ᠮᠤᠩᠭᠤᠯ ᠤᠶᠤᠳᠠᠳ - ᠰᠢᠯᠭᠠᠯᠲᠠ
ᠬᠠᠣᠯᠢ ᠴᠠᠭᠠᠵᠠ ᠶᠢᠨ ᠰᠢᠯᠭᠠᠯᠳᠠ ᠶᠢᠨ A᠂ B᠂ C ᠦᠨᠡᠮᠯᠡᠯ ᠤᠨ ᠠᠭᠤᠯᠭ᠎ᠠ ᠵᠢᠴᠢ ᠬᠤᠭᠤᠷᠣᠨᠳᠣᠬᠢ ᠢᠯᠭᠠᠭ᠎ᠠ ᠵᠦᠷᠢᠶ᠎ᠠ
     ᠬᠠᠣᠯᠢ ᠴᠠᠭᠠᠵᠠ ᠶᠢᠨ ᠰᠢᠯᠭᠠᠯᠳᠠ ᠶᠢᠨ A ᠦᠨᠡᠮᠯᠡᠯ ᠢ ᠣᠯᠣᠶ᠎ᠠ ᠭᠡᠪᠡᠯ ᠡᠷᠭᠡᠪᠰᠢ ᠵᠢᠩᠭᠢᠨᠢ ᠠᠩᠭᠢ ᠶᠢᠨ ︵ᠠᠯᠢᠪᠠ ᠲᠣᠰᠬᠠᠢ  ᠮᠡᠷᠭᠡᠵᠢᠯ᠂ ᠨᠠᠮ ᠤᠨ ᠰᠣᠷᠭᠠᠭᠤᠯᠢ ᠶᠢᠨ ᠵᠢᠩᠭᠢᠨᠢ ᠠᠩᠭᠢ ᠶᠢᠨ ᠰᠣᠷᠣᠯᠭ᠎ᠠ ᠶᠢᠨ ᠨᠠᠮᠳᠠᠷ ᠪᠠᠭᠳᠠᠬᠤ ᠦᠭᠡᠢ︶ ᠰᠣᠷᠣᠯᠭ᠎ᠠ ᠶᠢᠨ ᠨᠠᠮᠳᠠᠷ   ᠲᠠᠢ ᠪᠦᠭᠡᠳ ᠪᠦᠬᠦ ᠣᠯᠣᠰ ᠤᠨ ᠬᠤᠪᠢ ᠶᠢᠨ ᠱᠣᠭᠤᠮ ᠢ ᠲᠠᠪᠠᠭᠰᠠᠨ ᠪᠠᠶᠢᠬᠤ ᠬᠡᠷᠡᠭᠳᠡᠢ︔ B ᠦᠨᠡᠮᠯᠡᠯ ᠢ ᠣᠯᠣᠶ᠎ᠠ ᠭᠡᠪᠡᠯ ᠬᠠᠣᠯᠢ  ᠴᠠᠭᠠᠵᠠ ᠶᠢᠨ ᠲᠣᠰᠬᠠᠢ ᠮᠡᠷᠭᠡᠵᠢᠯ ᠤᠨ ᠠᠩᠭᠢ ᠶᠢᠨ ᠰᠣᠷᠣᠯᠭ᠎ᠠ ᠶᠢᠨ ᠨᠠᠮᠳᠠᠷ ᠲᠠᠢ ᠪᠦᠭᠡᠳ ᠪᠦᠬᠦ ᠣᠯᠣᠰ ᠤᠨ ᠬᠤᠪᠢ ᠶᠢᠨ  ᠱᠣᠭᠤᠮ ᠢ ᠲᠠᠪᠠᠭᠰᠠᠨ ᠪᠠᠶᠢᠬᠤ ᠬᠡᠷᠡᠭᠳᠡᠢ︔ C ᠦᠨᠡᠮᠯᠡᠯ ᠢ ᠣᠯᠣᠶ᠎ᠠ ᠭᠡᠪᠡᠯ ᠬᠠᠣᠯᠢ ᠴᠠᠭᠠᠵᠠ ᠶᠢᠨ ᠲᠣᠰᠬᠠᠢ ᠮᠡᠷᠭᠡᠵᠢᠯ ᠤᠨ  ᠰᠣᠷᠣᠯᠭ᠎ᠠ ᠶᠢᠨ ᠨᠠᠮᠳᠠᠷ ᠲᠠᠢ ᠪᠦᠭᠡᠳ ᠬᠠᠷᠠᠭᠠᠯᠵᠠᠬᠤ ᠭᠠᠵᠠᠷ ᠣᠷᠣᠨ ︵ᠡᠯ᠎ᠠ ᠮᠣᠵᠢ᠂ ᠦᠪᠡᠷᠳᠡᠭᠡᠨ ᠵᠠᠰᠠᠬᠤ ᠣᠷᠣᠨ᠂ ᠰᠢᠭᠤᠳ  ᠬᠠᠷᠢᠶ᠎ᠠ ᠬᠤᠳᠠ ᠶᠢᠨ ᠬᠠᠷᠢᠶ᠎ᠠ ᠦᠪᠡᠷᠳᠡᠭᠡᠨ ᠵᠠᠰᠠᠬᠤ ᠰᠢᠶᠠᠨ ︵ᠬᠤᠰᠢᠭᠤ︶᠂ ᠡᠯ᠎ᠠ ᠦᠪᠡᠷᠳᠡᠭᠡᠨ ᠵᠠᠰᠠᠬᠤ ᠣᠷᠣᠨ ᠤ ᠬᠠᠷᠢᠶ᠎ᠠ  ᠰᠢᠶᠠᠨ ︵ᠬᠤᠰᠢᠭᠤ︶︶᠂ ᠡᠯ᠎ᠠ ᠦᠪᠡᠷᠳᠡᠭᠡᠨ ᠵᠠᠰᠠᠬᠤ ᠵᠸᠦ ᠶᠢᠨ ᠬᠠᠷᠢᠶ᠎ᠠ ᠬᠤᠳᠠ᠂ ᠭᠠᠵᠠᠷ ᠣᠷᠣᠨ᠂ ᠰᠢᠶᠠᠨ᠂ ᠰᠢᠶᠠᠨ ᠤ  ᠲᠡᠰ ᠤᠨ ᠬᠤᠳᠠ᠂ ᠬᠤᠳᠠ ᠶᠢᠨ ᠬᠠᠷᠢᠶ᠎ᠠ ᠲᠣᠭᠤᠷᠢᠭ︶ ᠤ ᠰᠢᠯᠭᠠᠯᠳᠠ ᠶᠢᠨ ᠱᠣᠭᠤᠮ ᠢ ᠦᠩᠭᠡᠷᠡᠭᠰᠡᠨ ᠪᠠᠶᠢᠬᠤ ᠬᠡᠷᠡᠭᠳᠡᠢ᠃           A ᠦᠨᠡᠮᠯᠡᠯ ᠢ ᠪᠦᠬᠦ ᠣᠯᠣᠰ ᠤᠨ ᠬᠡᠪᠴᠢᠶᠡᠨ ᠳᠤ ᠬᠡᠷᠡᠭᠯᠡᠵᠦ ᠪᠣᠯᠣᠨ᠎ᠠ᠂ B᠂ C ᠦᠨᠡᠮᠯᠡᠯ ᠢ ᠲᠣᠬᠠᠢ ᠭᠠᠵᠠᠷ ᠲᠠᠭᠠᠨ  ᠬᠡᠷᠡᠭᠯᠡᠵᠦ ᠪᠣᠯᠣᠨ᠎ᠠ᠃ ᠬᠡᠷᠪᠡ ᠲᠠ B ᠦᠨᠡᠮᠯᠡᠯ ᠡᠰᠡᠭᠦᠯ᠎ᠠ C ᠦᠨᠡᠮᠯᠡᠯ ᠳᠡᠭᠡᠨ ᠬᠠᠨᠣᠮᠰᠢᠬᠤ ᠦᠭᠡᠢ ᠪᠣᠯ ᠦᠪᠡᠷᠳᠡᠭᠡᠨ ᠰᠣᠷᠴᠣ  ᠰᠢᠯᠭᠠᠭᠤᠯᠬᠤ ︵ᠰᠣᠷᠭᠠᠭᠤᠯᠢ ᠶᠢᠨ ᠭᠠᠳᠠᠨᠠᠬᠢ︶ ᠡᠰᠡᠭᠦᠯ᠎ᠠ ᠨᠠᠰᠣᠨ ᠳᠤ ᠬᠦᠷᠦᠭᠰᠡᠳ ᠤᠨ ᠰᠢᠯᠭᠠᠯᠳᠠ ᠪᠠᠷ ᠲᠠᠮᠵᠢᠵᠣ ᠵᠢᠩᠭᠢᠨᠢ  ᠠᠩᠭᠢ ᠶᠢᠨ ᠰᠣᠷᠣᠯᠭ᠎ᠠ ᠶᠢᠨ ᠨᠠᠮᠳᠠᠷ ᠣᠯᠵᠣ᠂ ᠲᠠᠬᠢᠵᠣ ᠬᠠᠣᠯᠢ ᠴᠠᠭᠠᠵᠠ ᠶᠢᠨ ᠰᠢᠯᠭᠠᠯᠳᠠ ᠳᠤ ᠣᠷᠣᠯᠴᠠᠵᠣ᠂ ᠪᠦᠬᠦ ᠣᠯᠣᠰ ᠤᠨ  ᠱᠣᠭᠤᠮ ᠢ ᠦᠩᠭᠡᠷᠡᠵᠦ ᠪᠣᠯᠣᠨ᠎ᠠ᠃ ᠲᠠᠷᠣᠢ A ᠦᠨᠡᠮᠯᠡᠯ ᠢ ᠣᠯᠣᠶ᠎ᠠ ᠭᠡᠪᠡᠯ ᠡᠷᠭᠡᠪᠰᠢ ᠵᠢᠩᠭᠢᠨᠢ ᠠᠩᠭᠢ ᠶᠢᠨ ︵ᠠᠯᠢᠪᠠ ᠲᠣᠰᠬᠠᠢ  ᠮᠡᠷᠭᠡᠵᠢᠯ᠂ ᠨᠠᠮ ᠤᠨ ᠰᠣᠷᠭᠠᠭᠤᠯᠢ ᠶᠢᠨ ᠵᠢᠩᠭᠢᠨᠢ ᠠᠩᠭᠢ ᠶᠢᠨ ᠰᠣᠷᠣᠯᠭ᠎ᠠ ᠶᠢᠨ ᠨᠠᠮᠳᠠᠷ ᠪᠠᠭᠳᠠᠬᠤ ᠦᠭᠡᠢ︶ ᠰᠣᠷᠣᠯᠭ᠎ᠠ ᠶᠢᠨ ᠨᠠᠮᠳᠠᠷ   ᠲᠠᠢ ᠪᠦᠭᠡᠳ ᠪᠦᠬᠦ ᠣᠯᠣᠰ ᠤᠨ ᠬᠤᠪᠢ ᠶᠢᠨ ᠱᠣᠭᠤᠮ ᠢ ᠲᠠᠪᠠᠭᠰᠠᠨ ᠪᠠᠶᠢᠬᠤ ᠬᠡᠷᠡᠭᠳᠡᠢ᠃  ᠁
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6659832 ᠢᠮᠧᠯ᠄tn@mgyxw.net   蒙ICP备10000005号