1 ᠰᠠᠷ᠎ᠠ᠎ᠶ᠋ᠢᠨ 29 ᠎ᠤ ᠡᠳᠦᠷ
ᠡᠬᠢᠯᠡᠬᠦ᠌ ᠴᠠᠭ᠄
2019-01-30 17:21:15
ᠨᠠᠶ᠋ᠢᠷᠠᠭᠤᠯᠤᠭᠴᠢ ᠄
ᠲᠣᠲᠥᠷᠬᠠᠢ ᠦᠭᠡᠢ
ᠨᠡᠪᠲᠡᠷᠡᠬᠦᠯᠦᠭᠴᠢ ᠄
ᠲᠣᠲᠥᠷᠬᠠᠢ ᠦᠭᠡᠢ
ᠮᠡᠷᠭᠡᠵᠢᠯ ᠄
ᠲᠣᠲᠥᠷᠬᠠᠢ ᠦᠭᠡᠢ
ᠤᠩᠰᠢᠭᠰᠠᠨ ᠤᠳᠠᠭ᠎ᠠ᠄

    ᠡᠷᠬᠢᠮ ᠬᠦᠨᠳᠦᠳᠦ ᠰᠤᠨᠤᠰᠤᠭ᠍ᠴᠢᠳ ᠮᠢᠨᠢ᠂ ᠰᠠᠢᠨ ᠪᠠᠢᠨ᠎ᠠ ᠤᠤ?
    ᠦᠨᠦᠳᠦᠷ ᠪᠤᠯ 2019 ᠤᠨ᠎ᠤ 1 ᠰᠠᠷ᠎ᠠ᠎ᠶ᠋ᠢᠨ 29᠂ ᠪᠢᠯᠢᠭ᠎ᠤᠨ ᠤᠯᠠᠷᠢᠯ᠎ᠤᠨ ᠱᠢᠷ᠎ᠠ ᠨᠤᠬᠠᠢ ᠵᠢᠯ᠎ᠤᠨ 12 ᠰᠠᠷ᠎ᠠ᠎ᠶ᠋ᠢᠨ 24᠂ ᠭᠠᠷᠠᠭ᠎ᠤᠨ ᠬᠤᠶᠠᠷ᠃ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶᠠᠨ᠎ᠤ ᠬᠠᠮ ᠵᠠᠭᠤᠴᠢᠯᠠᠭᠤᠷ᠎ᠤᠨ ᠦᠷᠯᠦᠭᠡ᠎ᠶ᠋ᠢᠨ ᠮᠡᠳᠡᠭᠡ ᠲᠠ ᠪᠦᠭᠦᠨ᠎ᠲᠠᠢ᠎ᠪᠠᠨ ᠮᠡᠨᠳᠦᠴᠢᠯᠡᠨ ᠵᠤᠯᠭᠠᠵᠦ᠍ ᠪᠠᠢᠨ᠎ᠠ᠃
    ᠴᠠᠭ ᠲᠦᠷᠦ᠎ᠶ᠋ᠢᠨ ᠮᠡᠳᠡᠭᠡ
    ● ᠨᠠᠮ᠎ᠤᠨ ᠲᠦᠪ ᠬᠤᠷᠢᠶᠡᠨ᠎ᠤ ᠶᠡᠷᠤᠩᠬᠡᠢ ᠱᠦᠵᠢ᠂ ᠤᠯᠤᠰ᠎ᠤᠨ ᠲᠡᠷᠢᠬᠦᠯᠡᠭ᠌ᠴᠢ ᠰᠢ᠎ᠶ᠋ᠢᠨ ᠫᠢᠩ ᠬᠠᠳᠤᠨ ᠫᠧᠩ ᠯᠢ ᠶᠤᠸᠠᠨ᠎ᠲᠠᠢ᠎ᠪᠠᠨ 27 ᠎ᠤ ᠡᠳᠤᠷ ᠪᠡᠭᠡᠵᠢᠩ᠎ᠳᠤ ᠰᠤᠯᠤᠩᠭᠤᠰ᠎ᠤᠨ ᠬᠦᠳᠡᠯᠮᠤᠷᠢᠴᠢᠨ᠎ᠤ ᠨᠠᠮ᠎ᠤᠨ ᠲᠦᠪ ᠬᠤᠷᠢᠶᠡᠨ᠎ᠤ ᠤᠯᠤᠰ ᠲᠦᠷᠦ᠎ᠶ᠋ᠢᠨ ᠲᠤᠪᠴᠢᠶᠠᠨ᠎ᠤ ᠬᠡᠱᠢᠬᠦᠨ᠂ ᠲᠦᠪ ᠬᠤᠷᠢᠶᠡᠨ᠎ᠤ ᠲᠡᠳ᠋ ᠬᠤᠷᠢᠶᠡᠨ ᠲᠠᠷᠤᠭ᠎ᠠ᠂ ᠤᠯᠠᠨ ᠤᠯᠤᠰ᠎ᠤᠨ ᠶᠠᠮᠤᠨ᠎ᠤ ᠰᠠᠢᠳ ᠯᠢ ᠵᠦ᠍ ᠶᠦᠩ᠎ᠢᠶᠠᠷ ᠪᠦᠯᠬᠦᠮ᠎ᠤᠨ ᠲᠠᠷᠤᠭ᠎ᠠ ᠪᠤᠯᠭᠠᠭ᠍ᠰᠠᠠ ᠰᠤᠯᠤᠩᠭᠤᠰ᠎ᠤᠨ ᠨᠦᠬᠦᠷᠰᠡᠭ ᠤᠷᠠᠯᠢᠭ᠎ᠤᠨ ᠪᠦᠯᠬᠦᠮ᠎ᠤᠨ᠎ᠬᠢᠨ᠎ᠲᠠᠢ ᠠᠭᠤᠯᠵᠠᠪᠠ᠃
    ● 1 ᠰᠠᠷ᠎ᠠ᠎ᠶ᠋ᠢᠨ 28 ᠎ᠤ ᠡᠳᠤᠷ᠂ ᠨᠠᠮ᠎ᠤᠨ ᠲᠦᠪ ᠬᠤᠷᠢᠶᠡᠨ᠎ᠤ ᠶᠡᠷᠤᠩᠬᠡᠢ ᠱᠦᠵᠢ᠂ ᠤᠯᠤᠰ᠎ᠤᠨ ᠲᠡᠷᠢᠬᠦᠯᠡᠭ᠌ᠴᠢ ᠰᠢ᠎ᠶ᠋ᠢᠨ ᠫᠢᠩ ᠪᠤᠯᠤᠨ ᠸᠢᠶᠧᠲᠨᠠᠮ᠎ᠤᠨ ᠡᠪ ᠬᠠᠮᠳᠤ ᠨᠠᠮ᠎ᠤᠨ ᠲᠦᠪ ᠬᠤᠷᠢᠶᠡᠨ᠎ᠤ ᠶᠡᠷᠤᠩᠬᠡᠢ ᠱᠦᠵᠢ᠂ ᠤᠯᠤᠰ᠎ᠤᠨ ᠲᠡᠷᠢᠬᠦᠯᠡᠭ᠌ᠴᠢ ᠷᠤᠸᠠᠨ ᠹᠦ᠋ ᠵᠦᠩ ᠬᠠᠷᠢᠯᠴᠠᠨ ᠱᠢᠨ᠎ᠡ ᠵᠢᠯ᠎ᠤᠨ ᠪᠠᠶᠠᠷ᠎ᠤᠨ ᠵᠠᠬᠢᠳᠠᠯ ᠢᠯᠡᠬᠡᠪᠠ᠃
    ● ᠲᠤᠮᠳᠠᠳᠤ᠎ᠶ᠋ᠢᠨ ᠦᠨᠳᠦᠰᠤᠳᠡᠨ᠎ᠤ ᠤᠯᠠᠮᠵᠢᠯᠠᠯᠳᠤ ᠪᠠᠶᠠᠷ᠎ᠤᠨ ᠡᠳᠤᠷ ᠱᠢᠷᠠᠬ᠍ᠴᠢᠨ ᠭᠠᠭ᠍ᠠᠢ ᠵᠢᠯ᠎ᠤᠨ ᠴᠠᠭᠠᠨ ᠰᠠᠷ᠎ᠠ ᠤᠳᠠᠯ ᠦᠬᠡᠢ ᠢᠷᠡᠬᠦ᠌᠎ᠪᠠᠷ ᠪᠠᠢᠬᠤ ᠲᠠᠱᠢᠷᠠᠮ᠎ᠢᠶᠠᠷ᠂ ᠨᠠᠮ᠎ᠤᠨ ᠲᠦᠪ ᠬᠤᠷᠢᠶᠡᠨ᠎ᠤ ᠶᠡᠷᠤᠩᠬᠡᠢ ᠱᠦᠵᠢ᠂ ᠤᠯᠤᠰ᠎ᠤᠨ ᠲᠡᠷᠢᠬᠦᠯᠡᠭ᠌ᠴᠢ᠂ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶᠡᠨ᠎ᠤ ᠲᠡᠷᠢᠬᠦᠯᠡᠭ᠌ᠴᠢ ᠰᠢ᠎ᠶ᠋ᠢᠨ ᠫᠢᠩ 28 ᠎ᠤ ᠦᠳᠡ᠎ᠶ᠋ᠢᠨ ᠬᠤᠢᠨ᠎ᠡ ᠠᠷᠠᠳ᠎ᠤᠨ ᠶᠡᠭᠡ ᠬᠤᠷᠡᠯ᠎ᠤᠨ ᠲᠠᠩᠬᠢᠮ᠎ᠳᠤ ᠡᠯ᠎ᠡ ᠠᠷᠠᠳᠴᠢᠯᠠᠭ᠍ᠰᠠᠠ ᠨᠠᠮ ᠪᠦᠯᠥᠭ᠎ᠤᠨ ᠲᠦᠪ ᠬᠤᠷᠢᠶ᠎ᠡ᠂ ᠪᠦᠬᠦ᠌ ᠤᠯᠤᠰ᠎ᠤᠨ ᠦᠢᠯᠡᠳᠪᠤᠷᠢ ᠬᠤᠳᠠᠯᠳᠤᠭ᠎ᠠ᠎ᠶ᠋ᠢᠨ ᠬᠤᠯᠪᠤᠭ᠎ᠠ᠎ᠶ᠋ᠢᠨ ᠬᠠᠷᠢᠭᠤᠴᠠᠯᠭᠠᠳᠠᠨ ᠪᠤᠯᠤᠨ ᠨᠠᠮ ᠪᠦᠯᠥᠭ᠎ᠤᠨ ᠪᠤᠰᠤ ᠬᠦᠮᠥᠰ᠎ᠤᠨ ᠲᠦᠯᠥᠬᠡᠯᠡᠭ᠌ᠴᠢ᠎ᠲᠠᠢ ᠨᠢᠬᠡ ᠲᠠᠩᠬᠢᠮ᠎ᠳᠤ ᠴᠤᠭ᠍ᠯᠠᠷᠠᠵᠥ᠍᠂ ᠬᠠᠮᠳᠤ᠎ᠪᠠᠷ ᠴᠠᠭᠠᠨ ᠰᠠᠷ᠎ᠠ᠎ᠶ᠋ᠢ ᠤᠬ᠍ᠳᠤᠪᠠ᠃ ᠰᠢ᠎ᠶ᠋ᠢᠨ ᠫᠢᠩ ᠨᠠᠮ᠎ᠤᠨ ᠲᠦᠪ ᠬᠤᠷᠢᠶᠡᠨ᠎ᠤ ᠡᠮᠤᠨ᠎ᠡ᠎ᠠᠴᠠ᠂ ᠡᠯ᠎ᠡ ᠠᠷᠠᠳᠴᠢᠯᠠᠭ᠍ᠰᠠᠠ ᠨᠠᠮ ᠪᠦᠯᠥᠭ᠂ ᠦᠢᠯᠡᠳᠪᠤᠷᠢ ᠬᠤᠳᠠᠯᠳᠤᠭ᠎ᠠ᠎ᠶ᠋ᠢᠨ ᠬᠤᠯᠪᠤᠭ᠎ᠠ ᠪᠤᠯᠤᠨ ᠨᠠᠮ ᠪᠦᠯᠥᠭ᠎ᠤᠨ ᠪᠤᠰᠤ ᠬᠦᠮᠥᠰ᠎ᠲᠤ᠌᠂ ᠨᠢᠬᠡᠳᠤᠮᠡᠯ ᠹᠷᠤᠨᠲ᠎ᠤᠨ ᠦᠷᠬᠡᠨ ᠤᠯᠠᠨ ᠪᠦᠷᠢᠯᠳᠦᠬᠦᠨ᠎ᠳᠤ ᠴᠢᠩ ᠰᠡᠳᠭᠢᠯ᠎ᠤᠨ ᠮᠡᠨᠳᠤᠴᠢᠯᠡᠯ ᠪᠤᠯᠤᠨ ᠴᠠᠭᠠᠨ ᠰᠠᠷ᠎ᠠ᠎ᠶ᠋ᠢᠨ ᠵᠦᠩᠨᠡᠯ ᠲᠡᠪᠱᠢᠬᠦᠯᠵᠡᠢ᠃
    ᠬᠤᠶᠠᠷ ᠬᠤᠷᠠᠯ᠎ᠤᠨ ᠮᠡᠳᠡᠭᠡ
    ● 1 ᠰᠠᠷ᠎ᠠ᠎ᠶ᠋ᠢᠨ 28 ᠎ᠤ ᠡᠳᠦᠷ᠎ᠤᠨ ᠦᠳᠡ᠎ᠶ᠋ᠢᠨ ᠡᠮᠦᠨ᠎ᠡ᠂ ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠬᠤᠶᠠᠳᠤᠭᠠᠷ ᠬᠤᠷᠠᠯ᠎ᠤᠨ ᠬᠤᠶᠠᠳᠤᠭᠠᠷ ᠪᠦᠬᠦᠳᠡ ᠬᠤᠷᠠᠯ ᠬᠤᠷᠠᠯᠳᠤᠪᠠ᠃
    ● 1 ᠰᠠᠷ᠎ᠠ᠎ᠶ᠋ᠢᠨ 28 ᠎ᠤ ᠦᠳᠡ᠎ᠶ᠋ᠢᠨ ᠡᠮᠦᠨ᠎ᠡ᠂ ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠬᠤᠶᠠᠳᠤᠭᠠᠷ ᠬᠤᠷᠠᠯ᠎ᠤᠨ ᠲᠡᠷᠢᠭᠦᠯᠡᠭ᠌ᠴᠢᠳ᠎ᠤᠨ ᠪᠦᠯᠬᠦᠮ ᠬᠤᠶᠠᠳᠦᠭᠠᠷ ᠤᠳᠠᠭ᠎ᠠ᠎ᠶ᠋ᠢᠨ ᠬᠤᠷᠠᠯ ᠬᠢᠵᠡᠢ᠃     ● 1 ᠰᠠᠷ᠎ᠠ᠎ᠶ᠋ᠢᠨ 28 ᠎ᠤ ᠦᠳᠡ᠎ᠶ᠋ᠢᠨ ᠬᠤᠢᠨ᠎ᠠ᠂ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠱᠦᠵᠢ᠂ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶᠠᠨ᠎ᠤ ᠡᠷᠬᠢᠯᠡᠭ᠌ᠴᠢ ᠯᠢ ᠵᠶ᠋ᠢ ᠾᠧᠩ ᠤᠷᠳᠤᠰ ᠬᠤᠳᠠ᠎ᠶ᠋ᠢᠨ ᠲᠦᠯᠦᠭᠡᠯᠡᠭ᠌ᠴᠢᠳ᠎ᠤᠨ ᠪᠦᠯᠬᠦᠮ᠎ᠤᠨ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠢ ᠬᠢᠨᠠᠨ ᠵᠦᠪᠯᠡᠬᠦ᠌᠎ᠳᠤ ᠤᠷᠤᠯᠴᠠᠪᠠ᠃      

    ● 1 ᠰᠠᠷ᠎ᠠ᠎ᠶ᠋ᠢᠨ 28 ᠎ᠤ ᠦᠳᠡ᠎ᠶ᠋ᠢᠨ ᠬᠤᠢᠨ᠎ᠠ᠂ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠲᠡᠳ᠋ ᠱᠦᠵᠢ᠂ ᠦᠪᠡᠷᠳᠡᠭᠡᠨ ᠵᠠᠰᠠᠬᠤ ᠤᠷᠤᠨ᠎ᠤ ᠲᠡᠷᠢᠭᠦᠯᠡᠭ᠌ᠴᠢ ᠪᠦ᠋ ᠱᠢᠶᠤᠤ ᠯᠢᠨ ᠬᠢᠩᠭᠠᠨ ᠠᠢᠮᠠᠭ᠎ᠤᠨ ᠲᠦᠯᠦᠭᠡᠯᠡᠭ᠌ᠴᠢᠳ᠎ᠤᠨ ᠪᠦᠯᠬᠦᠮ ᠪᠤᠯᠤᠨ ᠤᠯᠠᠭᠠᠨᠴᠠᠪ ᠬᠤᠳᠠ᠎ᠶ᠋ᠢᠨ ᠲᠦᠯᠦᠭᠡᠯᠡᠭ᠌ᠴᠢᠳ᠎ᠤᠨ ᠪᠦᠯᠬᠦᠮ᠎ᠤᠨ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠢ ᠬᠢᠨᠠᠨ ᠵᠦᠪᠯᠡᠬᠦ᠌᠎ᠳᠤ ᠤᠷᠤᠯᠴᠠᠪᠠ᠃
    ● 1 ᠰᠠᠷ᠎ᠠ᠎ᠶ᠋ᠢᠨ 29 ᠎ᠤ ᠡᠳᠦᠷ᠂ ᠦᠪᠡᠷᠳᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠬᠤᠶᠠᠳᠤᠭᠠᠷ ᠬᠤᠷᠠᠯ᠎ᠤᠨ ᠭᠤᠷᠪᠠᠳᠤᠭᠠᠷ ᠪᠦᠬᠦᠳᠡ ᠬᠤᠷᠠᠯ ᠬᠤᠷᠠᠯᠳᠤᠨ᠎ᠠ᠃
    ● 1 ᠰᠠᠷ᠎ᠠ᠎ᠶ᠋ᠢᠨ 29 ᠎ᠤ ᠡᠳᠦᠷ᠎ᠤᠨ ᠦᠳᠡ᠎ᠶ᠋ᠢᠨ ᠬᠤᠢᠨᠠᠬᠢ 3 ᠴᠠᠭ᠎ᠲᠤ ᠨᠡᠢᠭᠡᠮ᠎ᠤᠨ ᠪᠠᠢᠭᠤᠯᠤᠯᠳᠠ᠎ᠶ᠋ᠢᠨ ᠵᠦᠪᠯᠡᠯ᠎ᠤᠨ ᠵᠢᠱ᠌ᠢᠭ᠌ᠳᠡᠭ᠌ᠰᠡᠳ᠎ᠤᠨ ᠨᠡᠷᠡᠰ᠎ᠢ ᠵᠦᠪᠳᠡᠨ ᠶᠠᠷᠢᠯᠴᠠᠨ᠎ᠠ; ᠱᠢᠭᠦᠭᠦ᠌ ᠬᠤᠷᠢᠶ᠎ᠠ᠂ ᠪᠠᠢᠴᠠᠭᠠᠬᠤ ᠬᠤᠷᠢᠶ᠎ᠠ᠎ᠶ᠋ᠢᠨ ᠠᠵᠢᠯ᠎ᠤᠨ ᠮᠡᠳᠡᠭᠦᠯᠦᠯᠳᠡ᠎ᠶ᠋ᠢ ᠬᠢᠨᠠᠨ ᠵᠦᠪᠯᠡᠨ᠎ᠠ᠃
    ᠨᠡᠢᠭᠡᠮ᠎ᠤᠨ ᠰᠤᠨᠢᠨ ᠮᠡᠳᠡᠭᠡ
    ● 2019 ᠤᠨ᠎ᠤ ᠴᠠᠭᠠᠨ ᠰᠠᠷ᠎ᠡ᠎ᠶ᠋ᠢᠨ ᠵᠦᠭᠡᠭᠡᠪᠤᠷᠢ᠎ᠶ᠋ᠢᠨ ᠬᠤᠭᠤᠴᠠᠭᠠᠨ᠎ᠳᠤ᠂ ᠬᠦᠭᠡᠬᠤᠳᠠ᠎ᠶ᠋ᠢᠨ ᠭᠠᠯᠳᠤ ᠲᠡᠷᠭᠡᠨ᠎ᠤ ᠵᠡᠬᠦᠨ ᠦᠷᠳᠡᠭᠡ᠎ᠶ᠋ᠢᠨ᠎ᠬᠢᠨ ᠠᠶᠠᠨᠴᠢᠳ᠎ᠤᠨ ᠶᠡᠭᠡ ᠲᠢᠩᠬᠢᠮ᠎ᠳᠡᠭᠡᠨ ᠤᠶᠤᠨᠳᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠲᠦᠬᠦᠭᠡᠷᠦᠮᠵᠢ ᠲᠤᠬᠢᠷᠠᠭᠤᠯᠵᠤ᠂ ᠠᠶᠠᠨᠴᠢᠳ᠎ᠲᠤ ᠲᠦᠬᠦᠮ ᠦᠵᠡᠬᠦᠯᠵᠤ ᠪᠤᠢ᠃
    ● 2018 ᠤᠨ᠎ᠤ 12 ᠰᠠᠷ᠎ᠠ᠎ᠶ᠋ᠢᠨ 31 ᠎ᠤ ᠡᠳᠦᠷ ᠪᠤᠯᠳᠠᠯᠠᠬᠢ ᠳᠤᠭ᠎ᠠ ᠪᠦᠷᠢᠳᠭᠡᠯ᠎ᠢᠶᠠᠷ᠂ ᠪᠦᠬᠦ᠌ ᠤᠷᠤᠨ᠎ᠤ ᠡᠩ᠎ᠤᠨ ᠤᠯᠠᠨ ᠨᠡᠢᠳᠡ᠎ᠶ᠋ᠢᠨ ᠲᠦᠰᠦᠪ᠎ᠤᠨ ᠤᠷᠤᠯᠭ᠎ᠠ 1857.5 ᠳ᠋ᠦᠩᠱᠢᠭᠤᠷ ᠲᠦᠭᠦᠷᠢᠭ᠎ᠲᠤ ᠬᠦᠷᠴᠦ᠍᠂ 9.1% ᠎ᠪᠠᠷ ᠨᠡᠮᠡᠭ᠌ᠳᠡᠵᠠᠢ᠃
    ● ᠤᠢ᠍ᠢᠯᠠᠭᠠᠭ᠍ᠰᠠᠨ᠎ᠢᠶᠠᠷ᠂ 2018 ᠤᠨ᠎ᠳᠤ ᠪᠦᠬᠦ᠌ ᠤᠷᠤᠨ᠎ᠤ ᠠᠵᠦ᠍ ᠠᠬᠤᠢ 5.3% ᠎ᠪᠠᠷ ᠨᠡᠮᠡᠭ᠌ᠳᠡᠵᠦ᠍᠂ 2017 ᠤᠨ᠎ᠤ᠎ᠬᠢ᠎ᠠᠴᠠ ᠵᠠᠭᠤᠨ᠎ᠤ ᠬᠠᠷᠢᠴᠠᠯ᠎ᠢᠶᠠᠷ 1.3 ᠬᠤᠪᠢ ᠲᠡᠭᠡᠭ᠌ᠰᠢᠯᠡᠪᠠ᠃
    ● ᠤᠢ᠍ᠢᠯᠠᠭᠠᠭ᠍ᠰᠠᠨ᠎ᠢᠶᠠᠷ᠂ 2018 ᠤᠨ᠎ᠳᠤ ᠦᠪᠦᠷ ᠮᠤᠩᠭᠤᠯ᠎ᠤᠨ ᠭᠠᠲᠠᠭᠠᠲᠤ ᠠᠷᠠᠯᠵᠢᠶᠠᠨ᠎ᠤ ᠶᠡᠷᠦᠩᠬᠡᠢ ᠦᠷᠲᠡᠭ 1000 ᠳ᠋ᠦᠩᠱᠢᠭᠤᠷ ᠲᠦᠭᠦᠷᠢᠭ᠎ᠢ ᠲᠠᠪᠠᠵᠤ᠂ 9.9 % ᠎ᠪᠠᠷ ᠨᠡᠮᠡᠭ᠌ᠲᠡᠪᠡ᠃
    ● ᠤᠢ᠍ᠢᠷ᠎ᠠ᠎ᠶ᠋ᠢᠨ ᠡᠳᠦᠷ ᠪᠡᠬᠡᠵᠢᠩ᠎ᠳᠤ ᠬᠤᠷᠠᠯᠳᠤᠭ᠍ᠰᠠᠨ ᠪᠦᠬᠦ᠌ ᠤᠯᠤᠰ᠎ᠤᠨ ᠦᠨᠳᠦᠷ ᠵᠡᠷᠭᠡ᠎ᠶ᠋ᠢᠨ ᠱᠢᠭᠦᠬᠦ᠌ ᠬᠤᠷᠢᠶ᠎ᠠ᠎ᠶ᠋ᠢᠨ ᠲᠠᠷᠤᠭ᠎ᠠ ᠨᠡᠷ᠎ᠤᠨ ᠬᠤᠷᠠᠯ᠎ᠠᠴᠠ᠂ 84 ᠪᠦᠬᠦ᠌ ᠤᠯᠤᠰ᠎ᠤᠨ ᠱᠢᠯᠢᠳᠡᠭ ᠱᠢᠭᠦᠬᠦ᠌ ᠬᠤᠷᠢᠶ᠎ᠠ᠂ 99 ᠪᠦᠬᠦ᠌ ᠤᠯᠤᠰ᠎ᠤᠨ ᠱᠢᠯᠢᠳᠡᠭ ᠱᠢᠭᠦᠭ᠌ᠴᠢ ᠲᠤᠱᠢᠶᠠᠯᠳᠠᠨ ᠪᠠ 200 ᠪᠦᠬᠦ᠌ ᠤᠯᠤᠰ᠎ᠤᠨ ᠱᠢᠬᠦᠬᠦ᠌ ᠬᠤᠷᠢᠶ᠎ᠠ᠎ᠶ᠋ᠢᠨ ᠬᠡᠷᠡᠭ ᠱᠢᠢᠳᠪᠦᠷᠢᠯᠡᠭ᠌ᠰᠡᠨ ᠲᠠᠭᠤᠷᠢᠶᠠᠯ᠎ᠢ ᠬᠦᠭᠢᠭᠦᠯᠦᠨ ᠰᠠᠢᠱᠢᠶᠠᠪᠠ᠃ ᠮᠠᠨ᠎ᠤ ᠤᠷᠤᠨ᠎ᠤ 3 ᠦᠨᠳᠦᠰᠦᠨ ᠱᠠᠳᠤᠨ᠎ᠤ ᠱᠢᠬᠦᠬᠦ᠌ ᠬᠤᠷᠢᠶ᠎ᠠ ᠪᠠ 8 ᠱᠢᠭᠦᠭ᠌ᠴᠢ ᠲᠤᠱᠢᠶᠠᠯᠳᠠᠨ ᠡᠨᠡᠬᠦ᠌ ᠢᠷᠠᠭᠤ ᠠᠯᠳᠠᠷ᠎ᠢ ᠬᠦᠷᠳᠡᠪᠡ᠃
    ● ᠬᠠᠮᠢᠶ᠎ᠠ ᠪᠦᠬᠦᠢ ᠰᠠᠯᠠᠭ᠎ᠠ ᠮᠦᠴᠢᠷ ᠬᠤᠯᠪᠤᠭᠠᠯᠠᠨ ᠮᠤᠵᠢ᠎ᠶ᠋ᠢᠨ ᠳᠡᠰ᠎ᠤᠨ ᠠᠷᠠᠳ᠎ᠤᠨ ᠵᠠᠰᠠᠭ᠎ᠤᠨ ᠤᠷᠳᠤᠨ᠎ᠳᠤ 《ᠳᠤᠮᠳᠠᠳᠤ ᠪᠠᠭ᠎ᠠ ᠰᠤᠷᠭᠠᠭᠤᠯᠢ᠎ᠶ᠋ᠢᠨ ᠰᠤᠷᠤᠭ᠍ᠴᠢ᠎ᠶ᠋ᠢᠨ ᠳᠠᠷᠤᠭᠠᠰᠤ᠎ᠶ᠋ᠢ ᠬᠦᠩᠭᠡᠷᠡᠭᠦᠯᠬᠦ᠌ ᠠᠷᠭ᠎ᠠ ᠠᠪᠴᠠᠯ᠎ᠢ ᠬᠡᠪᠯᠡᠨ ᠨᠡᠢᠳᠡᠯᠡᠬᠦ᠌ ᠲᠤᠬᠠᠢ ᠮᠡᠳᠡᠭ᠌ᠳᠡᠯ》 ᠎ᠢ ᠬᠡᠪᠯᠡᠨ ᠨᠡᠢᠳᠡᠯᠡᠪᠡ᠃ 《ᠮᠡᠳᠡᠭ᠌ᠳᠡᠯ》 ᠎ᠳᠤ᠂ ᠠᠯᠪᠠᠨ ᠵᠢᠷᠤᠮ᠎ᠤᠨ ᠰᠤᠷᠭᠠᠨ ᠬᠦᠮᠦᠵᠢᠯ᠎ᠤᠨ ᠱᠠᠲᠤᠨ᠎ᠤ ᠰᠤᠷᠭᠠᠭᠤᠯᠢ ᠶᠠᠮᠠᠷᠪᠠ ᠨᠡᠷ᠎ᠡ᠎ᠪᠠᠷ ᠭᠤᠤᠯᠳᠠᠯᠭ᠎ᠠ᠎ᠲᠠᠢ ᠠᠩᠭᠢ᠂ ᠲᠦᠷᠭᠡᠨ ᠤᠳᠠᠭᠠᠨ ᠠᠩᠭᠢ᠂ ᠲᠤᠷᠱᠢᠯᠲᠠ᠎ᠶ᠋ᠢᠨ ᠠᠩᠭᠢ ᠨᠡᠭᠡᠭᠡᠬᠦ᠌᠎ᠶ᠋ᠢ ᠡᠷᠡᠰ ᠴᠠᠭᠠᠵᠠᠯᠠᠨ᠎ᠠ; ᠬᠢᠴᠢᠶᠡᠯ᠎ᠤᠨ ᠪᠢᠴᠢᠭ᠎ᠤᠨ ᠳᠠᠰᠭᠠᠯ ᠳᠠᠭᠠᠭᠠᠯᠭᠠᠪᠤᠷᠢ᠎ᠶ᠋ᠢᠨ ᠶᠡᠷᠦᠩᠬᠡᠢ ᠬᠡᠮᠵᠢᠶ᠎ᠡ᠎ᠶ᠋ᠢ ᠴᠢᠩᠭ᠎ᠠ ᠡᠵᠡᠮᠳᠡᠨ᠎ᠡ; ᠬᠢᠴᠢᠶᠡᠯ ᠲᠦᠷᠦᠯ᠎ᠤᠨ ᠪᠠᠭ᠍ᠰᠢ ᠭᠡᠷ᠎ᠤᠨ ᠠᠬᠠᠮᠠᠳ᠎ᠲᠤ ᠳᠠᠰᠭᠠᠯ ᠦᠯᠡᠳᠡᠭᠡᠬᠦ᠌ ᠪᠤᠶᠤ ᠭᠡᠷ᠎ᠤᠨ ᠠᠬᠠᠮᠠᠳ᠎ᠢᠶᠠᠷ ᠤᠷᠤᠯᠠᠭᠤᠯᠤᠨ ᠳᠠᠰᠭᠠᠯ ᠬᠢᠨᠠᠭᠤᠯᠵᠤ ᠪᠤᠯᠬᠤ ᠦᠭᠡᠢ᠃ ᠬᠢᠴᠢᠶᠡᠯ᠎ᠤᠨ ᠲᠠᠩᠬᠢᠮ᠎ᠳᠤ ᠭᠠᠷ ᠤᠳᠠᠰᠤ ᠠᠪᠴᠤ᠌ ᠤᠷᠤᠵᠤ ᠪᠤᠯᠬᠤ ᠦᠭᠡᠢ ᠭᠡᠵᠦ᠍ ᠳᠤᠳᠤᠷᠬᠠᠢᠯᠠᠪᠠ᠃
    ● 2018 ᠤᠨ᠎ᠳᠤ ᠮᠠᠨ᠎ᠤ ᠤᠯᠤᠰ᠎ᠤᠨ ᠦᠨᠳᠦᠰᠦᠨ ᠨᠠᠰᠤᠵᠢᠯ᠎ᠤᠨ ᠠᠰᠠᠷᠠᠮᠵᠢ᠂ ᠠᠵᠢᠯ ᠠᠯᠳᠠᠯᠳᠠ᠂ ᠠᠵᠢᠯ᠎ᠠᠴᠠ ᠪᠤᠯᠤᠭ᠍ᠰᠠᠠ ᠬᠡᠮᠳᠤᠯ ᠵᠡᠷᠭᠡ ᠭᠤᠷᠪᠠᠨ ᠵᠦᠢᠯ᠎ᠤᠨ ᠲᠠᠭᠠᠳᠭᠠᠯ᠎ᠤᠨ ᠰᠠᠭᠤᠷᠢ ᠮᠥᠩᠬᠦᠨ᠎ᠤ ᠶᠡᠷᠤᠩᠬᠡᠢ ᠤᠷᠤᠯᠭ᠎ᠠ 5.6 ᠲᠦᠮᠡᠨ ᠳ᠋ᠦᠩᠱᠢᠭᠤᠷ ᠲᠦᠬᠦᠷᠢᠭ᠎ᠲᠤ ᠬᠦᠷᠴᠦ᠍᠂ ᠠᠳᠠᠯᠢ ᠬᠤᠭᠤᠴᠠᠭᠠᠨ᠎ᠤ᠎ᠬᠢ᠎ᠠᠴᠠ 15.28% ᠨᠡᠮᠡᠭ᠌ᠳᠡᠵᠥ᠍᠂ ᠶᠡᠷᠤᠩᠬᠡᠢ ᠵᠠᠷᠤᠯᠭ᠎ᠠ᠎ᠨᠢ 4.87 ᠲᠦᠮᠡᠨ ᠳ᠋ᠦᠩᠱᠢᠭᠤᠷ ᠲᠦᠬᠦᠷᠢᠭ᠎ᠲᠤ ᠬᠦᠷᠴᠦ᠍᠂ ᠠᠳᠠᠯᠢ ᠬᠤᠭᠤᠴᠠᠭᠠᠨ᠎ᠤ᠎ᠬᠢ᠎ᠠᠴᠠ 16.08% ᠎ᠪᠠᠷ ᠨᠡᠮᠡᠭ᠌ᠳᠡᠭ᠌ᠰᠡᠡ ᠪᠠᠢᠨ᠎ᠠ᠃
    ● ᠤᠯᠤᠰ᠎ᠤᠨ ᠵᠠᠬ᠎ᠠ ᠲᠡᠯᠭᠡᠭᠦᠷ᠎ᠤᠨ ᠬᠢᠨᠠᠨ ᠬᠠᠮᠢᠶᠠᠷᠤᠯᠳᠠ᠎ᠶ᠋ᠢᠨ ᠶᠡᠷᠦᠩᠬᠡᠢ ᠲᠤᠪᠴᠢᠶ᠎ᠠ᠎ᠠᠴᠠ ᠤᠢ᠍ᠢᠷᠠᠬᠠᠨ 2018 ᠤᠨ᠎ᠤ ᠫᠤᠤᠵᠢᠩ᠎ᠤᠨ ᠶᠠᠰᠤ ᠴᠢᠨᠠᠷ᠎ᠤᠨ ᠲᠠᠯ ᠎ᠠ᠎ᠳᠤ ᠬᠢᠭ᠌ᠰᠡᠨ ᠤᠯᠤᠰ᠎ᠤᠨ ᠬᠢᠨᠠᠨ ᠬᠠᠮᠢᠶᠠᠷᠤᠯᠳᠠ᠎ᠶ᠋ᠢᠨ ᠲᠤᠰᠭᠠᠢ ᠲᠦᠷᠦᠯ᠎ᠤᠨ ᠰᠤᠭᠤᠴᠢᠨ ᠪᠠᠢᠴᠠᠭᠠᠯᠳᠠ᠎ᠶ᠋ᠢᠨ ᠦᠷ᠎ᠡ ᠳ᠋ᠦᠩ᠎ᠢ ᠨᠡᠢᠳᠡᠯᠡᠵᠦ᠍᠂ ᠲᠤᠳᠤᠭᠠᠳᠤ᠎ᠶ᠋ᠢ ᠬᠠᠮᠠᠭᠠᠯᠠᠬᠤ ᠲᠤᠪᠴᠢᠶ᠎ᠠ᠎ᠠᠴᠠ ᠤᠢ᠍ᠢᠷ᠎ᠠ᠎ᠶ᠋ᠢᠨ ᠬᠤᠭᠤᠴᠠᠭᠠᠨ᠎ᠳᠤ ᠪᠦᠬᠦ᠌ ᠤᠯᠤᠰ᠎ᠤᠨ ᠫᠤᠤᠵᠢᠩ᠎ᠤᠨ ᠠᠶᠤᠯᠬᠦᠢ᠎ᠶ᠋ᠢᠨ ᠪᠠᠢᠴᠠᠭᠠᠯᠳᠠ᠎ᠶ᠋ᠢ ᠦᠷᠨᠢᠭᠦᠯᠬᠦ᠌᠎ᠪᠠᠷ ᠪᠠᠢᠨ᠎ᠠ ᠭᠡᠵᠦ᠍ ᠢᠯᠡᠷᠭᠡᠢᠯᠡᠵᠡᠢ᠃
    ● ᠡᠨᠡᠳᠭᠡᠭ 26 ᠎ᠤ ᠡᠳᠦᠷ ᠨᠡᠢᠰᠯᠡᠯ ᠱᠢᠨ᠎ᠡ ᠳ᠋ᠧᠯᠢ᠎ᠳᠤ ᠴᠡᠷᠢᠭ᠎ᠤᠨ ᠵᠢᠬ᠍ᠰᠠᠭᠠᠯ ᠵᠤᠬᠢᠶᠠᠨ ᠪᠠᠢᠭᠤᠯᠵᠦ᠍᠂ 70 ᠳ᠋ᠤᠭᠠᠷ ᠪᠦᠭᠦᠳᠡ ᠨᠠᠢᠷᠠᠮᠳᠠᠬᠤ ᠤᠯᠤᠰ᠎ᠤᠨ ᠡᠳᠦᠷ᠎ᠢᠶᠠᠨ ᠪᠡᠯᠭᠡᠯᠡᠪᠡ᠃       ᠰᠤᠶᠤᠯ ᠲᠠᠮᠢᠷ᠎ᠤᠨ ᠮᠡᠳᠡᠭᠡ
    ● ᠠᠷᠭ᠎ᠠ᠎ᠶ᠋ᠢᠨ ᠤᠯᠠᠷᠢᠯ᠎ᠤᠨ 1 ᠰᠠᠷ᠎ᠠ᠎ᠶ᠋ᠢᠨ 28 ᠎ᠤ ᠡᠳᠦᠷ᠂ ᠪᠢᠯᠢᠭ᠎ᠤᠨ ᠤᠯᠠᠷᠢᠯ᠎ᠤᠨ ᠱᠢᠷ᠎ᠠ ᠨᠤᠬᠠᠢ ᠵᠢᠯ᠎ᠤᠨ ᠠᠷᠪᠠᠨ ᠬᠤᠶᠠᠷ ᠰᠠᠷ᠎ᠠ᠎ᠶ᠋ᠢᠨ ᠬᠤᠷᠢᠨ ᠭᠤᠷᠪᠠᠨ᠎ᠳᠤ ᠤᠯᠠᠮᠵᠢᠯᠠᠯᠳᠤ ᠴᠢᠩᠬᠢᠰ ᠬᠠᠭᠠᠨ᠎ᠤ ᠭᠤᠯᠤᠮᠳᠠ᠎ᠶ᠋ᠢᠨ ᠲᠠᠢᠯᠭ᠎ᠠ᠎ᠶ᠋ᠢ ᠴᠢᠩᠬᠢᠰ ᠬᠠᠭᠠᠨ᠎ᠤ ᠤᠩᠭᠤᠨ᠎ᠳᠤ ᠲᠡᠯᠭᠡᠷᠡᠩᠭᠦᠢ ᠶᠡᠭᠡ᠎ᠪᠠᠷ ᠬᠢᠪᠡ᠃
    ● ᠬᠠᠩᠬᠢᠨ ᠬᠤᠱᠢᠭᠤᠨ᠎ᠤ ᠱᠢᠨᠠᠪᠠᠯᠭᠠᠰᠤ᠎ᠶ᠋ᠢᠨ ᠴᠠᠭᠠᠨᠳᠠᠷᠡᠰᠦ ᠭᠠᠴᠠᠭ᠎ᠠ᠎ᠪᠠᠷ ᠨᠤᠳᠤᠭ᠎ᠲᠠᠢ ᠮᠠᠯᠴᠢᠨ ᠢᠷᠠᠭᠤ ᠨᠠᠢᠷᠠᠭ᠍ᠴᠢ ᠰᠤᠨᠢᠨᠪᠢᠯᠢᠭ᠌ ᠤᠢ᠍ᠢᠷ᠎ᠠ᠎ᠳᠤ ᠴᠠᠭᠠᠨᠳᠠᠷᠡᠰᠦ ᠨᠤᠮ᠎ᠤᠨ ᠦᠷᠦᠭᠡ᠎ᠪᠠᠨ ᠪᠠᠢᠭᠤᠯᠵᠦ᠍᠂ ᠤᠢ᠍ᠢᠷ᠎ᠠ ᠵᠡᠷᠭᠡᠯᠡᠳᠡᠭᠡ ᠠᠢᠯ ᠠᠢᠮᠠᠭ᠂ ᠭᠠᠴᠠᠭ᠎ᠠ ᠲᠤᠰᠭᠤᠨ᠎ᠤ ᠮᠠᠯᠴᠢᠨ ᠲᠠᠷᠢᠶᠠᠴᠢᠳ᠎ᠤᠨ ᠨᠤᠮ ᠰᠤᠳᠤᠷ ᠦᠵᠡᠬᠦ᠌᠎ᠳᠤ ᠲᠦᠭᠦᠮ ᠨᠦᠬᠦᠴᠡᠯ ᠬᠠᠩᠭᠠᠭ᠍ᠰᠠᠨ ᠪᠠᠢᠨ᠎ᠠ᠃
    ᠦᠨᠦᠳᠦᠷ᠎ᠤᠨ ᠨᠡᠪᠳᠡᠷᠡᠭᠦᠯᠭᠡ ᠮᠠᠨᠢ ᠡᠢᠨᠬᠦ᠌ ᠦᠨᠳᠦᠷᠯᠡᠵᠦ᠍ ᠪᠠᠢᠨ᠎ᠠ᠃ ᠮᠡᠳᠡᠭᠡ᠎ᠶ᠋ᠢ ᠮᠢᠨᠢ ᠬᠦᠯᠢᠶᠠᠨ ᠰᠤᠨᠤᠰᠴᠤ᠌᠂ ᠤᠷᠮ᠎ᠠ ᠬᠠᠢᠷᠠᠯᠠᠭ᠍ᠰᠠᠨ ᠲᠠ ᠪᠦᠬᠦᠨ᠎ᠳᠡᠭᠡᠨ ᠠᠵᠠ ᠵᠢᠷᠭᠠᠯ ᠬᠦᠰᠡᠨ 《ᠦᠪᠦᠷ ᠮᠤᠩᠭᠤᠯ ᠮᠢᠨᠤ》 ᠳᠠᠭᠤᠤ᠎ᠪᠠᠷ ᠠᠶ᠎ᠠ ᠪᠠᠷᠢᠵᠦ᠍ ᠨᠡᠪᠲᠡᠷᠡᠬᠦᠯᠭᠡ᠎ᠪᠠᠨ ᠵᠢᠷᠭᠠᠭᠠᠶ᠎ᠠ! ᠪᠠᠶᠠᠷᠲᠠᠢ!

          ᠨᠠᠢᠷᠠᠭᠤᠯᠤᠨ ᠨᠡᠪᠲᠡᠷᠡᠭᠦᠯᠦᠭ᠌ᠴᠢ᠄ ᠪᠤᠯᠤᠷ
          ᠮᠡᠷᠭᠡᠵᠢᠯ᠄ ᠠᠯᠤᠰ
          ᠬᠢᠨᠠᠭ᠍ᠴᠢ᠄ ᠲᠦᠮᠡᠨᠬᠡᠱᠢᠭ

ᠬᠤᠪᠢᠶᠠᠯᠴᠠᠬᠤ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6659832 ᠢᠮᠧᠯ᠄tn@mgyxw.net   蒙ICP备10000005号