠳ ᠪᠠᠶᠢᠪᠠᠯ ᠭᠡᠤᠭᠡᠳ ᠢ ᠤᠯᠠᠮ ᠵᠤᠷᠢᠬ ᠦᠭᠡᠢ ᠪᠤᠯᠭᠠᠳᠠᠬ ᠶᠤᠮ᠃ | ᠬᠤᠶᠠᠳᠤᠭᠠᠷ ᠲᠤ᠂ ︽ᠭᠡᠷᠪᠡ ᠰᠠᠶᠢᠨ ᠰᠤᠷᠭᠠᠭᠤᠯᠢ ᠳᠤ ᠰᠢᠯᠭᠠᠨ ᠤᠷᠤᠵᠤ ᠲᠠᠶᠢᠯᠬᠦ ᠦᠭᠡᠢ ᠪᠤᠯ ᠴᠢᠨᠤ ᠡᠨᠡ ᠨᠠᠰᠤ | ᠲᠠᠭᠤᠰᠬᠤ ᠪᠤᠯᠤᠨ᠎ᠠ︾ ᠭᠡᠵᠤ ᠭᠡᠯᠡᠬᠦ ᠶᠢ ᠴᠡᠭᠡᠷᠯᠡᠬᠦ ᠭᠡᠷᠡᠭᠳᠠᠢ᠃ | ᠭᠤᠷᠪᠠᠳᠤᠭᠠᠷ ᠲᠤ᠂ ︽ᠮᠢᠨᠤ ᠭᠡᠤᠭᠡᠳ ᠤᠨ ᠤᠳᠠᠭ᠎ᠠ ᠪᠦᠷᠢ ᠶᠢᠨ ᠲᠠᠭᠤᠷᠢᠶᠠᠮᠠᠯ ᠰᠢᠯᠭᠠᠯᠳᠠ ᠲᠤᠩ ᠰᠠᠶᠢᠨ︾᠂ ᠪᠠᠭᠰᠢ ᠨᠢ | ᠮᠠᠨ ᠪ᠊ ᠭᠡᠤᠭᠡᠳ ᠢ ᠴᠢᠩᠬᠤᠸᠠ ᠶᠡᠭᠡ ᠰᠤᠷᠭᠠᠭᠤᠯᠢ᠂ ᠪᠡᠬᠡᠵᠢᠩ ᠶᠡᠭᠡ ᠰᠤᠷᠭᠠᠭᠤᠯᠢ ᠳᠤ ᠠᠵᠢᠬ ᠦᠬᠡᠢ ᠤᠷᠤᠴᠢᠬᠠᠨ᠎ᠠ ᠬᠡᠵᠤ ᠬᠡᠯᠡᠵᠤ | ᠪᠠᠶᠢᠨ᠎ᠠ︾ ᠬᠡᠵᠤ ᠬᠡᠯᠡᠵᠤ ᠪᠤᠯᠬᠤ ᠦᠬᠡᠢ᠃ | ᠲᠦᠷᠪᠡᠳᠤᠬᠡᠷ ᠲᠤ᠂ ︽ᠰᠢᠯᠭᠠᠯᠳᠠ ᠪᠠᠨ ᠰᠠᠶᠢᠨ ᠰᠢᠯᠭᠠᠴᠢᠬᠠᠪᠠᠯ᠂ ᠠᠪᠤ ᠡᠵᠢ ᠴᠢᠨᠢ ᠰᠠᠨᠠᠭ᠎ᠠ ᠠᠮᠤᠷᠠᠨᠠ ᠰᠢᠤ︾ ᠬᠡᠵᠤ | ᠬᠡᠯᠡᠵᠤ ᠪᠤᠯᠬᠤ ᠦᠬᠡᠢ᠂ ᠡᠨᠡ ᠦᠬᠡ ᠶᠢ ᠰᠤᠨᠤᠰᠤᠭᠠᠳ ᠬᠡᠤᠭᠡᠳ ᠪᠠᠶ᠎ᠠ ᠪᠠᠨ ᠬᠡᠷ ᠤᠨ ᠠᠬᠠᠮᠠᠳ ᠤᠨ ᠢᠶᠠᠨ ᠲᠠᠷᠤᠭᠠᠰᠤ ᠪᠤᠯᠵᠤ᠂ | ᠡᠵᠢ ᠠᠪᠤ ᠨᠢ ᠢᠩᠬᠢᠵᠤ ᠵᠦᠳᠡᠷᠡᠵᠤ ᠪᠠᠶᠢᠭ᠎ᠠ ᠨᠢ ᠪᠦᠷ ᠲᠡᠬᠦᠨ ᠤ ᠤᠷᠰᠢᠬ ᠠᠴᠠ ᠪᠤᠯᠤᠬᠰᠠᠨ ᠬᠡᠵᠤ ᠪᠤᠳᠤᠨ᠎ᠠ᠃ | ᠲᠠᠪᠤᠳᠤᠭᠠᠷ ᠲᠤ᠂ ︽ᠠᠪ ᠠᠳᠠᠯᠢ ᠬᠦᠮᠤᠨ ᠪᠠᠶᠢᠭᠠᠳ ᠮᠠᠨ ᠤ ᠭᠡᠤᠬᠡᠳ ᠬᠦᠮᠤᠨ ᠤ ᠭᠡᠤᠭᠡᠳ ᠢ ᠬᠦᠷᠬᠦ ᠦᠬᠡᠢ ᠬᠡᠰᠡᠨ ᠢ | ᠪᠢ ᠢᠳᠡᠬᠡᠬᠦ ᠦᠬᠡᠢ︾ ᠬᠡᠵᠤ ᠬᠡᠯᠡᠵᠤ ᠪᠤᠯᠬᠤ ᠦᠬᠡᠢ᠃ ᠵᠢᠷᠭᠤᠳᠤᠭᠠᠷ ᠲᠤ᠂ ︽ᠰᠢᠯᠭᠠᠭᠤᠯᠤᠭᠠᠳ ᠳᠡᠶᠢᠯᠬᠦ ᠦᠬᠡᠢ | ᠴᠤ ᠠᠪᠤ ᠡᠵᠢ ᠨᠢ ᠴᠢᠮᠠᠢᠢ ᠪᠤᠷᠤᠭᠤᠰᠢᠶᠠᠬᠤ ᠦᠬᠡᠢ᠂ ᠳᠠᠷᠠᠭ᠎ᠠ ᠵᠢᠯ ᠪᠠᠰᠠ ᠳᠠᠬᠢᠨ ᠳᠠᠪᠳᠠᠵᠤ ᠪᠤᠯᠤᠨ᠎ᠠ︾ ᠭᠡᠵᠦ ᠬᠡᠯᠡᠵᠤ ᠪᠤᠯᠬᠤ | ᠦᠭᠡᠢ᠃ | |