9 ᠰᠠᠷ᠎ᠠ ᠶᠢᠨ 9 ᠤ ᠡᠳᠦᠷ ᠦᠪᠡᠷᠳᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠰᠣᠷᠣᠭᠴᠢ ᠡᠯᠰᠡᠬᠦ ᠰᠢᠯᠭᠠᠯᠳᠠ ᠶᠢᠨ | ᠲᠦᠪ ᠠᠴᠠ ᠣᠢᠢᠯᠠᠭᠠᠭᠰᠠᠨ ᠢᠶᠠᠷ᠂ ᠣᠢᠢᠷ᠎ᠠ ᠳᠤ ᠮᠠᠨ ᠤ ᠣᠷᠣᠨ 2008 ᠣᠨ ᠤ ᠡᠩ ᠤᠨ ᠶᠡᠭᠡ ᠲᠡᠭᠡᠳᠦ ᠰᠣᠷᠭᠠᠭᠤᠯᠢ ᠳᠤ | ᠰᠣᠷᠣᠭᠴᠢ ᠡᠯᠰᠡᠬᠦ ᠲᠣᠰᠬᠠᠢ ᠮᠡᠷᠭᠡᠵᠢᠯ ᠤᠨ ᠠᠩᠭᠢ ᠳᠤ ᠨᠦᠬᠦᠵᠦ ᠰᠣᠷᠣᠭᠴᠢ ᠡᠯᠰᠡᠬᠦ ᠠᠵᠢᠯ ᠤᠨ ᠲᠦᠷᠦ ᠶᠢᠨ ᠪᠣᠳᠣᠯᠭ᠎ᠠ ᠶᠢ | ᠨᠡᠶᠢᠳᠡᠯᠡᠪᠡ᠃ | ᠣᠢᠢᠯᠠᠭᠠᠭᠰᠠᠨ ᠢᠶᠠᠷ᠂ ᠮᠠᠨ ᠤ ᠣᠷᠣᠨ 9 ᠰᠠᠷ᠎ᠠ ᠶᠢᠨ 25 - 28 ᠪᠣᠯᠳᠠᠯ᠎ᠠ ᠲᠣᠰᠬᠠᠢ ᠮᠡᠷᠭᠡᠵᠢᠯ ᠤᠨ ᠠᠩᠭᠢ ᠳᠤ | ᠨᠦᠬᠦᠵᠦ ᠰᠣᠷᠣᠭᠴᠢ ᠡᠯᠰᠡᠬᠦ ᠪᠣᠯᠣᠨ᠎ᠠ᠂ 2008 ᠣᠨ ᠤ ᠡᠩ ᠤᠨ ᠶᠡᠭᠡ ᠲᠡᠭᠡᠳᠦ ᠰᠣᠷᠭᠠᠭᠤᠯᠢ ᠳᠤ ᠰᠣᠷᠣᠭᠴᠢ ᠡᠯᠰᠡᠬᠦ | ᠨᠢᠭᠡᠳᠦᠯᠳᠡᠢ ᠰᠢᠯᠭᠠᠯᠳᠠ ᠳᠤ ᠣᠷᠣᠯᠴᠠᠭᠠᠳ ᠰᠣᠶᠣᠯ ᠤᠨ ᠬᠢᠴᠢᠶᠡᠯ ᠤᠨ ᠬᠢᠷᠢ ᠪᠦᠳᠦᠮᠵᠢ ᠨᠢ ᠲᠣᠭᠳᠠᠭᠠᠭᠰᠠᠨ ᠬᠤᠪᠢ ᠶᠢᠨ | ᠱᠣᠭᠤᠮ ᠠᠴᠠ ᠲᠡᠭᠡᠭᠰᠢ ᠪᠣᠯᠪᠠᠴᠣ ᠡᠯᠰᠡᠭᠳᠡᠭᠰᠡᠨ ᠦᠭᠡᠢ᠂ ᠭᠡᠬᠦ ᠳᠡᠭᠡᠨ ᠴᠢᠯᠦᠭᠡᠳᠡᠢ ᠪᠠᠷ ᠡᠷᠡᠮᠡᠯᠵᠡᠯ ᠲᠠᠭᠯᠠᠵᠣ ᠪᠣᠯᠬᠤ | ᠰᠢᠯᠭᠠᠭᠤᠯᠣᠭᠰᠠᠳ ᠨᠦᠬᠦᠵᠦ ᠡᠯᠰᠡᠬᠦ ᠳᠤ ᠣᠷᠣᠯᠴᠠᠬᠤ ᠬᠢᠷᠢ ᠭᠡᠮ ᠲᠠᠢ᠃ ᠨᠢᠭᠡᠨᠳᠡ ᠡᠯᠰᠡᠭᠳᠡᠭᠰᠡᠳ ᠶᠡᠭᠡ ᠲᠡᠭᠡᠳᠦ | ᠰᠣᠷᠭᠠᠭᠤᠯᠢ ᠶᠢᠨ ᠲᠣᠭᠳᠠᠭᠠᠯ ᠤᠨ ᠲᠡᠰ ᠲᠠᠷᠠᠭᠠᠯᠠᠯ ᠶᠣᠰᠣᠭᠠᠷ ᠲᠠᠩᠰᠠ ᠡᠪᠬᠡᠮᠡᠯ ᠢ ᠪᠣᠴᠠᠭᠠᠭᠰᠠᠨ ᠡᠰᠡᠬᠦ ᠶᠢ ᠬᠠᠮᠢᠶᠠᠷᠬᠤ ᠦᠭᠡᠢ ᠪᠦᠷ | ᠨᠦᠬᠦᠵᠦ ᠡᠯᠰᠡᠬᠦ ᠬᠢᠷᠢ ᠭᠡᠮ ᠦᠭᠡᠢ᠃ | ᠲᠣᠰᠬᠠᠢ ᠮᠡᠷᠭᠡᠵᠢᠯ ᠤᠨ ᠠᠩᠭᠢ ᠳᠤ ᠨᠦᠬᠦᠵᠦ ᠰᠣᠷᠣᠭᠴᠢ ᠡᠯᠰᠡᠬᠦ ᠬᠢᠵᠠᠭᠠᠷᠯᠠᠬᠤ ᠬᠤᠪᠢ᠄ ᠡᠩ ᠤᠨ ᠨᠡᠶᠢᠭᠡᠮ ᠤᠨ | ᠰᠢᠨᠵᠢᠯᠡᠭᠡᠨ 230 ᠬᠤᠪᠢ ︵ᠪᠠᠭᠳᠠᠭᠠᠨ᠎ᠠ︶ ᠠᠴᠠ ᠲᠡᠭᠡᠭᠰᠢ᠂ ᠡᠩ ᠤᠨ ᠪᠠᠶᠢᠭᠠᠯᠢ ᠶᠢᠨ ᠰᠢᠨᠵᠢᠯᠡᠭᠡᠨ 220 ᠬᠤᠪᠢ ︵ | ᠪᠠᠭᠳᠠᠭᠠᠨ᠎ᠠ︶ ᠠᠴᠠ ᠲᠡᠭᠡᠭᠰᠢ᠂ ᠪᠣᠰᠣᠳ ᠬᠢᠴᠢᠶᠡᠯ ᠲᠦᠷᠦᠯ ᠨᠢ ᠲᠡᠭᠡᠳᠦ ᠵᠡᠷᠭᠡ ᠶᠢᠨ ᠠᠵᠢᠯ ᠮᠡᠷᠭᠡᠵᠢᠯ ᠤᠨ ᠲᠣᠰᠬᠠᠢ ᠮᠡᠷᠭᠡᠵᠢᠯ ᠳᠤ | ᠡᠯᠰᠡᠬᠦ ᠬᠠᠮᠤᠭ ᠤᠨ ᠲᠣᠣᠷ᠎ᠠ ᠬᠢᠵᠠᠭᠠᠷᠯᠠᠬᠤ ᠬᠤᠪᠢ ᠠᠴᠠ ᠲᠣᠷᠣᠭᠰᠢ 60 ᠬᠤᠪᠢ ︵ᠪᠠᠭᠳᠠᠭᠠᠨ᠎ᠠ︶ ᠠᠴᠠ ᠲᠡᠭᠡᠭᠰᠢ᠂ ᠡᠭᠦᠨ ᠤ | ᠲᠣᠳᠣᠷ᠎ᠠ ᠬᠢᠳᠠᠳ ᠢᠶᠠᠷ ᠬᠢᠴᠢᠶᠡᠯᠯᠡᠬᠦ ᠣᠷᠠᠯᠢᠭ᠂ ᠮᠣᠩᠭᠤᠯ ᠢᠶᠠᠷ ᠬᠢᠴᠢᠶᠡᠯᠯᠡᠬᠦ ᠣᠷᠠᠯᠢᠭ ᠤᠨ ᠲᠣᠰᠬᠠᠢ ᠮᠡᠷᠭᠡᠵᠢᠯ ᠤᠨ ᠬᠢᠴᠢᠶᠡᠯ | ᠡᠷᠭᠡᠪᠰᠢ ᠬᠢᠷᠢ ᠲᠡᠩᠴᠡᠭᠰᠡᠨ ᠪᠠᠶᠢᠬᠤ ᠬᠡᠷᠡᠭᠳᠡᠢ᠂ ᠬᠢᠳᠠᠳ ᠢᠶᠠᠷ ᠬᠢᠴᠢᠶᠡᠯᠯᠡᠬᠦ ᠲᠠᠮᠢᠷ᠂ ᠮᠣᠩᠭᠤᠯ ᠢᠶᠠᠷ ᠬᠢᠴᠢᠶᠡᠯᠯᠡᠬᠦ ᠲᠠᠮᠢᠷ ᠤᠨ | ᠲᠣᠰᠬᠠᠢ ᠮᠡᠷᠭᠡᠵᠢᠯ ᠤᠨ ᠬᠢᠴᠢᠶᠡᠯ ᠤᠨ ᠬᠢᠷᠢ ᠪᠦᠳᠦᠮᠵᠢ 50 ︵ᠪᠠᠭᠳᠠᠭᠠᠨ᠎ᠠ︶ ᠬᠤᠪᠢ ᠠᠴᠠ ᠲᠡᠭᠡᠭᠰᠢ ᠪᠠᠶᠢᠬᠤ ᠬᠡᠷᠡᠭᠳᠡᠢ᠃ |