|
|
|
|
|
1 ᠰᠠᠷ᠎ᠠ᠎ᠶ᠋ᠢᠨ 26 ᠤ ᠡᠳᠦᠷ
|
|
|
|
|
ᠡᠬᠢᠯᠡᠬᠦ᠌ ᠴᠠᠭ᠄
2018-01-26 15:13:23
|
ᠨᠠᠶ᠋ᠢᠷᠠᠭᠤᠯᠤᠭᠴᠢ ᠄
ᠲᠣᠲᠥᠷᠬᠠᠢ ᠦᠭᠡᠢ
|
ᠨᠡᠪᠲᠡᠷᠡᠬᠦᠯᠦᠭᠴᠢ ᠄
ᠲᠣᠲᠥᠷᠬᠠᠢ ᠦᠭᠡᠢ
|
|
|
ᠡᠷᠬᠢᠮ ᠬᠦᠨᠳᠦᠳᠦ ᠰᠦᠯᠵᠢᠶᠡᠨ ᠠᠨᠳᠠ ᠨᠠᠷ ᠮᠢᠨᠢ ᠰᠠᠢᠨ ᠪᠠᠢᠨᠠᠦ? ᠦᠨᠦᠳᠦᠷ ᠪᠤᠯ 1 ᠰᠠᠷ᠎ᠠ᠎ᠶ᠋ᠢᠨ 26 ᠤ ᠡᠳᠦᠷ᠂ ᠪᠢᠯᠢᠭ᠎ᠤᠨ ᠤᠯᠠᠷᠢᠯ᠎ᠤᠨ ᠤᠯᠠᠭᠠᠭ᠍ᠴᠢᠨ ᠲᠠᠬᠢᠶ᠎ᠠ ᠵᠢᠯ᠎ᠤᠨ 12 ᠰᠠᠷ᠎ᠠ᠎ᠶ᠋ᠢᠨ 10᠂ ᠭᠠᠷᠠᠭ᠎ᠤᠨ ᠲᠠᠪᠤᠨ᠃ ᠥᠪᠥᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ 《ᠦᠪᠡᠷᠲᠡᠭᠡᠨ ᠵᠠᠰᠠᠬᠤ ᠤᠷᠤᠨ᠎ᠤ ᠬᠤᠶᠠᠷ ᠬᠤᠷᠠᠯ》 ᠳᠤ ᠵᠤᠷᠢᠭᠤᠯᠤᠭ᠍ᠰᠠᠨ ᠤᠨᠴᠠ ᠨᠡᠪᠲᠡᠷᠡᠭᠦᠯᠭᠡ᠎ᠳᠤ᠎ᠪᠠᠨ ᠠᠩᠬᠠᠷᠤᠯ᠎ᠢᠶᠠᠨ ᠬᠠᠨᠳᠤᠭᠤᠯᠤᠨ᠎ᠠ ᠤᠤ! ᠶᠠᠭᠤᠨ᠎ᠤ ᠡᠮᠥᠨ᠎ᠡ ᠴᠠᠭ ᠲᠦᠷᠦ᠎ᠶ᠋ᠢᠨ ᠮᠡᠳᠡᠭᠡ᠎ᠳᠤ ᠠᠩᠬᠠᠷᠤᠯ᠎ᠢᠶᠠᠨ ᠬᠠᠨᠳᠤᠭᠤᠯᠤᠶ᠎ᠠ ᠯᠢ ᠺᠧ ᠴᠢᠶᠠᠩ ᠡᠯ᠎ᠡ ᠠᠷᠠᠳᠴᠢᠯᠠᠬ᠍ᠰᠠᠨ ᠨᠠᠮ ᠪᠦᠯᠦᠭ᠎ᠤᠨ ᠳᠦᠪ ᠬᠤᠷᠢᠶ᠎ᠠ ᠪᠦᠬᠦ᠌ ᠤᠯᠤᠰ᠎ᠤᠨ ᠦᠢᠯᠡᠳᠪᠦᠷᠢ ᠬᠤᠳᠠᠯᠳᠤᠭᠠᠨ᠎ᠤ ᠬᠤᠯᠪᠤᠭ᠎ᠠ᠎ᠶ᠋ᠢᠨ ᠬᠠᠷᠢᠭᠤᠴᠠᠯᠭᠠᠳᠠᠨ ᠪᠤᠯᠤᠨ ᠨᠠᠮ ᠪᠦᠯᠦᠭ᠎ᠤᠨ ᠪᠤᠰᠤ ᠬᠦᠮᠦᠰ᠎ᠤᠨ ᠳᠦᠯᠦᠬᠡᠯᠡᠭ᠌ᠴᠢ᠎ᠶ᠋ᠢᠨ ᠶᠠᠷᠢᠯᠴᠠᠬᠤ ᠬᠤᠷᠠᠯ᠎ᠢ ᠡᠷᠬᠢᠯᠡᠨ ᠬᠤᠷᠠᠯᠳᠤᠭᠤᠯᠵᠥ᠍ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠤᠨ ᠳᠤᠬᠠᠢ ᠰᠠᠨᠠᠯ ᠰᠠᠨᠠᠭᠤᠯᠭ᠎ᠠ᠎ᠶ᠋ᠢ ᠰᠤᠨᠤᠰᠪᠠ᠃ ᠲᠦᠪ᠎ᠤᠨ ᠡᠳ᠋ᠶ᠋ᠢᠨ ᠵᠠᠰᠠᠭ᠎ᠤᠨ ᠶᠠᠮᠤᠨ ᠤᠢ᠍ᠢᠷ᠎ᠠ᠎ᠳᠤ ᠱᠢᠨ᠎ᠡ᠎ᠪᠠᠷ ᠲᠤᠰᠭᠠᠢ ᠲᠦᠷᠤᠯ᠎ᠤᠨ ᠪᠡᠯᠡ ᠮᠦᠩᠭᠦ᠌ 10.4 ᠳ᠋ᠦᠩᠱᠢᠭᠤᠷ ᠲᠦᠭᠦᠷᠢᠭ ᠪᠠᠭᠤᠯᠭᠠᠵᠤ᠂ ᠬᠤᠪᠢᠰᠤᠯᠳᠠ᠎ᠶ᠋ᠢᠨ ᠴᠢᠨᠠᠷᠳᠠᠢ ᠮᠡᠷᠬᠡᠵᠢᠯ᠎ᠤᠨ ᠵᠠᠩᠬᠢᠯᠠᠭ᠎ᠠ᠎ᠶ᠋ᠢᠨ ᠱᠢᠨᠵᠢᠯᠡᠬᠦ᠌ ᠤᠬᠠᠭᠠᠨ᠎ᠤ ᠠᠰᠠᠭᠤᠳᠠᠯ᠎ᠳᠤ ᠴᠢᠭ᠌ᠯᠡᠬᠦᠯᠦᠭ᠌ᠰᠡᠨ ᠱᠢᠨᠵᠢᠯᠡᠭᠡ ᠮᠡᠷᠬᠡᠵᠢᠯ ᠵᠡᠷᠭᠡ ᠤᠯᠤᠰ᠎ᠤᠨ ᠭᠤᠤᠯᠳᠠᠯᠭᠠᠲᠤ ᠰᠤᠳᠤᠯᠤᠨ ᠬᠦᠭ᠌ᠵᠢᠬᠦᠯᠬᠦ᠌ 6 ᠱᠢᠨ᠎ᠡ ᠭᠤᠤᠯᠳᠠᠯᠭ᠎ᠠ᠎ᠲᠠᠢ ᠲᠤᠰᠭᠠᠢ ᠲᠦᠷᠦᠯ ᠵᠦᠢᠯ᠎ᠢ ᠡᠬᠢᠯᠡᠵᠤ ᠬᠡᠷᠡᠭ᠌ᠵᠢᠭᠦᠯᠬᠦ᠌᠎ᠶ᠋ᠢ ᠳᠡᠮᠵᠢᠨ᠎ᠡ ᠬᠡᠵᠦ᠍ ᠲᠤᠬ᠍ᠳᠠᠪᠠ᠃ ᠮᠠᠨ᠎ᠤ ᠤᠯᠤᠰ 2018 ᠤᠨ᠎ᠤ ᠡᠴᠤᠰ ᠪᠤᠯᠲᠠᠯ᠎ᠠ ᠬᠦᠳᠡᠭᠡ ᠲᠤᠰᠭᠤᠨ᠎ᠳᠤ ᠰᠠᠭᠤᠬᠤ ᠬᠠᠤᠯᠢ᠎ᠶ᠋ᠢᠨ ᠵᠦᠪᠯᠡᠭ᠌ᠴᠢ᠎ᠶ᠋ᠢ ᠪᠦᠬᠦᠨ᠎ᠢ ᠪᠦᠷᠬᠦᠭᠦᠯᠬᠦ᠌ ᠠᠵᠢᠯ᠎ᠢ ᠦᠨᠳᠦᠰᠦᠨ᠎ᠳᠡᠭᠡᠨ ᠪᠡᠶᠡᠯᠡᠬᠦᠯᠵᠤ᠂ ᠠᠷᠠᠳ ᠤᠯᠠᠨ᠎ᠤ ᠡᠳᠦᠷ ᠳᠤᠲᠤᠮ᠎ᠤᠨ ᠠᠮᠢᠳᠤᠷᠠᠯ ᠲᠤᠮᠳᠠᠬᠢ ᠬᠠᠤᠯᠢ᠎ᠶ᠋ᠢᠨ ᠠᠰᠠᠭᠤᠳᠠᠯ᠎ᠢ ᠱᠢᠢᠳᠪᠦᠷᠢᠯᠡᠬᠦ᠌᠎ᠳᠤ ᠳᠦᠭᠦᠮ ᠪᠤᠯᠭᠠᠨ᠎ᠠ᠃ ᠤᠳᠤ ᠲᠠ ᠪᠦᠬᠦᠨ᠎ᠳᠤ 《ᠬᠤᠶᠠᠷ ᠬᠤᠷᠠᠯ》 ᠤᠨ ᠮᠡᠳᠡᠭᠡ᠎ᠶ᠋ᠢ ᠳᠠᠮᠵᠢᠭᠤᠯᠤᠶ᠎ᠠ 1 ᠰᠠᠷ᠎ᠠ᠎ᠶ᠋ᠢᠨ 25 ᠤ ᠡᠳᠦᠷ᠂ ᠦᠪᠡᠷᠲᠡᠭᠡᠨ ᠵᠠᠰᠠᠬᠤ ᠤᠷᠤᠨ᠎ᠤ ᠤᠳᠤᠷᠢᠳᠤᠯᠭ᠎ᠠ ᠯᠢ ᠵᠶ᠋ᠢ ᠾᠧᠩ᠂ ᠪᠦ᠋ ᠱᠢᠶᠤᠤ ᠯᠢᠨ ᠨᠠᠷ ᠲᠦᠯᠦᠬᠡᠯᠡᠭ᠌ᠴᠢᠳ ᠬᠡᠱᠢᠬᠦᠳ᠎ᠲᠠᠢ ᠬᠠᠮᠳᠦ ᠵᠠᠰᠠᠭ᠎ᠤᠨ ᠤᠷᠲᠤᠨ᠎ᠤ ᠠᠵᠢᠯ᠎ᠤᠨ ᠢᠯᠡᠳᠭᠡᠯ᠎ᠢ ᠬᠢᠨᠠᠨ ᠵᠦᠪᠯᠡᠪᠠ᠃ 1 ᠰᠠᠷ᠎ᠠ᠎ᠶ᠋ᠢᠨ 25 ᠤ ᠡᠳᠦᠷ᠂ ᠦᠪᠡᠷᠲᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ ᠲᠦᠯᠦᠭᠡᠯᠡᠭ᠌ᠴᠢᠳ᠎ᠤᠨ ᠪᠦᠯᠬᠦᠮ᠎ᠤᠨ ᠪᠦᠭᠦᠳᠡ (ᠪᠤᠶᠤ ᠲᠤᠭᠤᠢ᠍ᠢᠯᠠᠩ ᠬᠤᠪᠢᠶᠠᠭ᠍ᠰᠠᠨ) ᠬᠤᠷᠠᠯ ᠬᠤᠷᠠᠯᠳᠤᠭᠤᠯᠵᠤ᠂ ᠵᠠᠰᠠᠭ᠎ᠤᠨ ᠤᠷᠲᠤᠨ᠎ᠤ ᠠᠵᠢᠯ᠎ᠤᠨ ᠢᠯᠡᠳᠭᠡᠯ᠎ᠢ ᠬᠢᠨᠠᠨ ᠵᠦᠪᠯᠡᠵᠦ᠍᠂ 2018 ᠤᠨ᠎ᠤ ᠲᠦᠯᠦᠪᠯᠡᠭᠡ ᠪᠠ ᠲᠦᠰᠦᠪ᠎ᠤᠨ ᠲᠦᠰᠦᠯ᠎ᠢ ᠬᠢᠨᠠᠨ ᠪᠠᠢᠴᠠᠭᠠᠵᠤ᠂ ᠪᠠᠢᠩᠭᠤ᠎ᠶ᠋ᠢᠨ ᠬᠤᠷᠢᠶᠠᠨ᠎ᠤ ᠪᠦᠷᠢᠯᠳᠦᠭᠦᠨ ᠬᠡᠱᠢᠭᠦᠨ᠎ᠤ ᠲᠤᠭ᠎ᠠ᠎ᠶ᠋ᠢᠨ ᠱᠢᠢᠳᠪᠦᠷᠢ᠎ᠶ᠋ᠢᠨ ᠲᠦᠰᠦᠯ ᠪᠠ ᠰᠤᠩᠭᠤᠭᠤᠯᠢ᠎ᠶ᠋ᠢᠨ ᠠᠷᠭ᠎ᠠ᠎ᠶ᠋ᠢᠨ ᠲᠦᠰᠦᠯ᠎ᠢ ᠬᠢᠨᠠᠨ ᠵᠦᠪᠯᠡᠪᠡ᠃ ᠦᠨᠦᠳᠦᠷ᠎ᠤᠨ ᠦᠳᠡ᠎ᠶ᠋ᠢᠨ ᠡᠮᠤᠨ᠎ᠠ᠎ᠶ᠋ᠢᠨ 9 ᠴᠠᠭ᠎ᠲᠤ᠌᠂ ᠦᠪᠡᠷᠲᠡᠭᠡᠨ ᠵᠠᠰᠠᠬᠤ ᠤᠷᠤᠨ᠎ᠤ ᠠᠷᠪᠠᠨ ᠬᠤᠶᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ ᠬᠤᠶᠠᠳᠤᠭᠠᠷ ᠪᠦᠭᠦᠲᠡ ᠬᠤᠷᠠᠯ ᠬᠤᠷᠠᠯᠳᠤᠭᠤᠯᠵᠤ᠂ ᠦᠳᠡ᠎ᠶ᠋ᠢᠨ ᠬᠤᠢᠨ᠎ᠠ᠎ᠶ᠋ᠢᠨ 3 ᠴᠠᠬ᠎ᠲᠤ ᠲᠦᠯᠦᠭᠡᠯᠡᠭ᠌ᠴᠢᠳ᠎ᠤᠨ ᠪᠦᠯᠬᠦᠮ᠎ᠤᠨ ᠪᠦᠭᠦᠲᠡ (ᠲᠤᠭᠤᠢ᠍ᠢᠯᠠᠩ᠎ᠤᠨ) ᠬᠤᠷᠠᠯ ᠬᠤᠷᠠᠯᠳᠤᠭᠤᠯᠵᠤ᠂ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ᠎ᠶ᠋ᠢᠨ ᠠᠵᠢᠯ᠎ᠤᠨ ᠮᠡᠳᠡᠭᠦᠯᠦᠯᠳᠡ᠎ᠶ᠋ᠢ ᠬᠢᠨᠠᠨ ᠵᠦᠪᠯᠡᠨ᠎ᠠ᠃ ᠦᠪᠡᠷᠲᠡᠭᠡᠨ ᠵᠠᠰᠠᠬᠤ ᠤᠷᠤᠨ᠎ᠤ ᠤᠯᠤᠰ ᠲᠥᠷᠥ᠎ᠤᠨ ᠵᠦᠪᠯᠡᠯᠭᠡᠨ᠎ᠤ ᠠᠷᠪᠠᠨ ᠬᠤᠶᠠᠳᠤᠭᠠᠷ ᠬᠤᠭᠤᠴᠠᠭᠠᠨ᠎ᠤ ᠬᠤᠷᠢᠶ᠎ᠠ᠎ᠶ᠋ᠢᠨ ᠠᠩᠬᠠᠳᠤᠭᠠᠷ ᠬᠤᠷᠠᠯ 1 ᠰᠠᠷ᠎ᠠ᠎ᠶ᠋ᠢᠨ 25 ᠤ ᠡᠳᠦᠷ᠎ᠤᠨ ᠦᠳᠡ᠎ᠶ᠋ᠢᠨ ᠡᠮᠦᠨᠡᠬᠢ 9 ᠴᠠᠭ᠎ᠲᠤ ᠳᠤᠭᠤᠢᠯᠠᠩ ᠬᠤᠪᠢᠶᠠᠨ ᠶᠠᠷᠢᠯᠴᠠᠵᠥ᠍᠂ 11 ᠴᠠᠭ᠎ᠲᠤ ᠲᠡᠷᠢᠭᠦᠯᠡᠭ᠌ᠴᠢᠳ᠎ᠤᠨ ᠪᠦᠯᠬᠦᠮ᠎ᠤᠨ ᠬᠤᠶᠠᠳᠤᠭᠠᠷ ᠤᠳᠠᠭᠠᠨ᠎ᠤ ᠪᠠᠢᠩᠭᠤ᠎ᠶ᠋ᠢᠨ ᠲᠡᠷᠢᠭᠦᠯᠡᠭ᠌ᠴᠢ᠎ᠶ᠋ᠢᠨ ᠬᠤᠷᠠᠯ ᠬᠤᠷᠠᠯᠳᠤᠭᠤᠯᠵᠥ᠍᠂ ᠦᠳᠡ᠎ᠶ᠋ᠢᠨ ᠬᠤᠢᠨᠠᠬᠢ 3 ᠴᠠᠭ᠎ᠲᠤ ᠬᠤᠶᠠᠳᠤᠭᠠᠷ ᠪᠦᠭᠦᠳᠡ ᠬᠤᠷᠠᠯ ᠬᠤᠷᠠᠯᠳᠤᠭᠤᠯᠵᠦ᠍᠂ ᠦᠳᠡ᠎ᠶ᠋ᠢᠨ ᠬᠤᠢᠨᠠᠬᠢ 5 ᠴᠠᠭ ᠬᠠᠭᠠᠰ᠎ᠲᠤ ᠲᠦᠷ ᠴᠠᠭ᠎ᠤᠨ ᠨᠠᠮ᠎ᠤᠨ ᠬᠤᠷᠢᠶ᠎ᠠ᠎ᠶ᠋ᠢᠨ ᠦᠷᠭᠡᠳᠭᠡᠭ᠌ᠰᠡᠨ ᠬᠤᠷᠠᠯ ᠬᠤᠷᠠᠯᠳᠤᠭᠤᠯᠪᠠ᠃ ᠦᠪᠡᠷᠲᠡᠭᠡᠨ ᠵᠠᠰᠠᠬᠤ ᠤᠷᠤᠨ᠎ᠤ ᠤᠯᠤᠰ ᠲᠥᠷᠥ᠎ᠤᠨ ᠵᠦᠪᠯᠡᠯᠭᠡᠨ᠎ᠤ ᠠᠷᠪᠠᠨ ᠬᠤᠶᠠᠳᠤᠭᠠᠷ ᠬᠤᠭᠤᠴᠠᠭᠠᠨ᠎ᠤ ᠬᠤᠷᠢᠶ᠎ᠠ᠎ᠶ᠋ᠢᠨ ᠠᠩᠬᠠᠳᠤᠭᠠᠷ ᠬᠤᠷᠠᠯ ᠥᠨᠥᠳᠦᠷ᠎ᠤᠨ ᠦᠳᠡ᠎ᠶ᠋ᠢᠨ ᠡᠮᠦᠨᠡᠬᠢ 9 ᠴᠠᠭ᠎ᠲᠤ ᠳᠤᠭᠤᠢᠯᠠᠩ ᠬᠤᠪᠢᠶᠠᠵᠤ ᠶᠠᠷᠢᠯᠴᠠᠨ᠂ ᠦᠳᠡ᠎ᠶ᠋ᠢᠨ ᠬᠤᠢᠨᠠᠬᠢ 3 ᠴᠠᠭ᠎ᠲᠤ ᠭᠤᠷᠪᠠᠳᠤᠭᠠᠷ ᠪᠦᠭᠦᠳᠡ ᠬᠤᠷᠠᠯ ᠬᠤᠷᠠᠯᠳᠤᠭᠤᠯᠵᠤ᠂ ᠬᠡᠱᠢᠭᠦᠳ ᠶᠠᠷᠢᠶ᠎ᠠ ᠲᠠᠯᠪᠢᠨ᠎ᠠ᠃ ᠦᠪᠡᠷᠳᠡᠭᠡᠨ ᠵᠠᠰᠠᠬᠤ ᠤᠷᠤᠨ᠎ᠤ 《ᠬᠤᠶᠠᠷ ᠬᠤᠷᠠᠯ》 ᠤᠨ ᠬᠤᠭᠤᠴᠠᠭᠠᠨ᠎ᠳᠤ᠂ ᠦᠪᠦᠷ ᠮᠤᠩᠭᠤᠯ᠎ᠤᠨ ᠨᠤᠮ᠎ᠤᠨ ᠰᠠᠩ᠎ᠠᠴᠠ ᠦᠪᠦᠷ ᠮᠤᠩᠭᠤᠯ᠎ᠤᠨ ᠠᠷᠠᠳ᠎ᠤᠨ ᠬᠤᠷᠠᠯ᠎ᠤᠨ ᠲᠠᠩᠬᠢᠮ ᠪᠤᠯᠤᠨ ᠲᠦᠯᠦᠭᠡᠯᠡᠭ᠌ᠴᠢ᠂ ᠭᠡᠱᠢᠭᠦᠨ᠎ᠤ ᠰᠠᠭᠤᠭ᠎ᠠ ᠭᠠᠵᠠᠷ᠎ᠲᠤ 《ᠬᠤᠶᠠᠷ ᠬᠤᠷᠠᠯ》 ᠤᠨ ᠨᠤᠮ ᠪᠢᠴᠢᠭ᠎ᠤᠨ ᠦᠢᠯᠡᠴᠢᠯᠡᠭᠡᠨ᠎ᠤ ᠲᠠᠪᠤᠨ ᠲᠤᠭᠤᠷᠢᠭ ᠭᠠᠷᠭᠠᠵᠦ᠍᠂ ᠨᠠᠮ᠎ᠤᠨ ᠪᠠᠢᠭᠤᠯᠤᠯᠲᠠ᠂ ᠴᠠᠭ ᠲᠦᠷᠦ᠍᠂ ᠲᠡᠦᠬᠡ ᠵᠠᠷᠭᠡ ᠠᠭᠤᠯᠭ᠎ᠠ ᠪᠦᠬᠦᠢ 5000 ᠭᠠᠷᠤᠢ ᠮᠤᠩᠭᠤᠯ ᠬᠢᠲᠠᠳ ᠨᠤᠮ ᠪᠢᠴᠢᠭ ᠲᠡᠯᠬᠡᠨ᠂ ᠬᠤᠷᠠᠯ᠎ᠳᠤ ᠤᠷᠤᠯᠴᠠᠭ᠍ᠰᠠᠨ ᠲᠦᠯᠦᠭᠡᠯᠡᠭ᠌ᠴᠢᠳ ᠭᠡᠱᠢᠭᠦᠳ ᠪᠠ ᠠᠵᠢᠯᠲᠡᠳ᠎ᠤᠨ ᠵᠢᠭᠡᠯᠡᠨ ᠤᠡᠭ᠌ᠰᠢᠬᠤᠳᠤ ᠲᠦᠬᠦᠮ ᠬᠠᠩᠭᠠᠵᠦ᠍ ᠪᠤᠢ᠃ ᠵᠠᠯᠭᠠᠭᠠᠳ ᠪᠤᠰᠤᠳ ᠰᠤᠨᠢᠨ ᠮᠡᠳᠡᠭᠡᠨ᠎ᠠᠴᠠ ᠤᠢ᠍ᠢᠯᠠᠭᠠᠶ᠎ᠠ ᠨᠠᠮ᠎ᠤᠨ ᠠᠷᠪᠠᠨ ᠨᠠᠢ᠍ᠮᠠᠳᠤᠭᠠᠷ ᠶᠡᠭᠡ ᠬᠤᠷᠠᠯ᠎ᠠᠴᠠ ᠨᠠᠰᠢ᠂ ᠬᠢᠳᠡᠳ ᠡᠮ ᠡᠮᠨᠡᠯᠭᠡ᠎ᠶ᠋ᠢᠨ᠎ᠬᠢᠨ ᠤᠯᠤᠰ᠎ᠤᠨ ᠱᠢᠨᠵᠢᠯᠡᠬᠦ᠌ ᠤᠬᠠᠭᠠᠨ ᠮᠡᠷᠭᠡᠵᠢᠯ᠎ᠤᠨ ᠱᠠᠩᠨᠠᠯ ᠬᠦᠬᠢᠬᠦᠯᠤᠯ᠎ᠢ 41 ᠬᠥᠷᠳᠡᠯ᠎ᠡ᠃ ᠡᠬᠦᠨ᠎ᠳᠤ ᠤᠯᠤᠰ᠎ᠤᠨ ᠱᠢᠨᠵᠢᠯᠡᠬᠦ᠌ ᠤᠬᠠᠭᠠᠨ ᠮᠡᠷᠭᠡᠵᠢᠯ᠎ᠤᠨ ᠲᠡᠪᠱᠢᠯᠳᠠᠶ᠋ᠢᠨ ᠨᠢᠭᠡᠳᠤᠭᠡᠷ ᠲᠡᠰ᠎ᠤᠨ ᠱᠠᠩᠨᠠᠯ᠎ᠢ 6 ᠬᠥᠷᠳᠡᠵᠤ᠂ ᠮᠠᠨ᠎ᠤ ᠤᠯᠤᠰ᠎ᠤᠨ ᠤᠯᠠᠮᠵᠢᠯᠠᠯᠳᠤ ᠠᠨᠠᠭᠠᠬᠤ ᠤᠬᠠᠭᠠᠨ᠎ᠤ ᠱᠢᠨᠵᠢᠯᠡᠬᠦ᠌ ᠤᠬᠠᠭᠠᠨ ᠮᠡᠷᠭᠡᠵᠢᠯ᠎ᠤᠨ ᠱᠢᠨ᠎ᠠ ᠡᠬᠦᠳᠤᠯᠳᠡ᠎ᠶ᠋ᠢ ᠲᠠᠰᠤᠷᠠᠯᠳᠠ ᠦᠭᠡᠢ ᠱᠢᠪᠳᠤᠯᠤᠯᠳᠡᠲᠠᠢ ᠪᠤᠯᠭᠠᠵᠤ ᠪᠠᠢᠨ᠎ᠠ᠃ ᠳᠤᠮᠳᠠᠳᠤ ᠤᠯᠤᠰ • ᠭᠠᠭ᠍ᠴᠠᠮᠤᠳᠤ ᠪᠠᠯᠭᠠᠰᠤᠨ᠎ᠤ ᠳᠤᠮᠳᠠᠳᠤ ᠮᠤᠩᠭᠤᠯ ᠬᠤᠶᠠᠷ ᠤᠯᠤᠰ᠎ᠤᠨ 《ᠮᠦᠩᠭᠦᠨ ᠬᠠᠩᠭᠠᠢ》 ᠨᠠᠭᠠᠳᠤᠮ᠎ᠤᠨ ᠬᠤᠷᠠᠯ 1 ᠰᠠᠷ᠎ᠠ᠎ᠶ᠋ᠢᠨ 27 ᠠᠴᠠ 28 ᠤ ᠡᠳᠦᠷ ᠪᠤᠯᠲᠠᠯ᠎ᠠ ᠭᠠᠭ᠍ᠴᠠᠮᠤᠳᠤ ᠪᠠᠯᠭᠠᠰᠤᠨ᠎ᠳᠤ ᠶᠠᠪᠤᠭ᠍ᠳᠠᠬᠤ᠎ᠪᠠᠷ ᠪᠤᠢ᠃ 《ᠮᠤᠩᠭᠤᠯ ᠮᠤᠷᠢ》 ᠺᠢᠨᠣ᠋᠎ᠶ᠋ᠢ ᠰᠡᠭᠦᠳᠡᠷᠯᠡᠬᠦ᠌ ᠡᠬᠢᠯᠡᠯᠲᠡ᠎ᠶ᠋ᠢᠨ ᠶᠤᠰᠤᠯᠠᠯ ᠦᠴᠦᠭᠡᠳᠦᠷ ᠵᠡᠭᠦᠨ ᠦᠵᠦᠮᠦᠴᠢᠨ ᠬᠤᠱᠢᠭᠤᠨ᠎ᠳᠤ ᠶᠠᠪᠤᠭ᠍ᠳᠠᠵᠤ᠂ ᠡᠨᠡ ᠵᠢᠯ᠎ᠤᠨ ᠰᠡᠭᠦᠯᠴᠢ᠎ᠪᠠᠷ ᠵᠢᠷᠤᠭ ᠰᠡᠬᠦᠳᠡᠷ ᠱᠢᠩᠬᠡᠬᠡᠨ ᠦᠢᠯᠡᠳᠬᠦ᠌ ᠠᠵᠢᠯ᠎ᠢᠶᠠᠨ ᠳᠠᠭᠤᠰᠭᠠᠵᠤ ᠦᠵᠡᠭ᠌ᠴᠢᠳ᠎ᠲᠠᠢ ᠵᠤᠯᠭᠠᠬᠤ ᠪᠤᠯᠤᠨ᠎ᠠ᠃ 2018 ᠤᠨ᠎ᠤ ᠦᠪᠦᠷ ᠮᠤᠩᠭᠤᠯ᠎ᠤᠨ ᠰᠦᠯᠵᠢᠶᠡᠨ᠎ᠤ ᠴᠠᠭᠠᠨ ᠰᠠᠷ᠎ᠠ᠎ᠶ᠋ᠢᠨ ᠤᠷᠠᠨ ᠰᠠᠢᠬᠠᠨ᠎ᠤ ᠦᠳᠡᠱᠢᠯᠡᠭᠡ 2 ᠰᠠᠷ᠎ᠠ᠎ᠶ᠋ᠢᠨ 4 ᠤ ᠡᠳᠦᠷ ᠦᠪᠦᠷ ᠮᠤᠩᠭᠤᠯ᠎ᠤᠨ ᠠᠷᠠᠳ᠎ᠤᠨ ᠬᠤᠷᠠᠯ᠎ᠤᠨ ᠲᠠᠩᠭᠢᠮ᠎ᠳᠤ ᠪᠤᠯᠬᠤ ᠬᠡᠵᠦ᠍ ᠪᠤᠢ᠂ ᠡᠨᠡᠬᠦ᠌ ᠲᠠᠯᠠᠪᠠᠢ ᠦᠳᠡᠱᠢᠯᠡᠭᠡ᠎ᠨᠢ ᠲᠦᠪ ᠲᠧᠯᠸᠢᠰ᠎ᠤᠨ ᠰᠦᠯᠵᠢᠶᠡᠨ᠎ᠤ ᠴᠠᠭᠠᠨ ᠰᠠᠷ᠎ᠠ᠎ᠶ᠋ᠢᠨ ᠤᠷᠠᠨ ᠰᠠᠢᠬᠠᠨ᠎ᠤ ᠦᠳᠡᠱᠢᠯᠡᠭᠡ ᠵᠡᠷᠭᠡ᠎ᠲᠠᠢ ᠬᠠᠮᠳᠤ᠎ᠪᠠᠷ 《ᠪᠦᠭᠦ᠌ ᠤᠯᠤᠰ᠎ᠤᠨ ᠴᠠᠭᠠᠨ ᠰᠠᠷ᠎ᠠ᠎ᠶ᠋ᠢᠨ ᠤᠷᠠᠨ ᠰᠠᠢᠬᠠᠨ᠎ᠤ ᠠᠷᠪᠠᠨ ᠲᠤᠮᠤ ᠦᠳᠡᠱᠢᠯᠡᠭᠡ》 ᠪᠠᠷ ᠤᠨᠴᠠᠯᠢᠬ᠍ᠳᠠᠵᠦ᠍ ᠦᠵᠡᠭ᠌ᠴᠢᠳ᠎ᠤᠨ ᠠᠩᠬᠠᠷᠤᠯ᠎ᠳᠤ ᠬᠦᠷᠴᠦ᠍ ᠪᠤᠢ᠃ ᠵᠢᠯ ᠪᠤᠯᠭᠠᠨ ᠵᠤᠷᠱᠢᠯ ᠶᠤᠰᠤ᠎ᠪᠠᠷ ᠵᠤᠬᠢᠶᠠᠨ ᠪᠠᠢᠭᠤᠯᠤᠭ᠍ᠳᠠᠳᠠᠭ 《ᠤᠯᠠᠭᠠᠨᠪᠠᠭᠠᠲᠤᠷ᠎ᠤᠨ ᠡᠪᠦᠯ᠎ᠤᠨ ᠨᠠᠭᠠᠳᠤᠮ》 2 ᠰᠠᠷ᠎ᠠ᠎ᠶ᠋ᠢᠨ ᠡᠬᠢᠨ᠎ᠳᠤ ᠮᠤᠩᠭᠤᠯ ᠤᠯᠤᠰ᠎ᠤᠨ ᠨᠡᠢᠰᠯᠡᠯ ᠤᠯᠠᠭᠠᠨᠪᠠᠭᠠᠲᠤᠷ ᠬᠤᠲᠠ᠎ᠳᠤ ᠶᠠᠪᠤᠭ᠍ᠳᠠᠬᠤ᠎ᠪᠠᠷ ᠪᠤᠢ᠃ 1 ᠰᠠᠷ᠎ᠠ᠎ᠶ᠋ᠢᠨ 25 ᠤ ᠡᠳᠦᠷ᠂ 《ᠵᠢᠨᠢᠩ᠎ᠤᠨ ᠠᠰᠠᠷ ᠤᠷᠠᠯᠢᠭ᠎ᠤᠨ ᠪᠦᠯᠬᠦᠮ》 ᠤᠨ ᠴᠠᠭᠠᠨ ᠰᠠᠷ᠎ᠠ᠎ᠪᠠᠨ ᠤᠭ᠍ᠲᠤᠬᠤ ᠬᠠᠷᠢᠭᠤ ᠮᠡᠳᠡᠭᠦᠯᠦᠯᠲᠡ᠎ᠶ᠋ᠢᠨ ᠲᠤᠭ᠍ᠯᠠᠯᠲᠠ ᠵᠢᠨᠢᠩ᠎ᠳᠤ ᠠᠮᠵᠢᠯᠲᠠ᠎ᠲᠠᠢ ᠶᠠᠪᠤᠭ᠍ᠳᠠᠯ᠎ᠠ᠃ ᠥᠨᠥᠳᠦᠷ᠎ᠤᠨ ᠨᠡᠪᠲᠡᠷᠡᠭᠦᠯᠭᠡ ᠮᠠᠨᠢ ᠡᠭᠦᠪᠡᠷ ᠥᠨᠳᠤᠷᠯᠡᠵᠤ ᠪᠠᠢᠨ᠎ᠠ᠃ ᠲᠠ ᠪᠦᠬᠦᠨ᠎ᠤ᠎ᠪᠠᠨ ᠬᠥᠯᠢᠶᠡᠨ ᠠᠪᠴᠤ᠌ ᠰᠤᠨᠤᠰᠤᠭ᠍ᠰᠠᠨ᠎ᠳᠤ ᠪᠠᠶᠠᠷᠯᠠᠯ᠎ᠠ᠃ ᠮᠠᠷᠭᠠᠰᠢ᠎ᠶ᠋ᠢᠨ ᠳ᠋ᠤᠭᠠᠷ᠎ᠲᠤ᠎ᠪᠠᠨ ᠲᠠᠭᠢᠨ ᠵᠤᠯᠭᠠᠶ᠎ᠠ! ᠪᠠᠶᠠᠷᠲᠠᠢ! ᠨᠠᠢᠷᠠᠭᠤᠯᠤᠨ ᠨᠡᠪᠲᠡᠷᠡᠭᠦᠯᠦᠭ᠌ᠴᠢ᠄ ᠨᠠᠮᠤᠭ ᠮᠡᠷᠭᠡᠵᠢᠯ᠄ ᠬᠦᠬᠡᠪᠠᠷᠰ ᠬᠢᠨᠠᠭ᠍ᠴᠢ᠄ ᠬᠤᠤᠰ ᠶᠡᠷᠦᠩᠬᠡᠢ ᠬᠢᠨᠠᠭ᠍ᠴᠢ᠄ ᠤᠷᠲᠤᠨᠠᠰᠤᠲᠤ
|
|
|
|
|
|
|
|
|
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6659832
ᠢᠮᠧᠯ᠄tn@mgyxw.net 蒙ICP备10000005号
|