|
|
|
|
|
3 ᠰᠠᠷ᠎ᠠ᠎ᠶ᠋ᠢᠨ 16 ᠤ ᠡᠳᠦᠷ
|
|
|
|
|
ᠡᠬᠢᠯᠡᠬᠦ᠌ ᠴᠠᠭ᠄
2018-03-16 09:52:34
|
ᠨᠠᠶ᠋ᠢᠷᠠᠭᠤᠯᠤᠭᠴᠢ ᠄
ᠲᠣᠲᠥᠷᠬᠠᠢ ᠦᠭᠡᠢ
|
ᠨᠡᠪᠲᠡᠷᠡᠬᠦᠯᠦᠭᠴᠢ ᠄
ᠲᠣᠲᠥᠷᠬᠠᠢ ᠦᠭᠡᠢ
|
|
|
ᠡᠷᠬᠢᠮ ᠬᠦᠨᠳᠦᠳᠦ ᠰᠦᠯᠵᠢᠶᠡᠨ ᠠᠨᠳᠠ ᠨᠠᠷ ᠮᠢᠨᠢ ᠰᠠᠢᠨ ᠪᠠᠢᠨᠠᠤ? ᠦᠨᠦᠳᠦᠷ ᠪᠤᠯ 2018 ᠤᠨ᠎ᠤ 3 ᠰᠠᠷ᠎ᠠ᠎ᠶ᠋ᠢᠨ 16 ᠤ ᠡᠳᠦᠷ᠂ ᠪᠢᠯᠢᠭ᠎ᠤᠨ ᠤᠯᠠᠷᠢᠯ᠎ᠤᠨ ᠱᠢᠷ᠎ᠠ ᠨᠤᠬᠠᠢ ᠵᠢᠯ᠎ᠤᠨ 1 ᠰᠠᠷ᠎ᠠ᠎ᠶ᠋ᠢᠨ 29᠂ ᠭᠠᠷᠠᠭ᠎ᠤᠨ ᠲᠠᠪᠤᠨ᠃ ᠥᠪᠥᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ 《ᠪᠦᠬᠦ᠌ ᠤᠯᠤᠰ᠎ᠤᠨ ᠬᠤᠶᠠᠷ ᠬᠤᠷᠠᠯ》 ᠳᠤ ᠵᠤᠷᠢᠭᠤᠯᠤᠭ᠍ᠰᠠᠨ ᠤᠨᠴᠠ ᠨᠡᠪᠲᠡᠷᠡᠭᠦᠯᠭᠡ᠎ᠳᠡᠭᠡᠨ ᠠᠩᠬᠠᠷᠤᠯ᠎ᠢᠶᠠᠨ ᠬᠠᠨᠳᠤᠭᠤᠯᠤᠨ᠎ᠠ ᠤᠤ! ᠤᠷᠢᠳᠠᠪᠡᠷ ᠬᠤᠶᠠᠷ ᠬᠤᠷᠠᠯ᠎ᠤᠨ ᠮᠡᠳᠡᠭᠡ᠎ᠶ᠋ᠢ ᠳᠠᠮᠵᠢᠭᠤᠯᠤᠶ᠎ᠠ • ᠥᠨᠦᠳᠦᠷ᠎ᠤᠨ ᠦᠳᠡ᠎ᠶ᠋ᠢᠨ ᠡᠮᠦᠨᠡᠬᠢ 9 ᠴᠠᠭ᠎ᠲᠤ᠌᠂ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠦᠬᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ᠎ᠳᠤ ᠤᠷᠤᠯᠴᠠᠵᠤ ᠪᠠᠢᠭ᠎ᠠ ᠮᠠᠨ᠎ᠤ ᠤᠷᠤᠨ᠎ᠤ ᠲᠦᠯᠦᠬᠡᠯᠡᠭ᠌ᠴᠢᠳ᠎ᠤᠨ ᠪᠦᠯᠬᠦᠮ ᠪᠦᠬᠦ᠌ ᠪᠦᠯᠬᠦᠮ᠎ᠤᠨ ᠬᠤᠷᠠᠯ ᠬᠢᠵᠦ᠍᠂ ᠬᠢᠨᠠᠨ ᠪᠠᠢᠴᠠᠭᠠᠬᠤ ᠬᠠᠤᠯᠢ᠎ᠶ᠋ᠢᠨ ᠡᠬᠡ ᠨᠤᠤᠷᠠᠭ᠎ᠤᠨ ᠵᠠᠰᠠᠪᠤᠷᠢ ᠤᠷᠤᠭᠤᠯᠤᠭ᠍ᠰᠠᠨ ᠲᠦᠰᠦᠯ᠎ᠢ ᠬᠢᠨᠠᠨ ᠵᠦᠪᠯᠡᠨ᠎ᠠ᠃ ᠲᠦᠷᠦ᠎ᠶ᠋ᠢᠨ ᠶᠠᠪᠤᠳᠠᠯ᠎ᠤᠨ ᠬᠤᠷᠢᠶᠠᠨ᠎ᠤ ᠪᠠᠢᠭᠤᠯᠤᠮᠵᠢ᠎ᠶ᠋ᠢᠨ ᠦᠭᠡᠷᠡᠴᠢᠯᠡᠯᠲᠡ᠎ᠶ᠋ᠢᠨ ᠲᠦᠰᠦᠯ᠎ᠢ ᠵᠦᠪᠱᠢᠶᠡᠷᠡᠬᠦ᠌ ᠲᠤᠬᠠᠢ ᠲᠤᠭ᠍ᠲᠠᠭᠠᠯ᠎ᠤᠨ ᠲᠦᠰᠦᠯ᠂ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ᠎ᠤᠨ ᠰᠤᠩᠭᠤᠭᠤᠯᠢ ᠬᠢᠬᠦ᠌ ᠪᠠ ᠲᠤᠱᠢᠶᠠᠯ᠎ᠳᠤ ᠲᠤᠮᠢᠯᠠᠬᠤ᠎ᠪᠠᠷ ᠲᠤᠭ᠍ᠲᠠᠬᠤ ᠠᠷᠭ᠎ᠠ᠎ᠶ᠋ᠢᠨ ᠲᠦᠰᠦᠯ᠎ᠢ ᠬᠢᠨᠠᠨ ᠵᠦᠪᠯᠡᠨ᠎ᠡ᠃ • ᠦᠳᠡ᠎ᠶ᠋ᠢᠨ ᠬᠤᠢᠨᠠᠬᠢ 3᠄ 00 ᠴᠠᠭ᠎ᠲᠤ᠌᠂ ᠪᠦᠬᠦ᠌ ᠪᠦᠯᠬᠦᠮ᠎ᠤᠨ ᠬᠤᠷᠠᠯ ᠬᠢᠵᠦ᠍ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶᠠᠨ᠎ᠤ ᠬᠤᠷᠢᠶᠠᠨ ᠳᠠᠷᠤᠭ᠎ᠠ᠂ ᠳᠡᠳ᠋ ᠬᠤᠷᠢᠶᠠᠨ ᠳᠠᠷᠤᠭ᠎ᠠ᠂ ᠨᠠᠷᠢᠨ ᠪᠢᠴᠢᠭ᠎ᠤᠨ ᠳᠠᠷᠤᠭ᠎ᠠ᠂ ᠭᠡᠱᠢᠭᠦᠨ᠎ᠤ ᠵᠢᠱ᠌ᠢᠭ᠌ᠳᠡᠭ᠌ᠴᠢ᠂ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠷᠢᠭᠦᠯᠡᠭ᠌ᠴᠢ᠂ ᠳᠡᠳ᠋ ᠲᠡᠷᠢᠭᠦᠯᠡᠭ᠌ᠴᠢ᠎ᠶ᠋ᠢᠨ ᠵᠢᠱ᠌ᠢᠭ᠌ᠳᠡᠭ᠌ᠴᠢ᠂ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠲᠡᠷᠢᠭᠦᠯᠡᠭ᠌ᠴᠢ᠎ᠶ᠋ᠢᠨ ᠵᠢᠱ᠌ᠢᠭ᠌ᠳᠡᠭ᠌ᠴᠢ᠎ᠶ᠋ᠢ ᠶᠠᠷᠢᠯᠴᠠᠨ ᠵᠦᠪᠳᠡᠬᠦ᠌ ᠪᠤᠯᠤᠨ᠎ᠠ᠃ 6᠄ 00 ᠴᠠᠭ᠎ᠲᠤ ᠲᠡᠷᠢᠭᠦᠯᠡᠭ᠌ᠴᠢᠳ᠎ᠤᠨ ᠪᠦᠯᠬᠦᠮ᠎ᠤᠨ ᠵᠢᠷᠭᠤᠳᠤᠭᠠᠷ ᠤᠳᠠᠭ᠎ᠠ᠎ᠶ᠋ᠢᠨ ᠬᠤᠷᠠᠯ᠎ᠢ ᠬᠤᠷᠠᠯᠳᠤᠭᠤᠯᠤᠨ᠎ᠠ᠃ ᠳᠠᠷᠠᠭ᠎ᠠ᠎ᠨᠢ ᠴᠠᠭ ᠲᠦᠷᠦ᠎ᠶ᠋ᠢᠨ ᠮᠡᠳᠡᠭᠡ᠎ᠳᠤ ᠠᠩᠬᠠᠷᠤᠯ᠎ᠢᠶᠠᠨ ᠬᠠᠨᠳᠤᠭᠤᠯᠤᠶ᠎ᠠ • 3 ᠰᠠᠷ᠎ᠠ᠎ᠶ᠋ᠢᠨ 15 ᠤ ᠦᠳᠡ᠎ᠶ᠋ᠢᠨ ᠡᠮᠤᠨᠡᠬᠢ 9᠄ 30 ᠴᠠᠭ᠎ᠲᠤ᠌᠂ ᠪᠦᠬᠦ᠌ ᠤᠯᠤᠰ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠩᠬᠠᠳᠤᠭᠠᠷ ᠬᠤᠷᠠᠯ ᠲᠡᠭᠦᠰᠴᠤ᠌᠂ ᠰᠢ᠎ᠶ᠋ᠢᠨ ᠫᠢᠩ ᠵᠡᠷᠭᠡ ᠨᠠᠮ ᠪᠠ ᠤᠯᠤᠰ᠎ᠤᠨ ᠤᠳᠤᠷᠢᠳᠭᠤ ᠬᠦᠮᠥᠰ ᠬᠤᠷᠠᠯ᠎ᠳᠤ ᠤᠷᠤᠯᠴᠠᠪᠠ᠃ ᠵᠠᠯᠭᠠᠭᠠᠳ ᠪᠢᠳᠡ ᠪᠤᠰᠤᠳ ᠰᠤᠨᠢᠨ ᠮᠡᠳᠡᠭᠡᠨ᠎ᠠᠴᠠ ᠤᠢ᠍ᠢᠯᠠᠭᠠᠶ᠎ᠠ • ᠤᠢ᠍ᠢᠷ᠎ᠠ᠎ᠳᠤ᠂ ᠦᠪᠡᠷᠲᠡᠭᠡᠨ ᠵᠠᠰᠠᠬᠤ ᠤᠷᠤᠨ᠎ᠤ ᠬᠡᠷᠡᠭ᠌ᠯᠡᠭ᠌ᠴᠢᠳ᠎ᠤᠨ ᠨᠡᠢᠬᠡᠮᠯᠢᠭ᠎ᠠᠴᠠ 2018 ᠤᠨ᠎ᠤ ᠪᠦᠬᠦ᠌ ᠤᠷᠤᠨ᠎ᠤ 《10 ᠬᠡᠷᠡᠭ᠌ᠯᠡᠭᠡᠨ᠎ᠤ ᠡᠷᠭᠡ ᠠᠱᠢᠭ᠎ᠢ ᠬᠠᠮᠠᠭᠠᠯᠠᠭ᠍ᠴᠢ》 ᠰᠤᠩᠭᠤᠨ ᠱᠢᠯᠭᠠᠷᠠᠭᠤᠯᠬᠤ ᠠᠵᠢᠯᠯᠠᠭ᠎ᠠ᠎ᠶ᠋ᠢ ᠵᠤᠬᠢᠶᠠᠨ ᠪᠠᠢᠭᠤᠯᠬᠤ᠎ᠪᠠᠷ ᠲᠤᠭ᠍ᠲᠠᠪᠠ᠃ • 2018 ᠤᠨ᠎ᠳᠤ ᠮᠠᠨ᠎ᠤ ᠤᠯᠤᠰ ᠬᠤᠲᠠ᠎ᠳᠤ ᠭᠡᠷ ᠪᠠᠢᠱᠢᠩ ᠳᠦᠷᠢᠶᠡᠰᠦᠯᠡᠵᠤ ᠪᠠᠢᠩᠭᠤ ᠰᠠᠭᠤᠭ᠎ᠠ ᠬᠦᠮᠦᠨ ᠠᠮᠠ᠎ᠶ᠋ᠢ ᠬᠤᠲᠠ᠎ᠶ᠋ᠢᠨ ᠤᠯᠠᠨ ᠨᠡᠢᠲᠡ᠎ᠶ᠋ᠢᠨ ᠡᠷᠦᠬᠡ ᠠᠮᠠ᠎ᠶ᠋ᠢᠨ ᠲᠠᠩᠰᠠᠨ᠎ᠳᠤ ᠤᠷᠤᠭᠤᠯᠬᠤ ᠠᠷᠭ᠎ᠠ ᠵᠠᠮ᠎ᠢ ᠰᠦᠪᠡᠭ᠌ᠴᠢᠯᠡᠬᠦ᠌᠎ᠪᠠᠷ ᠪᠠᠢᠨ᠎ᠠ᠃ • 2018 ᠤᠨ᠎ᠤ 1 — 2 ᠰᠠᠷ᠎ᠠ᠎ᠶ᠋ᠢᠨ ᠮᠠᠨᠵᠤᠤᠷ ᠪᠤᠭᠤᠮᠲᠠ᠎ᠳᠠᠬᠢ ᠳᠤᠮᠳᠠᠳᠤ ᠡᠸᠦ᠋ᠷᠦᠫᠡ᠎ᠶ᠋ᠢᠨ ᠵᠢᠱᠢᠶᠡᠨᠤ ᠭᠠᠯᠲᠤ ᠲᠡᠷᠭᠡ᠎ᠶ᠋ᠢᠨ ᠬᠢᠯᠢ᠎ᠪᠠᠷ ᠤᠷᠤᠵᠤ ᠭᠠᠷᠤᠭ᠍ᠰᠠᠨ ᠲᠤᠭ᠎ᠠ᠎ᠨᠢ ᠠᠩᠬ᠎ᠠ ᠤᠳᠠᠭ᠎ᠠ ᠲᠡᠩᠴᠡᠬᠦᠷᠢᠱᠢᠭ᠌ᠰᠡᠨ ᠪᠠᠢᠨ᠎ᠠ᠃ • ᠲᠦᠪ ᠪᠠᠩᠬᠢ ᠲᠤᠭ᠍ᠳᠠᠭᠠᠯ ᠭᠠᠷᠭᠠᠵᠤ᠂ 4 ᠰᠠᠷ᠎ᠠ᠎ᠶ᠋ᠢᠨ 1 ᠤ ᠡᠳᠤᠷ᠎ᠠᠴᠠ ᠡᠬᠢᠯᠡᠵᠤ᠂ ᠲᠤᠭ᠍ᠳᠠᠮᠠᠯ ᠬᠤᠶᠠᠷ ᠬᠡᠮᠵᠢᠯᠳᠡᠳᠤ ᠺᠤᠳ᠋᠎ᠢ ᠱᠢᠷᠪᠢᠨ ᠲᠤᠭᠠᠴᠠᠭ᠎ᠠ ᠬᠢᠬᠦ᠌᠎ᠳᠤ ᠡᠳᠦᠷ ᠪᠦᠷᠢ 500 ᠲᠦᠬᠦᠷᠢᠭ᠎ᠠᠴᠠ ᠬᠡᠳᠦᠷᠡᠬᠦᠯᠵᠥ᠍ ᠪᠤᠯᠬᠤ ᠦᠬᠡᠢ᠃ • ᠮᠠᠨ᠎ᠤ ᠤᠷᠤᠨ᠎ᠤ ᠬᠤᠶᠠᠳᠤᠭᠠᠷ ᠳᠡᠰ᠎ᠠᠴᠠ ᠳᠡᠭᠡᠭ᠌ᠰᠢᠬᠢ ᠶᠡᠷᠦᠩᠬᠡᠢᠯᠡᠭ᠌ᠰᠡᠨ ᠡᠮᠨᠡᠯᠭᠡ᠎ᠶ᠋ᠢᠨ ᠬᠤᠷᠢᠶ᠎ᠠ ᠪᠦ᠍ᠬᠦᠨᠢᠶᠠᠷᠢᠶᠠᠨ ᠡᠪᠡᠳᠴᠢᠳᠡᠨ᠎ᠤ ᠤᠨᠳᠤᠤ ᠭᠠᠵᠠᠷ ᠡᠪᠡᠳᠴᠢᠨ ᠦᠵᠡᠭᠦᠯᠵᠤ ᠡᠮᠨᠡᠯᠭᠡ᠎ᠳᠤ ᠰᠠᠭᠤᠭ᠍ᠰᠠᠨ ᠵᠠᠷᠤᠳᠠᠯ᠎ᠤᠨ ᠱᠢᠭᠤᠳ ᠳᠤᠭᠠᠴᠠᠭ᠎ᠠ ᠬᠢᠬᠦ᠌᠎ᠶ᠋ᠢ ᠪᠡᠶᠡᠯᠡᠭᠦᠯᠬᠦ᠌᠎ᠪᠠᠷ ᠪᠤᠢ᠃ • ᠬᠦᠬᠡᠬᠤᠳᠠ᠎ᠶ᠋ᠢᠨ ᠴᠠᠭᠠᠨ ᠰᠤᠪᠤᠷᠭ᠎ᠠ ᠨᠢᠰᠭᠡᠯ᠎ᠤᠨ ᠪᠠᠭᠤᠳᠠᠯ 3 ᠰᠠᠷ᠎ᠠ᠎ᠶ᠋ᠢᠨ 16 ᠤ ᠡᠳᠦᠷ᠎ᠠᠴᠠ 《ᠴᠠᠭᠠᠰᠤᠨ ᠪᠢᠯᠧᠲ ᠬᠡᠷᠡᠭ᠌ᠰᠡᠬᠦ᠌ ᠦᠬᠡᠢ᠎ᠪᠠᠷ ᠨᠢᠰᠭᠡᠯ᠎ᠳᠤ ᠭᠠᠷᠬᠤ》 ᠦᠢᠯᠡᠴᠢᠯᠡᠭᠡ ᠬᠠᠩᠭᠠᠵᠤ᠂ ᠠᠶᠠᠨᠴᠢᠳ ᠨᠢᠰᠭᠡᠯ᠎ᠳᠤ ᠭᠠᠷᠬᠤ ᠡᠯᠧᠺᠲᠷᠤᠨ ᠺᠠᠷᠲ ᠪᠠ ᠬᠤᠪᠢ ᠬᠦᠮᠥᠨ᠎ᠤ ᠬᠦᠴᠦᠨ ᠪᠦᠬᠦᠢ ᠦᠨᠡᠮᠯᠡᠯᠢᠶᠠᠷᠢᠶᠠᠨ ᠨᠢᠰᠭᠡᠯ᠎ᠳᠤ ᠰᠠᠭᠤᠵᠤ ᠪᠤᠯᠤᠨ᠎ᠠ᠃ • 3 ᠰᠠᠷ᠎ᠠ᠎ᠶ᠋ᠢᠨ 15 ᠤ ᠡᠳᠦᠷ ᠶᠠᠪᠤᠭ᠍ᠳᠠᠭ᠍ᠰᠠᠨ ᠡᠷᠢᠶᠡᠨ ᠬᠤᠳᠠ᠎ᠶ᠋ᠢᠨ 2018 ᠤᠨ᠎ᠤ 《ᠰᠦᠯᠳᠡ ᠬᠤᠨᠳᠠᠭᠠᠳᠤ》 ᠳᠤᠮᠳᠠᠳᠤ᠂ ᠮᠤᠩᠭᠤᠯ᠂ ᠤᠷᠤᠰ᠎ᠤᠨ ᠮᠤᠩᠭᠤᠯ ᠪᠦᠬᠡ᠎ᠶ᠋ᠢᠨ ᠪᠠᠷᠢᠯᠳᠤᠭᠠᠨ᠎ᠳᠤ 256 ᠬᠦᠴᠦᠲᠤ ᠪᠦᠬᠡ ᠵᠤᠳᠤᠭ᠍ᠯᠠᠵᠤ᠂ ᠵᠡᠭᠦᠨ ᠦᠵᠦᠮᠦᠴᠢᠨ ᠬᠤᠱᠢᠭᠤᠨ᠎ᠤ ᠴᠢᠬᠢᠷᠠᠭ ᠲᠡᠷᠢᠭᠦᠯᠡᠵᠤ᠂ ᠵᠡᠭᠦᠨ ᠦᠵᠦᠮᠦᠴᠢᠨ ᠬᠤᠱᠢᠭᠤᠨ᠎ᠤ ᠪᠠᠶᠠᠷᠪᠠᠭᠠᠲᠤᠷ ᠳᠡᠳ᠋ᠯᠡᠪᠡ᠃ • ᠪᠦᠬᠦ᠌ ᠤᠷᠤᠨ᠎ᠤ ᠤᠯᠠᠭᠠᠨᠮᠦᠴᠢᠷ᠎ᠤᠨ ᠳᠦᠷᠪᠡᠨ ᠤᠲᠠᠰᠤᠲᠤ ᠬᠤᠭᠤᠷ᠎ᠤᠨ ᠪᠤᠯᠪᠠᠰᠤᠷᠠᠯ᠎ᠤᠨ ᠠᠩᠭᠢ 3 ᠰᠠᠷ᠎ᠠ᠎ᠶ᠋ᠢᠨ 15 ᠤ ᠡᠳᠦᠷ ᠬᠦᠬᠡᠬᠤᠲᠠ᠎ᠳᠤ ᠬᠢᠴᠢᠶᠡᠯ ᠡᠬᠢᠯᠡᠵᠤ᠂ ᠬᠦᠬᠡᠬᠤᠲᠠ᠂ ᠪᠤᠭᠤᠲᠤ᠌᠂ ᠤᠯᠠᠭᠠᠨᠴᠠᠪ᠂ ᠱᠢᠯᠢ᠎ᠶ᠋ᠢᠨ ᠭᠤᠤᠯ᠂ ᠤᠯᠠᠭᠠᠨᠬᠠᠳᠠ᠂ ᠬᠢᠩᠭᠠᠨ᠂ ᠪᠠᠶᠠᠨᠨᠠᠭᠤᠷ ᠵᠡᠷᠭᠡ 7 ᠠᠢᠮᠠᠭ ᠬᠤᠲᠠ᠎ᠶ᠋ᠢᠨ 22 ᠲᠤᠭ᠍ᠯᠠᠭ᠍ᠴᠢ ᠬᠦᠷᠦᠯᠴᠡᠨ ᠢᠷᠡᠵᠥ᠍ ᠰᠤᠷᠤᠯᠴᠠᠵᠤ ᠪᠠᠢᠨ᠎ᠠ᠃ • ᠬᠦᠬᠡᠬᠤᠲᠠ ᠡᠨᠡ ᠵᠢᠯ ᠰᠦᠢᠳᠭᠡᠯ ᠬᠤᠷᠢᠶᠠᠬᠤ ᠦᠬᠡᠢ 2 ᠲᠦᠮᠡᠨ ᠲᠡᠷᠭᠡᠨ ᠵᠤᠭ᠍ᠰᠤᠭᠠᠯ ᠨᠡᠮᠡᠬᠦ᠌᠎ᠪᠠᠷ ᠪᠠᠢᠬᠤ ᠪᠦᠭᠡᠳ ᠱᠢᠨ᠎ᠡ᠎ᠪᠠᠷ ᠭᠠᠷᠭᠠᠬᠤ ᠲᠡᠷᠭᠡᠨ ᠵᠤᠭ᠍ᠰᠤᠭᠠᠯᠤᠨ ᠵᠠᠢ᠎ᠨᠢ ᠶᠡᠭᠡ ᠲᠤᠯᠠ ᠲᠤᠮᠤ ᠬᠡᠯᠪᠡᠷᠢ᠎ᠶ᠋ᠢᠨ ᠲᠡᠷᠭᠡ ᠵᠤᠭ᠍ᠰᠤᠬᠤᠳᠤ ᠨᠡᠩ ᠳᠦᠭᠦᠮ ᠪᠤᠯᠤᠨ᠎ᠠ᠃ ᠦᠨᠦᠳᠦᠷ᠎ᠤᠨ ᠨᠡᠪᠲᠡᠷᠡᠭᠦᠯᠭᠡ ᠮᠠᠨᠢ ᠡᠭᠦᠪᠡᠷ ᠦᠨᠳᠦᠷᠯᠡᠵᠤ ᠪᠠᠢᠨ᠎ᠠ᠃ ᠬᠦᠯᠢᠶᠡᠨ ᠠᠪᠴᠤ᠌ ᠰᠤᠨᠤᠰᠤᠭ᠍ᠰᠠᠨ᠎ᠳᠤ ᠪᠠᠶᠠᠷᠯᠠᠯ᠎ᠠ᠃ ᠲᠠᠷᠠᠭᠠᠴᠢ᠎ᠶ᠋ᠢᠨ ᠳ᠋ᠤᠭᠠᠷ᠎ᠲᠠᠭᠠᠨ ᠲᠠᠭᠢᠨ ᠵᠤᠯᠭᠠᠶ᠎ᠠ᠂ ᠪᠠᠶᠠᠷᠳᠠᠢ! ᠨᠠᠢᠷᠠᠭᠤᠯᠤᠨ ᠨᠡᠪᠲᠡᠷᠡᠭᠦᠯᠦᠭ᠌ᠴᠢ᠄ ᠨᠠᠮᠤᠭ ᠮᠡᠷᠭᠡᠵᠢᠯ᠄ ᠤᠶᠤᠨᠳᠠᠯᠠᠢ ᠬᠢᠨᠠᠭ᠍ᠴᠢ᠄ ᠴᠡᠴᠡᠭ |
|
|
|
|
|
|
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6659832
ᠢᠮᠧᠯ᠄tn@mgyxw.net 蒙ICP备10000005号
|