ᠮᠤᠩᠭᠤᠯ ᠤᠶᠤᠳᠠᠳ - ᠰᠢᠯᠭᠠᠯᠲᠠ
ᠤᠯᠤᠰ  ᠤᠨ ᠠᠯᠪᠠᠳᠠᠨ ᠬᠤᠶᠠᠷ ᠵᠢᠯ ᠳᠤᠰᠢᠶᠠᠯ  ᠳᠠᠭᠠᠨ ᠨᠡᠶᠢᠴᠡᠬᠦ ᠦᠭᠡᠢ ᠪᠤᠯ ᠤᠭᠴᠠᠷᠠᠭᠤᠯᠤᠨ᠎ᠠ
      ᠲᠦᠷᠦ  ᠶᠢᠨ ᠤᠯᠤᠰ  ᠤᠨ  ᠠᠯᠪᠠᠳᠠᠨ  ᠤ ᠳᠤᠪᠴᠢᠶᠠᠨ  ᠤ  ︽ᠤᠯᠤᠰ  ᠤᠨ ᠠᠯᠪᠠᠳᠠᠨ  ᠢ ᠱᠠᠩᠨᠠᠨ ᠬᠦᠬᠢᠬᠦᠯᠬᠦ ᠠᠷᠭ᠎ᠠ︾  ︽ᠤᠯᠤᠰ  ᠤᠨ ᠠᠯᠪᠠᠳᠠᠨ  ᠢ  ᠬᠦᠮᠦᠵᠢᠬᠦᠯᠦᠨ ᠪᠤᠯᠪᠠᠰᠤᠷᠠᠭᠤᠯᠬᠤ ᠠᠷᠭ᠎ᠠ︾ ︽ᠤᠯᠤᠰ  ᠤᠨ ᠠᠯᠪᠠᠳᠠᠨ  ᠢ ᠰᠢᠯᠭᠠᠨ ᠬᠡᠷᠡᠭᠯᠡᠬᠦ  ᠠᠷᠭ᠎ᠠ︾   ᠳᠤ  ᠳᠤᠭᠳᠠᠭᠠᠭᠰᠠᠨ  ᠢᠶᠠᠷ᠂ ᠤᠯᠤᠰ  ᠤᠨ ᠠᠯᠪᠠᠳᠠᠨ  ᠤ  ᠵᠢᠯ  ᠤᠨ  ᠡᠴᠦᠰ  ᠤᠨ  ᠰᠢᠯᠭᠠᠨ ᠳᠤᠭᠳᠠᠭᠠᠯᠳᠠ  ᠳᠤ   ᠬᠤᠶᠠᠷ ᠵᠢᠯ ᠳᠠᠷᠠᠭᠠᠯᠠᠨ ︽ ᠠᠵᠢᠯ  ᠳᠠᠭᠠᠨ ᠬᠢᠷᠢ ᠳᠡᠩᠴᠡᠭᠰᠡᠨ︾ ᠭᠡᠬᠦ ᠦᠨᠡᠯᠡᠯᠳᠡ ᠤᠯᠪᠠᠯ ᠨᠢᠭᠡ ᠳᠡᠰ ᠴᠠᠯᠢᠩ ᠦᠰᠭᠡᠨ᠎ᠡ︔   ᠳᠠᠪᠤᠨ ᠵᠢᠯ ᠳᠠᠷᠠᠭᠠᠯᠠᠨ ︽ ᠠᠵᠢᠯ  ᠳᠠᠭᠠᠨ  ᠬᠢᠷᠢ ᠳᠡᠩᠴᠡᠭᠰᠡᠨ︾ ᠭᠡᠬᠦ ᠦᠨᠡᠯᠡᠯᠳᠡ ᠤᠯᠪᠠᠯ  ᠳᠤᠰ ᠠᠵᠢᠯ  ᠤᠨ  ᠬᠦᠷᠢᠶ᠎ᠡ   ᠬᠡᠪᠴᠢᠶᠠᠨ ᠳᠡᠭᠡᠨ  ᠨᠢᠭᠡ ᠳᠡᠰ ᠠᠯᠪᠠᠨ ᠳᠤᠰᠢᠶᠠᠯ ᠦᠰᠭᠡᠵᠦ᠂  ᠵᠢᠯ  ᠤᠨ  ᠡᠴᠦᠰ  ᠤᠨ  ᠰᠢᠯᠭᠠᠨ ᠪᠠᠶᠢᠴᠠᠭᠠᠯᠳᠠ  ᠶᠢᠨ ᠱᠠᠩᠨᠠᠯ   ᠤᠨ  ᠮᠦᠩᠬᠦ  ᠬᠦᠷᠳᠡᠭᠡᠨ᠎ᠡ ᠭᠡᠵᠦ ᠳᠤᠭᠳᠠᠭᠠᠭᠰᠠᠨ ᠪᠠᠶᠢᠨ᠎ᠠ᠃        ᠬᠦᠮᠦᠰ  ᠤᠨ  ᠠᠩᠬᠠᠷᠤᠯ  ᠢ  ᠳᠠᠳᠠᠭᠰᠠᠨ ᠪᠠᠰᠠ ᠨᠢᠭᠡ ᠳᠤᠭᠳᠠᠭᠠᠯ ᠭᠡᠪᠡᠯ᠂  ᠬᠤᠶᠠᠷ ᠵᠢᠯ ᠳᠠᠷᠠᠭᠠᠯᠠᠨ ︽ ᠠᠵᠢᠯ  ᠳᠠᠭᠠᠨ   ᠬᠢᠷᠢ ᠳᠡᠩᠴᠡᠭᠰᠡᠨ ᠦᠭᠡᠢ︾ ᠭᠡᠬᠦ ᠦᠨᠡᠯᠡᠯᠳᠡ ᠤᠯᠪᠠᠯ  ᠳᠤᠰᠢᠶᠠᠯ ᠠᠴᠠ ᠨᠢ ᠤᠭᠴᠠᠷᠠᠭᠤᠯᠤᠨ᠎ᠠ ᠭᠡᠰᠡᠨ ᠪᠠᠶᠢᠨ᠎ᠠ᠃  ᠡᠨᠡ ᠨᠢ  ᠬᠡᠳᠦᠶᠢᠪᠡᠷ ᠬᠦᠮᠦᠰ  ᠲᠤ ︽ ᠠᠯᠳᠠᠨ  ᠠᠶᠠᠭ᠎ᠠ︾  ᠭᠡᠮᠡᠭᠳᠡᠭᠰᠡᠨ  ᠤᠯᠤᠰ  ᠤᠨ  ᠠᠯᠪᠠᠳᠠᠨ  ᠤ  ᠠᠵᠢᠯ   ᠳᠤ  ᠵᠤᠬᠢᠬᠤ   ᠰᠢᠯᠢᠭᠳᠡᠨ ᠭᠠᠷᠬᠤ ᠲᠦᠷᠢᠮᠵᠢᠯ ᠳᠤᠭᠳᠠᠭᠠᠵᠤ ᠦᠭᠭᠦᠭᠰᠡᠨ ᠪᠤᠯᠪᠠᠴᠦ ᠵᠠᠷᠢᠮ ᠬᠦᠮᠦᠰ  ᠤᠨ  ᠦᠵᠡᠬᠦ ᠪᠠᠷ  ᠡᠨᠡᠬᠦ ᠳᠦᠷᠢᠮᠵᠢᠯ  ᠢ  ᠴᠢᠨᠠᠭᠰᠢᠳᠡ ᠨᠠᠷᠢᠨ ᠨᠢᠮᠪᠡᠢ  ᠳᠤᠭᠳᠠᠭᠠᠵᠤ᠂  ᠭᠡᠯᠪᠡᠷᠢ  ᠶᠢᠨ  ᠦᠵᠡᠯ ᠪᠤᠯᠬᠤ ᠠᠴᠠ ᠵᠠᠶᠢᠯᠠᠰᠬᠢᠬᠦ ᠭᠡᠷᠡᠭᠳᠡᠢ ᠭᠡᠵᠡᠢ᠃
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6659832 ᠢᠮᠧᠯ᠄tn@mgyxw.net   蒙ICP备10000005号