ᠮᠤᠩᠭᠤᠯ ᠤᠶᠤᠳᠠᠳ - ᠰᠢᠯᠭᠠᠯᠲᠠ
ᠶᠡᠭᠡ ᠰᠤᠷᠭᠠᠭᠤᠯᠢ ᠳᠤ ᠰᠢᠯᠭᠠᠭᠤᠯᠬᠤ ᠠᠴᠠ ᠡᠮᠦᠨ᠎ᠡ ᠶᠠᠮᠠᠷ ᠦᠭᠡ ᠶᠢ ᠭᠡᠦᠭᠡᠳ ᠲᠡᠭᠡᠨ ᠬᠡᠯᠡᠬᠦ ᠦᠭᠡᠢ ᠪᠠᠶᠢᠪᠠᠯ ᠵᠤᠬᠢᠬᠤ ᠪᠤᠢ ︖
     ᠨᠢᠭᠡᠳᠤᠭᠡᠷ ᠲᠤ᠂ ︽ᠴᠢᠷᠮᠠᠶᠢ︕ ᠠᠪᠤ ᠡᠵᠢ ᠴᠢᠨᠢ ᠴᠢᠨᠤ ᠠᠮᠵᠢᠯᠲᠠ ᠲᠠᠢ ᠪᠤᠴᠠᠵᠤ ᠢᠷᠡᠬᠦ ᠶᠢ ᠬᠦᠯᠢᠶᠡᠵᠤ ᠪᠠᠶᠢᠶ᠎ᠠ︾  ᠭᠡᠵᠤ ᠭᠡᠯᠡᠬᠦ ᠶᠢ ᠴᠡᠭᠡᠷᠯᠡᠬᠦ ᠭᠡᠷᠡᠭᠳᠠᠢ᠃ ᠭᠡᠷᠪᠡ ᠭᠡᠷ ᠤᠨ ᠠᠬᠠᠮᠠᠳ ᠪᠤᠳᠠᠳᠤ ᠪᠠᠶᠢᠳᠠᠯ ᠢ ᠪᠤᠳᠤᠯᠬᠢᠯᠠᠬᠤ ᠦᠭᠡᠢ ᠪᠠᠷ ᠰᠠᠨᠠᠭᠠᠨ ᠲᠠᠪᠠ   ᠪᠠᠷ ᠢᠶᠠᠨ ᠵᠠᠬᠢᠭᠠᠳ ᠪᠠᠶᠢᠪᠠᠯ ᠭᠡᠤᠭᠡᠳ ᠢ ᠤᠯᠠᠮ ᠵᠤᠷᠢᠬ ᠦᠭᠡᠢ ᠪᠤᠯᠭᠠᠳᠠᠬ ᠶᠤᠮ᠃                ᠬᠤᠶᠠᠳᠤᠭᠠᠷ ᠲᠤ᠂ ︽ᠭᠡᠷᠪᠡ ᠰᠠᠶᠢᠨ ᠰᠤᠷᠭᠠᠭᠤᠯᠢ ᠳᠤ ᠰᠢᠯᠭᠠᠨ ᠤᠷᠤᠵᠤ ᠲᠠᠶᠢᠯᠬᠦ ᠦᠭᠡᠢ ᠪᠤᠯ ᠴᠢᠨᠤ ᠡᠨᠡ ᠨᠠᠰᠤ  ᠲᠠᠭᠤᠰᠬᠤ ᠪᠤᠯᠤᠨ᠎ᠠ︾ ᠭᠡᠵᠤ ᠭᠡᠯᠡᠬᠦ ᠶᠢ ᠴᠡᠭᠡᠷᠯᠡᠬᠦ ᠭᠡᠷᠡᠭᠳᠠᠢ᠃              ᠭᠤᠷᠪᠠᠳᠤᠭᠠᠷ ᠲᠤ᠂ ︽ᠮᠢᠨᠤ ᠭᠡᠤᠭᠡᠳ ᠤᠨ ᠤᠳᠠᠭ᠎ᠠ ᠪᠦᠷᠢ ᠶᠢᠨ ᠲᠠᠭᠤᠷᠢᠶᠠᠮᠠᠯ ᠰᠢᠯᠭᠠᠯᠳᠠ ᠲᠤᠩ ᠰᠠᠶᠢᠨ︾᠂ ᠪᠠᠭᠰᠢ ᠨᠢ  ᠮᠠᠨ ᠪ᠊ ᠭᠡᠤᠭᠡᠳ ᠢ ᠴᠢᠩᠬᠤᠸᠠ ᠶᠡᠭᠡ ᠰᠤᠷᠭᠠᠭᠤᠯᠢ᠂ ᠪᠡᠬᠡᠵᠢᠩ ᠶᠡᠭᠡ ᠰᠤᠷᠭᠠᠭᠤᠯᠢ ᠳᠤ ᠠᠵᠢᠬ ᠦᠬᠡᠢ ᠤᠷᠤᠴᠢᠬᠠᠨ᠎ᠠ ᠬᠡᠵᠤ ᠬᠡᠯᠡᠵᠤ  ᠪᠠᠶᠢᠨ᠎ᠠ︾ ᠬᠡᠵᠤ ᠬᠡᠯᠡᠵᠤ ᠪᠤᠯᠬᠤ ᠦᠬᠡᠢ᠃            ᠲᠦᠷᠪᠡᠳᠤᠬᠡᠷ ᠲᠤ᠂ ︽ᠰᠢᠯᠭᠠᠯᠳᠠ ᠪᠠᠨ ᠰᠠᠶᠢᠨ ᠰᠢᠯᠭᠠᠴᠢᠬᠠᠪᠠᠯ᠂ ᠠᠪᠤ ᠡᠵᠢ ᠴᠢᠨᠢ ᠰᠠᠨᠠᠭ᠎ᠠ ᠠᠮᠤᠷᠠᠨ᠎ᠠ ᠰᠢᠤ︾ ᠬᠡᠵᠤ  ᠬᠡᠯᠡᠵᠤ ᠪᠤᠯᠬᠤ ᠦᠬᠡᠢ᠂ ᠡᠨᠡ ᠦᠬᠡ ᠶᠢ ᠰᠤᠨᠤᠰᠤᠭᠠᠳ ᠬᠡᠤᠭᠡᠳ ᠪᠠᠶ᠎ᠠ ᠪᠠᠨ ᠬᠡᠷ ᠤᠨ ᠠᠬᠠᠮᠠᠳ ᠤᠨ ᠢᠶᠠᠨ ᠲᠠᠷᠤᠭᠠᠰᠤ ᠪᠤᠯᠵᠤ᠂  ᠡᠵᠢ ᠠᠪᠤ ᠨᠢ ᠢᠩᠬᠢᠵᠤ ᠵᠦᠳᠡᠷᠡᠵᠤ ᠪᠠᠶᠢᠭ᠎ᠠ ᠨᠢ ᠪᠦᠷ ᠲᠡᠬᠦᠨ  ᠤ ᠤᠷᠰᠢᠬ ᠠᠴᠠ ᠪᠤᠯᠤᠬᠰᠠᠨ ᠬᠡᠵᠤ ᠪᠤᠳᠤᠨ᠎ᠠ᠃                ᠲᠠᠪᠤᠳᠤᠭᠠᠷ ᠲᠤ᠂ ︽ᠠᠪ ᠠᠳᠠᠯᠢ ᠬᠦᠮᠤᠨ ᠪᠠᠶᠢᠭᠠᠳ ᠮᠠᠨ ᠤ ᠭᠡᠤᠬᠡᠳ ᠬᠦᠮᠤᠨ ᠤ ᠭᠡᠤᠭᠡᠳ ᠢ ᠬᠦᠷᠬᠦ ᠦᠬᠡᠢ ᠬᠡᠰᠡᠨ ᠢ  ᠪᠢ ᠢᠳᠡᠬᠡᠬᠦ ᠦᠬᠡᠢ︾ ᠬᠡᠵᠤ ᠬᠡᠯᠡᠵᠤ ᠪᠤᠯᠬᠤ ᠦᠬᠡᠢ᠃           ᠵᠢᠷᠭᠤᠳᠤᠭᠠᠷ ᠲᠤ᠂ ︽ᠰᠢᠯᠭᠠᠭᠤᠯᠤᠭᠠᠳ ᠳᠡᠶᠢᠯᠬᠦ ᠦᠬᠡᠢ ᠴᠤ ᠠᠪᠤ ᠡᠵᠢ ᠨᠢ ᠴᠢᠮᠠᠢᠢ ᠪᠤᠷᠤᠭᠤᠰᠢᠶᠠᠬᠤ ᠦᠬᠡᠢ᠂ ᠳᠠᠷᠠᠭ᠎ᠠ  ᠵᠢᠯ ᠪᠠᠰᠠ ᠳᠠᠬᠢᠨ ᠳᠠᠪᠳᠠᠵᠤ ᠪᠤᠯᠤᠨ᠎ᠠ︾ ᠭᠡᠵᠦ ᠬᠡᠯᠡᠵᠤ ᠪᠤᠯᠬᠤ ᠦᠭᠡᠢ᠃          
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6659832 ᠢᠮᠧᠯ᠄tn@mgyxw.net   蒙ICP备10000005号