3 ᠰᠠᠷ᠎ᠠ᠎ᠶ᠋ᠢᠨ 19 ᠎ᠤ ᠡᠳᠦᠷ
ᠡᠬᠢᠯᠡᠬᠦ᠌ ᠴᠠᠭ᠄
2018-03-19 15:01:40
ᠨᠠᠶ᠋ᠢᠷᠠᠭᠤᠯᠤᠭᠴᠢ ᠄
ᠲᠣᠲᠥᠷᠬᠠᠢ ᠦᠭᠡᠢ
ᠨᠡᠪᠲᠡᠷᠡᠬᠦᠯᠦᠭᠴᠢ ᠄
ᠲᠣᠲᠥᠷᠬᠠᠢ ᠦᠭᠡᠢ
ᠮᠡᠷᠭᠡᠵᠢᠯ ᠄
ᠲᠣᠲᠥᠷᠬᠠᠢ ᠦᠭᠡᠢ
ᠤᠩᠰᠢᠭᠰᠠᠨ ᠤᠳᠠᠭ᠎ᠠ᠄

      ᠡᠷᠭᠢᠮ ᠭᠦᠨᠳᠦᠳᠦ ᠰᠦᠯᠵᠢᠶᠠᠨ ᠠᠨᠳᠠ ᠨᠠᠷ ᠮᠢᠨᠢ ᠰᠠᠢᠨ ᠪᠠᠢᠨᠠᠦ?
     ᠦᠨᠦᠳᠦᠷ ᠪᠤᠯ 2018 ᠤᠨ᠎ᠤ 3 ᠰᠠᠷ᠎ᠠ᠎ᠶ᠋ᠢᠨ 19᠂ ᠪᠢᠯᠢᠭ᠎ᠤᠨ ᠤᠯᠠᠷᠢᠯ᠎ᠤᠨ ᠱᠢᠷ᠎ᠠ ᠨᠤᠬᠠᠢ ᠵᠢᠯ᠎ᠤᠨ 2 ᠰᠠᠷ᠎ᠠ᠎ᠶ᠋ᠢᠨ 3᠂ ᠭᠠᠷᠠᠭ᠎ᠤᠨ ᠨᠢᠭᠡᠨ᠃ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ 《ᠪᠦᠬᠦ᠌ ᠤᠯᠣᠰ᠎ᠤᠨ ᠬᠤᠶᠠᠷ ᠬᠤᠷᠠᠯ》 ᠎ᠳᠤ ᠵᠣᠷᠢᠭᠤᠯᠣᠬ᠍ᠰᠠᠨ ᠤᠠᠴᠠ ᠨᠡᠪᠲᠡᠷᠡᠭᠦᠯᠭᠡ ᠲᠠ ᠪᠦᠬᠦᠨ᠎ᠳᠡᠭᠡᠨ ᠬᠦᠷᠴᠥ᠍ ᠪᠠᠢᠨ᠎ᠠ᠂ ᠠᠩᠬᠠᠷᠤᠯ᠎ᠢᠶᠠᠨ ᠬᠠᠨᠳᠤᠭᠤᠯᠬᠤ ᠪᠤᠯᠪᠠᠦ!
     ᠤᠷᠢᠳᠠᠪᠡᠷ ᠬᠤᠶᠠᠷ ᠬᠤᠷᠠᠯ᠎ᠤᠨ ᠮᠡᠳᠡᠭᠡ᠎ᠶ᠋ᠢ ᠳᠠᠮᠵᠢᠭᠤᠯᠣᠶ᠎ᠠ
     • ᠦᠨᠦᠳᠦᠷ᠎ᠤᠨ ᠦᠳᠡ᠎ᠶ᠋ᠢᠨ ᠡᠮᠦᠨᠡᠬᠢ 9᠄ 00 ᠴᠠᠭ᠎ᠲᠤ᠌᠂ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠣᠰ᠎ᠤᠨ ᠠᠷᠠᠳ᠎ᠤᠨ ᠲᠦᠯᠥᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ ᠳᠤᠯᠤᠳᠤᠭᠠᠷ ᠤᠳᠠᠭ᠎ᠠ᠎ᠶ᠋ᠢᠨ ᠪᠦᠬᠦᠳᠡ ᠬᠤᠷᠠᠯ  ᠬᠤᠷᠠᠯᠳᠣᠨ᠎ᠠ᠃ ᠳᠦᠷᠦ᠎ᠶ᠋ᠢᠨ ᠶᠠᠪᠤᠳᠠᠯ᠎ᠤᠨ ᠬᠤᠷᠢᠶᠠᠨ᠎ᠤ ᠳᠡᠳ᠋ ᠶᠡᠷᠦᠩᠭᠡᠢ ᠰᠠᠢᠳ᠂ ᠲᠦᠷᠦ᠎ᠶ᠋ᠢᠨ ᠶᠠᠪᠤᠳᠠᠯ᠎ᠤᠨ ᠬᠤᠷᠢᠶᠠᠨ᠎ᠤ ᠭᠡᠱᠢᠭᠦᠨ᠂  ᠡᠯ᠎ᠡ ᠶᠠᠮᠤᠨ᠎ᠤ ᠰᠠᠢᠳ᠂ ᠡᠯ᠎ᠡ ᠵᠦᠪᠯᠡᠯ᠎ᠤᠨ ᠡᠷᠬᠢᠯᠡᠭ᠌ᠴᠢ᠂ ᠳᠤᠮᠳᠠᠳᠤ ᠤᠯᠤᠰ᠎ᠤᠨ ᠠᠷᠠᠳ᠎ᠤᠨ ᠪᠠᠩᠬᠢ᠎ᠶ᠋ᠢᠨ ᠪᠠᠩᠭᠢ᠎ᠶ᠋ᠢᠨ ᠳᠠᠷᠤᠭ᠎ᠠ᠂ ᠬᠢᠨᠠᠨ ᠪᠤᠳᠤᠬᠤ ᠵᠠᠬᠢᠷᠭ᠎ᠠ᠎ᠶ᠋ᠢᠨ  ᠲᠠᠷᠤᠭ᠎ᠠ᠂ ᠨᠠᠷᠢᠨ ᠪᠢᠴᠢᠭ᠎ᠤᠨ ᠲᠠᠷᠤᠭ᠎ᠠ᠎ᠶ᠋ᠢᠨ ᠵᠢᠱ᠌ᠢᠭ᠌ᠳᠡᠭ᠌ᠴᠢ᠎ᠶ᠋ᠢ ᠲᠤᠭ᠍ᠳᠠᠭᠠᠨ᠎ᠠ; ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠦᠨᠳᠦᠰᠦᠲᠡᠨ᠎ᠤ ᠬᠡᠷᠡᠭ ᠡᠷᠬᠢᠯᠡᠬᠦ᠌ ᠵᠦᠪᠯᠡᠯ᠂ ᠳᠤᠲᠤᠭᠠᠳᠤ ᠶᠠᠪᠤᠳᠠᠯ᠎ᠤᠨ ᠬᠠᠤᠯᠢ ᠴᠠᠭᠠᠵᠠ᠎ᠶ᠋ᠢᠨ ᠵᠦᠪᠯᠡᠯ᠂ ᠰᠤᠷᠭᠠᠨ ᠬᠦᠮᠦᠵᠢᠯ ᠱᠢᠨᠵᠢᠯᠡᠬᠦ᠌ ᠤᠬᠠᠭᠠᠨ ᠰᠤᠶᠤᠯ ᠡᠷᠡᠭᠦᠯ ᠬᠠᠮᠠᠭᠠᠯᠠᠯ᠎ᠤᠨ ᠵᠦᠪᠯᠡᠯ᠂ ᠭᠠᠳᠠᠭᠠᠳᠤ ᠶᠠᠪᠤᠳᠠᠯ᠎ᠤᠨ ᠵᠦᠪᠯᠡᠯ᠂ ᠳᠤᠮᠳᠠᠳᠤ᠎ᠶ᠋ᠢᠨ ᠬᠠᠷᠢᠶᠠᠲᠤ᠎ᠶ᠋ᠢᠨ ᠵᠦᠪᠯᠡᠯ᠂ ᠤᠷᠴᠢᠨ ᠲᠤᠭᠤᠷᠢᠨ ᠪᠤᠯᠤᠨ ᠡᠬᠢ ᠪᠠᠶᠠᠯᠢᠭ᠎ᠤᠨ ᠬᠠᠮᠠᠭᠠᠯᠠᠯᠲᠠ᠎ᠶ᠋ᠢᠨ ᠵᠦᠪᠯᠡᠯ᠂ ᠬᠦᠳᠡᠭᠡ ᠠᠵᠤ ᠠᠬᠤᠢ ᠪᠤᠯᠤᠨ ᠬᠦᠳᠡᠭᠡ ᠲᠤᠰᠭᠤᠨ᠎ᠤ ᠵᠦᠪᠯᠡᠯ᠎ᠤᠨ ᠡᠷᠬᠢᠯᠡᠭ᠌ᠴᠢ ᠭᠡᠱᠢᠭᠦᠨ᠂ ᠳᠡᠳ᠋ ᠡᠷᠬᠢᠯᠡᠭ᠌ᠴᠢ ᠭᠡᠱᠢᠭᠦᠨ᠂ ᠭᠡᠱᠢᠭᠦᠨ᠎ᠤ ᠵᠢᠱ᠌ᠢᠭ᠌ᠳᠡᠭ᠌ᠴᠢ᠎ᠶ᠋ᠢᠨ ᠨᠠᠷᠡᠰ᠎ᠤᠨ ᠲᠦᠰᠦᠯ᠎ᠢ ᠲᠤᠰ ᠲᠤᠰ ᠪᠠᠳᠤᠯᠠᠨ᠎ᠠ᠃ ᠰᠤᠩᠭᠤᠭᠤᠯᠢ᠎ᠶ᠋ᠢᠨ ᠦᠷ᠎ᠡ ᠳ᠋ᠦᠡᠭ᠎ᠢ ᠨᠡᠢᠲᠡᠯᠡᠭ᠌ᠰᠡᠨ᠎ᠤ  ᠲᠠᠷᠠᠭ᠎ᠠ᠂ ᠤᠯᠤᠰ᠎ᠤᠨ ᠲᠡᠷᠢᠭᠦᠯᠡᠭ᠌ᠴᠢ᠎ᠠᠴᠠ ᠲᠡᠷᠢᠭᠦᠯᠡᠭ᠌ᠴᠢ᠎ᠶ᠋ᠢᠨ ᠵᠠᠷᠯᠢᠭ᠎ᠲᠤ ᠭᠠᠷ᠎ᠤᠨ ᠦᠰᠦᠭ ᠵᠢᠷᠤᠵᠤ᠂ ᠲᠦᠷᠦ᠎ᠶ᠋ᠢᠨ ᠶᠠᠪᠤᠳᠠᠯ᠎ᠤᠨ ᠬᠤᠷᠢᠶᠠᠨ᠎ᠤ ᠳᠡᠳ᠋ ᠶᠡᠷᠦᠩᠬᠡᠢ ᠰᠠᠢᠳ᠂ ᠲᠦᠷᠦ᠎ᠶ᠋ᠢᠨ ᠶᠠᠪᠤᠳᠠᠯ᠎ᠤᠨ ᠬᠤᠷᠢᠶᠠᠨ᠎ᠤ ᠭᠡᠱᠢᠭᠦᠨ᠂ ᠡᠯ᠎ᠡ ᠶᠠᠮᠤᠨ᠎ᠤ ᠰᠠᠢᠳ᠂ ᠡᠯ᠎ᠡ ᠵᠦᠪᠯᠡᠯ᠎ᠤᠨ ᠡᠷᠬᠢᠯᠡᠭ᠌ᠴᠢ᠂ ᠳᠤᠮᠳᠠᠳᠤ ᠤᠯᠤᠰ᠎ᠤᠨ ᠠᠷᠠᠳ᠎ᠤᠨ ᠪᠠᠩᠬᠢ᠎ᠶ᠋ᠢᠨ ᠪᠠᠩᠭᠢ᠎ᠶ᠋ᠢᠨ ᠳᠠᠷᠤᠭ᠎ᠠ᠂ ᠬᠢᠨᠠᠨ ᠪᠤᠳᠤᠬᠤ ᠵᠠᠬᠢᠷᠭ᠎ᠠ᠎ᠶ᠋ᠢᠨ ᠲᠠᠷᠤᠭ᠎ᠠ᠂ ᠨᠠᠷᠢᠨ ᠪᠢᠴᠢᠭ᠎ᠤᠨ ᠳᠠᠷᠤᠭ᠋ ᠎ᠠ᠎ᠶ᠋ᠢ  ᠲᠣᠮᠢᠯᠠᠨ᠎ᠠ᠃ ᠦᠨᠳᠦᠰᠦᠨ ᠬᠠᠤᠯᠢ᠎ᠳᠤ ᠲᠠᠩᠭᠠᠷᠢᠭ᠍ᠯᠠᠬᠤ ᠶᠤᠰᠤᠯᠠᠯ ᠶᠠᠪᠤᠭ᠍ᠳᠠᠭᠤᠯᠤᠨ᠋ ᠎ᠠ᠃
     • ᠦᠨᠦᠳᠦᠷ᠎ᠤᠨ ᠦᠳᠡ᠎ᠶ᠋ᠢᠨ ᠬᠤᠢᠨᠠᠬᠢ 3᠄ 00 ᠴᠠᠭ᠎ᠲᠤ ᠪᠦᠬᠦ᠌ ᠪᠦᠯᠬᠦᠮ᠎ᠤᠨ ᠬᠤᠷᠠᠯ ᠬᠢᠵᠥ᠍᠂ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠂ ᠤᠨ᠎ᠤ ᠲᠦᠯᠦᠪᠯᠡᠭᠡ᠂ ᠤᠨ᠎ᠤ ᠲᠦᠰᠦᠪ᠂ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶ ᠎ᠠ᠎ᠶ᠋ᠢᠨ ᠠᠵᠢᠯ᠎ᠤᠨ ᠮᠡᠳᠡᠭᠦᠯᠦᠯᠲᠡ᠂ ᠠᠷᠠᠳ᠎ᠤᠨ ᠳᠡᠭᠡᠳᠤ ᠱᠢᠭᠦᠭᠦ᠌ ᠬᠤᠷᠢᠶ᠎ᠠ᠎ᠶ᠋ᠢᠨ ᠠᠵᠢᠯ᠎ᠤᠨ ᠮᠡᠳᠡᠬᠦᠯᠥᠯᠳᠡ᠂ ᠠᠷᠠᠳ᠎ᠤᠨ ᠳᠡᠭᠡᠳᠤ ᠪᠠᠢᠴᠠᠭᠠᠬᠤ ᠬᠤᠷᠢᠶ᠎ᠠ᠎ᠶ᠋ᠢᠨ ᠠᠵᠢᠯ᠎ᠤᠨ ᠮᠡᠳᠡᠬᠦᠯᠥᠯᠳᠡ ᠵᠡᠷᠬᠡ ᠵᠢᠷᠭᠤᠭᠠᠨ ᠲᠤᠭ᠍ᠳᠠᠭᠠᠯ᠎ᠤᠨ ᠲᠦᠰᠦᠯ ᠪᠠ ᠬᠢᠨᠠᠨ ᠪᠠᠢᠴᠠᠭᠠᠬᠤ ᠬᠠᠤᠯᠢ᠎ᠶ᠋ᠢᠨ ᠲᠦᠰᠦᠯ᠎ᠤᠨ ᠲᠤᠬᠠᠢ ᠰᠠᠨᠠᠭᠤᠯᠭ᠎ᠠ᠎ᠶ᠋ᠢ ᠪᠠᠳᠤᠯᠠᠬᠤ ᠡᠬᠡ ᠨᠤᠣᠷᠠᠭ᠎ᠢ ᠬᠢᠨᠠᠨ ᠵᠦᠪᠯᠡᠨ᠎ᠡ᠃ 6᠄ 00 ᠴᠠᠭ᠎ᠲᠤ ᠲᠡᠷᠢᠭᠦᠯᠡᠭ᠌ᠴᠢᠳ᠎ᠤᠨ ᠪᠦᠯᠬᠦᠮ᠎ᠤᠨ ᠠᠷᠪᠠᠨ ᠨᠢᠭᠡᠳᠦᠭᠡᠷ ᠤᠳᠠᠭ᠋ ᠎ᠠ᠎ᠶ᠋ᠢᠨ ᠬᠤᠷᠠᠯ ᠬᠤᠷᠠᠯᠳᠤᠨ᠎ᠠ᠃
     ᠳᠠᠷᠠᠭ᠎ᠠ᠎ᠨᠢ ᠴᠠᠭ ᠲᠦᠷᠥ᠎ᠶ᠋ᠢᠨ ᠮᠡᠳᠡᠭᠡ᠎ᠳᠤ ᠠᠩᠬᠠᠷᠤᠯ᠎ᠢᠶᠠᠨ ᠬᠠᠨᠳᠤᠭᠤᠯᠤᠶ᠎ᠠ
     • 3 ᠰᠠᠷ᠎ᠠ᠎ᠶ᠋ᠢᠨ 18 ᠎ᠤ ᠦᠳᠡ᠎ᠶ᠋ᠢᠨ ᠡᠮᠦᠨ᠎ᠡ᠂ ᠪᠢᠯᠧᠲ ᠦᠭ᠌ᠴᠥ ᠪᠠᠳᠤᠯᠠᠬᠤ᠎ᠪᠠᠷ ᠳᠠᠮᠵᠢᠨ᠂ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠣᠰ᠎ᠤᠨ ᠠᠷᠠᠳ᠎ᠤᠨ ᠲᠦᠯᠥᠭᠡᠯᠡᠭ᠌ᠴᠢᠳ᠎ᠤᠨ ᠶᠡᠭᠡ ᠬᠤᠷᠠᠯ᠎ᠤᠨ ᠠᠩᠬᠠᠳᠤᠭᠠᠷ ᠬᠤᠷᠠᠯ᠎ᠠᠴᠠ ᠯᠢ ᠺᠧ ᠴᠢᠶᠠᠩ᠎ᠢ ᠪᠦᠭᠦᠳᠡ ᠨᠠᠢᠷᠠᠮᠳᠠᠬᠤ ᠳᠤᠮᠳᠠᠲᠦ ᠠᠷᠠᠳ ᠣᠯᠤᠰ᠎ᠤᠨ ᠲᠦᠷᠥ᠎ᠶ᠋ᠢᠨ ᠶᠠᠪᠤᠳᠠᠯ᠎ᠤᠨ ᠬᠤᠷᠢᠶᠠᠨ᠎ᠤ ᠶᠡᠷᠦᠩᠬᠡᠢ ᠰᠠᠢᠳ᠎ᠢᠶᠠᠷ  ᠲᠤᠬ᠍ᠲᠠᠭᠠᠪᠠ᠃ ᠦᠠᠳᠦᠰᠦᠨ  ᠬᠠᠤᠯᠢ᠎ᠶ᠋ᠢᠨ   ᠶᠤᠰᠤᠭᠠᠷ᠂ ᠣᠯᠤᠰ᠎ᠤᠨ  ᠲᠡᠷᠢᠭᠦᠯᠡᠭ᠌ᠴᠢ  ᠰᠢ᠎ᠶ᠋ᠢᠨ ᠫᠢᠩ ᠲᠡᠷᠢᠭᠦᠯᠡᠭ᠌ᠴᠢ ᠎ᠶ᠋ᠢᠨ  ᠵᠠᠷᠯᠢᠭ ᠎ᠲᠤ  ᠭᠠᠷ᠎ᠤᠨ ᠦᠰᠦᠭ ᠵᠢᠷᠤᠵᠥ᠍ ᠲᠤᠱᠢᠶᠠᠯ᠎ᠳᠤ ᠲᠤᠮᠢᠯᠠᠪᠠ᠃ ᠱᠢᠤᠢ ᠴᠢ ᠯᠢᠶᠠᠩ᠂ ᠵᠠᠩ ᠶᠢᠦ ᠱᠢᠶᠠ᠎ᠶ᠋ᠢ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠳᠡᠳ᠋ ᠲᠡᠷᠢᠭᠦᠯᠡᠭ᠌ᠴᠢ᠎ᠪᠠᠷ ᠲᠤᠬ᠍ᠲᠠᠭᠠᠪᠠ᠃ ᠶᠠᠩ ᠱᠢᠶᠤᠣ ᠳ᠋ᠦ᠋ ᠣᠯᠤᠰ᠎ᠤᠨ ᠬᠢᠨᠠᠨ ᠪᠠᠢᠴᠠᠭᠠᠬᠤ ᠵᠦᠪᠯᠡᠯ᠎ᠤᠨ ᠳᠠᠷᠤᠭ᠎ᠠ᠎ᠪᠠᠷ᠂ ᠵᠸᠦ ᠴᠢᠶᠠᠩ ᠠᠷᠠᠳ᠎ᠤᠨ ᠳᠡᠭᠡᠲᠦ ᠱᠢᠭᠦᠬᠦ᠌ ᠬᠤᠷᠢᠶ᠎ᠠ᠎ᠶ᠋ᠢᠨ ᠳᠠᠷᠤᠭ᠎ᠠ᠎ᠪᠠᠷ᠂ ᠵᠠᠩ ᠵᠢᠶᠦ᠋ᠨ ᠠᠷᠠᠳ᠎ᠤᠨ ᠲᠡᠭᠡᠳᠦ ᠪᠠᠢᠴᠠᠭᠠᠬᠤ ᠬᠤᠷᠢᠶᠠᠨ᠎ᠤ ᠪᠠᠢᠴᠠᠭᠠᠬᠤ ᠲᠠᠷᠤᠭ᠎ᠠ᠎ᠪᠠᠷ ᠰᠤᠩᠭᠤᠭ᠍ᠳᠠᠪᠠ᠃
     • 3 ᠰᠠᠷ᠎ᠠ᠎ᠶ᠋ᠢᠨ 17 ᠎ᠤ ᠡᠳᠤᠷ᠎ᠠᠴᠠ ᠨᠠᠰᠢ᠂ ᠤᠷᠣᠰ᠎ᠤᠨ ᠶᠡᠷᠤᠩᠬᠡᠢᠯᠡᠭ᠌ᠴᠢ ᠫᠦᠲ᠋ᠢᠨ᠂ ᠭᠧᠷᠮᠠᠨ᠎ᠤ ᠶᠡᠷᠦᠩᠬᠡᠢ ᠰᠠᠢᠳ ᠮᠤᠺᠧᠷ ᠵᠡᠷᠬᠡ ᠤᠯᠠᠨ ᠤᠯᠤᠰ᠎ᠤᠨ ᠤᠳᠤᠷᠢᠳᠭᠤ ᠬᠦᠮᠥᠰ ᠤᠯᠤᠰ᠎ᠤᠨ ᠲᠡᠷᠢᠬᠦᠯᠡᠭ᠌ᠴᠢ ᠰᠢ᠎ᠶ᠋ᠢᠨ ᠫᠢᠩ᠎ᠳᠤ ᠪᠠᠶᠠᠷ᠎ᠤᠨ ᠴᠠᠬᠢᠯᠭᠠᠨ ᠴᠢᠮᠡᠭᠡ ᠢᠷᠡᠬᠦᠯᠵᠥ᠍᠂ ᠰᠢ᠎ᠶ᠋ᠢᠨ ᠫᠢᠩ᠎ᠤᠨ ᠪᠦᠬᠦᠳᠡ ᠨᠠᠢᠷᠠᠮᠳᠠᠬᠤ ᠲᠤᠮᠳᠠᠳᠤ ᠠᠷᠠᠳ ᠤᠯᠤᠰ᠎ᠤᠨ ᠲᠡᠷᠢᠬᠦᠯᠡᠭ᠌ᠴᠢ᠎ᠪᠠᠷ ᠰᠤᠩᠭᠤᠭ᠍ᠳᠠᠭ᠍ᠰᠠᠠ᠎ᠳᠤ ᠬᠠᠯᠠᠭᠤᠨ ᠪᠠᠶᠠᠷ ᠬᠦᠷᠬᠡᠪᠡ᠃
     ᠵᠠᠯᠭᠠᠭᠠᠳ ᠪᠢᠳᠠ ᠪᠤᠰᠣᠳ ᠰᠤᠨᠢᠨ ᠮᠡᠳᠡᠭᠡ᠎ᠠᠴᠠ ᠤᠢ᠍ᠢᠯᠠᠭᠠᠶ᠎ᠠ
     • 2017 ᠣᠨ᠎ᠳᠤ ᠮᠠᠨ᠎ᠤ ᠤᠷᠤᠨ᠎ᠤ ᠠᠵᠤ ᠠᠬᠤᠢ ᠨᠡᠢᠭᠡᠮ᠎ᠤᠨ ᠦᠷᠬᠦᠯᠵᠢᠯᠡᠨ ᠡᠷᠡᠬᠦᠯ᠎ᠢᠶᠠᠷ ᠬᠦᠭ᠌ᠵᠢᠬᠦ᠌᠎ᠶ᠋ᠢ ᠠᠬᠢᠭᠤᠯᠬᠤ᠎ᠶ᠋ᠢᠨ ᠲᠦᠯᠦᠭᠡ᠂ ᠲᠦᠪ᠎ᠤᠨ ᠡᠳ᠋᠎ᠤᠨ ᠵᠠᠰᠠᠭ᠎ᠠᠴᠠ ᠮᠠᠨ᠎ᠤ ᠤᠷᠣᠨ᠎ᠳᠤ ᠪᠠᠭᠤᠯᠭᠠᠭ᠍ᠰᠠᠨ ᠡᠯ᠎ᠡ ᠲᠦᠷᠥᠯ᠎ᠤᠨ ᠨᠦᠬᠦᠪᠤᠷᠢ 2523 ᠳ᠋ᠦᠩᠱᠢᠭᠤᠷ ᠲᠦᠬᠦᠷᠢᠭ ᠬᠦᠷᠴᠦ᠍᠂ ᠤᠷᠵᠢᠨᠤᠨ᠎ᠤ᠎ᠬᠢ᠎ᠠᠴᠠ 6.2% ᠎ᠢᠶᠠᠷ ᠨᠡᠮᠡᠭ᠌ᠳᠡᠵᠡᠢ᠃
     • ᠬᠦᠬᠡᠬᠤᠲᠠ᠎ᠶ᠋ᠢᠨ ᠨᠢᠰᠭᠡᠯ᠎ᠤᠨ ᠪᠠᠭᠤᠳᠠᠯ ᠪᠤᠯᠣᠨ ᠲᠡᠮᠦᠷ ᠵᠠᠮ᠎ᠤᠨ ᠪᠦᠳᠦᠭᠡᠨ ᠪᠠᠢᠭᠤᠯᠣᠯᠲᠠ᠎ᠶ᠋ᠢᠨ ᠲᠦᠷᠥᠯ ᠵᠦᠢᠯ᠎ᠤᠨ ᠠᠯᠪᠠᠨ ᠭᠡᠷ᠎ᠠᠴᠠ ᠬᠦᠬᠡᠬᠤᠳᠠ᠎ᠶ᠋ᠢᠨ ᠭᠠᠯᠳᠤ ᠲᠡᠷᠭᠡᠨ᠎ᠤ ᠡᠮᠦᠨ᠎ᠡ ᠦᠷᠲᠡᠭᠡ ᠪᠠᠢᠭᠤᠯᠬᠤ ᠲᠤᠬᠠᠢ ᠲᠦᠰᠦᠪ᠎ᠤᠨ ᠮᠡᠳᠡᠬᠦᠯᠥᠯᠳᠡ᠎ᠪᠠᠨ ᠬᠦᠬᠡᠬᠤᠲᠠ᠎ᠶ᠋ᠢᠨ ᠵᠠᠰᠠᠭ᠎ᠤᠨ ᠤᠷᠳᠣᠨ᠎ᠳᠤ ᠲᠡᠪᠱᠢᠬᠦᠯᠪᠡ᠃
     • 2018 ᠣᠨ᠎ᠤ 40 ᠡᠳᠦᠷ᠎ᠤᠨ ᠴᠠᠭᠠᠨ ᠰᠠᠷ᠎ᠠ᠎ᠶ᠋ᠢᠨ ᠵᠦᠭᠡᠭᠡᠪᠦᠷᠢᠯᠡᠯᠲᠡ᠎ᠶ᠋ᠢᠨ ᠬᠤᠭᠤᠴᠠᠭᠠᠨ᠎ᠳᠤ ᠬᠦᠬᠡᠬᠤᠲᠠ᠎ᠶ᠋ᠢᠨ ᠴᠠᠭᠠᠨ ᠰᠤᠪᠤᠷᠭ᠎ᠠ ᠤᠯᠠᠨ ᠤᠯᠣᠰ᠎ᠤᠨ ᠨᠢᠰᠭᠡᠯ᠎ᠤᠨ ᠪᠠᠭᠤᠳᠠᠯ ᠨᠡᠢᠲᠡ 115 ᠲᠦᠮᠡᠨ ᠬᠦᠮᠦᠨ ᠤᠳᠠᠭ᠎ᠠ᠎ᠶ᠋ᠢᠨ ᠠᠶᠠᠠᠴᠢᠳ ᠵᠦᠭᠡᠭᠡᠪᠦᠷᠢᠯᠡᠵᠤ᠂ ᠠᠳᠠᠯᠢ ᠬᠤᠭᠤᠴᠠᠭᠠᠨ᠎ᠤ᠎ᠬᠢ᠎ᠠᠴᠠ 30.8 % ᠎ᠢᠶᠠᠷ ᠨᠡᠮᠡᠭ᠌ᠳᠡᠪᠡ᠃
     • 《3.21》 ᠎ᠤ ᠳᠡᠯᠡᠬᠡᠢ᠎ᠶ᠋ᠢᠨ ᠢᠷᠠᠭᠤ ᠨᠠᠢᠷᠠᠭ᠎ᠤᠨ ᠡᠳᠦᠷ᠎ᠢ ᠳᠡᠮᠳᠡᠭ᠌ᠯᠡᠬᠦ᠌ 10 ᠳ᠋ᠤᠭᠠᠷ ᠬᠤᠭᠤᠴᠠᠭᠠᠨ᠎ᠤ ᠠᠯᠠᠱᠠ ᠢᠷᠠᠭᠤ ᠨᠠᠢᠷᠠᠭ᠎ᠤᠨ ᠨᠠᠭᠠᠳᠤᠮ᠎ᠤᠨ ᠠᠩᠬᠠᠨ᠎ᠤ ᠱᠢᠯᠭᠠᠷᠠᠭᠤᠯᠣᠯᠲᠠ᠎ᠪᠠᠷ ᠳᠠᠮᠵᠢᠨ ᠨᠡᠢᠲᠡ 16 ᠪᠦᠳᠦᠭᠡᠯ ᠱᠢᠢᠳᠪᠦᠷᠢᠲᠦ ᠲᠡᠮᠡᠴᠡᠭᠡᠨ᠎ᠳᠤ ᠲᠤᠳᠣᠷᠠᠪᠠ᠃ ᠱᠢᠢᠳᠪᠦᠷᠢᠲᠦ ᠲᠡᠮᠡᠴᠡᠭᠡᠨ᠎ᠢ 3 ᠰᠠᠷ᠎ᠠ᠎ᠶ᠋ᠢᠨ 21 ᠎ᠤ ᠡᠳᠦᠷ ᠡᠵᠡᠨ᠎ᠡ ᠬᠤᠱᠢᠭᠤᠨ᠎ᠤ ᠳᠠᠯᠠᠢᠬᠦ᠋ᠪ ᠪᠠᠯᠭᠠᠰᠣᠨ᠎ᠳᠤ ᠶᠠᠪᠤᠬ᠍ᠳᠠᠭᠤᠯᠬᠤ᠎ᠪᠠᠷ ᠪᠤᠢ᠃
     • 4 ᠰᠠᠷ᠎ᠠ᠎ᠶ᠋ᠢᠨ 21 — 25 ᠎ᠤ ᠡᠳᠦᠷ ᠪᠤᠯᠲᠠᠯ᠎ᠠ 2018 ᠣᠨ᠎ᠤ 《ᠬᠦᠯᠥᠨ ᠪᠤᠢᠷ᠎ᠤᠨ ᠠᠩᠬᠠᠳᠠᠬ᠍ᠴᠢ ᠤᠳᠠᠭᠠᠨ᠎ᠤ ᠳᠤᠮᠳᠠᠲᠦ ᠮᠤᠩᠭᠤᠯ ᠤᠷᠣᠰ᠎ᠤᠨ ᠤᠨᠴᠠᠯᠢᠭ᠍ᠳᠤ ᠰᠤᠶᠤᠯ ᠵᠤᠭᠠᠴᠠᠯ᠎ᠤᠨ ᠰᠤᠯᠢᠯᠴᠠᠭᠠᠨ᠎ᠤ ᠳᠡᠭᠡᠲᠦ ᠳᠡᠰ᠎ᠤᠨ ᠬᠤᠷᠠᠯ》 ᠬᠠᠢᠯᠠᠷ᠎ᠲᠤ ᠶᠠᠪᠤᠬ᠍ᠳᠠᠨ᠎ᠠ᠃
     • ᠦᠪᠦᠷ ᠮᠤᠩᠭᠤᠯ᠎ᠤᠨ ᠴᠠᠭ ᠠᠭᠤᠷ᠎ᠤᠨ ᠲᠤᠪᠴᠢᠶ᠎ᠠ᠎ᠶ᠋ᠢᠨ ᠮᠡᠳᠡᠬᠡᠯᠡᠭ᠌ᠰᠡᠨ᠎ᠢᠶᠠᠷ᠂ 3 ᠰᠠᠷ᠎ᠠ᠎ᠶ᠋ᠢᠨ 19 — 22 ᠎ᠤᠨ ᠡᠳᠦᠷ ᠪᠤᠯᠲᠠᠯ᠎ᠠ ᠮᠠᠨ᠎ᠤ ᠤᠷᠣᠨ᠎ᠤ ᠳᠤᠮᠳᠠ ᠪᠠᠷᠠᠭᠤᠨ ᠬᠡᠰᠡᠭ᠎ᠤᠨ ᠭᠠᠵᠠᠷ ᠤᠷᠣᠨ᠎ᠳᠤ ᠪᠠᠰᠠ ᠨᠢᠭᠡ ᠤᠳᠠᠭᠠᠨ᠎ᠤ ᠬᠤᠷ᠎ᠠ ᠲᠤᠨᠣᠳᠠᠰᠦ ᠪᠠᠭᠤᠬᠤ ᠪᠤᠯᠤᠨ᠎ᠠ᠃
     • 3 ᠰᠠᠷ᠎ᠠ᠎ᠶ᠋ᠢᠨ 18 ᠎ᠤ ᠡᠳᠦᠷ᠂ ᠡᠷᠢᠶᠡᠨ ᠬᠤᠲᠠ᠎ᠶ᠋ᠢᠨ ᠭᠡᠷᠡᠯᠲᠦᠠᠤᠲᠦ ᠰᠤᠮᠣᠨ᠎ᠤ ᠬᠦᠭ᠌ᠵᠢᠯᠳᠤᠶᠠᠭ᠎ᠠ ᠭᠠᠴᠠᠭᠠᠨ᠎ᠳᠤ ᠲᠡᠮᠡᠭᠡᠨ ᠳᠠᠯᠠᠯᠭ᠎ᠠ᠎ᠶ᠋ᠢᠨ ᠨᠠᠢᠷ ᠶᠠᠪᠤᠬ᠍ᠳᠠᠵᠤ᠂ ᠠᠲᠠᠨ ᠲᠡᠮᠡᠬᠡᠨ᠎ᠤ ᠤᠷᠣᠯᠳᠤᠭᠠᠨ᠂ ᠳᠤᠷᠣᠮ᠎ᠤᠨ ᠤᠷᠣᠯᠳᠤᠭᠠᠨ᠂ ᠬᠤᠷᠳᠤᠨ ᠮᠣᠷᠢᠨ᠎ᠤ ᠤᠷᠣᠯᠳᠤᠭᠠᠨ᠂ ᠪᠦᠬᠡ᠎ᠶ᠋ᠢᠨ ᠪᠠᠷᠢᠯᠳᠤᠭᠠᠨ ᠵᠡᠷᠭᠡ ᠡᠯᠪᠡᠭ ᠠᠭᠤᠯᠭ᠎ᠠ᠎ᠪᠠᠷ ᠶᠠᠪᠤᠬ᠍ᠳᠠᠬ᠍ᠰᠠᠨ ᠪᠠᠢᠨ᠎ᠠ᠃
     • 3 ᠰᠠᠷ᠎ᠠ᠎ᠶ᠋ᠢᠨ 18 ᠎ᠤ ᠡᠳᠦᠷ᠂ ᠮᠤᠩᠭᠤᠯ ᠤᠯᠣᠰ᠎ᠤᠨ ᠮᠤᠩᠭᠤᠯ ᠪᠦᠬᠡ᠎ᠶ᠋ᠢᠨ ᠦᠷᠭᠦᠭᠡᠨ᠎ᠳᠤ ᠠᠢᠮᠠᠭ ᠪᠠ ᠴᠡᠷᠢᠭ᠎ᠤᠨ ᠴᠣᠯᠠ᠎ᠲᠠᠢ 256 ᠪᠦᠬᠡ᠎ᠶ᠋ᠢᠨ ᠪᠠᠷᠢᠯᠳᠤᠭᠠᠨ ᠶᠠᠪᠤᠬ᠍ᠳᠠᠵᠥ᠍᠂ ᠠᠢᠮᠠᠭ᠎ᠤᠨ ᠬᠤᠷᠴᠠ ᠠᠷᠰᠯᠠᠨ ᠵᠣᠯᠪᠤᠭ᠎ᠠ ᠲᠡᠷᠢᠭᠦᠯᠡᠪᠡ᠃
     ᠡᠷᠭᠢᠮ ᠭᠦᠨᠳᠦᠳᠦ ᠰᠤᠨᠤᠰᠤᠭ᠍ᠴᠢᠳ ᠡ᠂ ᠦᠨᠦᠳᠦᠷ᠎ᠤᠨ ᠨᠡᠪᠳᠡᠷᠡᠭᠦᠯᠭᠡ ᠮᠠᠨᠢ ᠡᠢᠨᠭᠦ᠌ ᠦᠨᠳᠦᠷᠯᠡᠵᠤ ᠪᠠᠢᠨ᠎ᠠ᠃ ᠲᠠ ᠪᠦᠭᠦᠨ᠎ᠤ ᠭᠦᠯᠢᠶᠠᠨ ᠠᠪᠴᠦ᠍ ᠰᠤᠨᠤᠰᠤᠭ᠍ᠰᠠᠨ᠎ᠳᠤ ᠪᠠᠶᠠᠷᠯᠡᠯ᠎ᠡ᠃ ᠲᠠᠷᠠᠭᠠᠴᠢ᠎ᠶ᠋ᠢᠨ ᠳ᠋ᠤᠭᠠᠷ᠎ᠲᠠᠭᠠᠨ ᠲᠠᠭᠢᠨ ᠵᠤᠯᠭᠠᠶ᠎ᠠ᠂ ᠪᠠᠶᠠᠷᠳᠠᠢ!

     
     ᠨᠠᠢᠷᠠᠭᠤᠯᠤᠨ ᠨᠡᠪᠳᠡᠷᠡᠭᠦᠯᠦᠭ᠌ᠴᠢ᠄ ᠦᠯᠵᠡᠢᠪᠠᠳᠤ
     ᠮᠡᠷᠭᠡᠵᠢᠯ᠄ ᠤᠶᠣᠠᠳᠠᠯᠠᠢ
     ᠭᠢᠨᠠᠭ᠍ᠴᠢ᠄ ᠴᠡᠴᠡᠭ


ᠬᠤᠪᠢᠶᠠᠯᠴᠠᠬᠤ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6659832 ᠢᠮᠧᠯ᠄tn@mgyxw.net   蒙ICP备10000005号