《ᠤᠶᠠᠭᠠᠴᠢ᠎ᠶ᠋ᠢᠨ ᠨᠤᠳᠤᠭ》
ᠡᠬᠢᠯᠡᠬᠦ᠌ ᠴᠠᠭ᠄
2020-11-12 17:05:21
ᠨᠠᠶ᠋ᠢᠷᠠᠭᠤᠯᠤᠭᠴᠢ ᠄
ᠲᠣᠲᠥᠷᠬᠠᠢ ᠦᠭᠡᠢ
ᠨᠡᠪᠲᠡᠷᠡᠬᠦᠯᠦᠭᠴᠢ ᠄
ᠲᠣᠲᠥᠷᠬᠠᠢ ᠦᠭᠡᠢ
ᠮᠡᠷᠭᠡᠵᠢᠯ ᠄
ᠲᠣᠲᠥᠷᠬᠠᠢ ᠦᠭᠡᠢ
ᠤᠩᠰᠢᠭᠰᠠᠨ ᠤᠳᠠᠭ᠎ᠠ᠄

 ᠲᠤᠰ ᠳ᠋ᠤᠭᠠᠷ᠎ᠢᠶᠠᠷ  ᠪᠢᠳᠡ ᠲᠦᠩᠯᠢᠶᠤᠤ  ᠬᠤᠳᠠ᠎ᠪᠠᠷ ᠨᠤᠳᠤᠭ᠍ᠳᠠᠢ  ᠪᠤᠤ ᠮᠠᠨᠰᠠᠩ᠎ᠤᠨ ᠱᠢᠯᠦᠭ ᠂  ᠲᠠᠢᠴᠢᠨ᠎ᠤ ᠠᠶ᠎ᠠ ᠂ ᠳᠠᠭᠤᠴᠢᠨ ᠠᠯᠳᠠᠷᠳᠤ  ᠳᠠᠭᠤᠯᠠᠭ᠍ᠰᠠᠨ  《ᠤᠶᠠᠭᠠᠴᠢ᠎ᠶ᠋ᠢᠨ ᠨᠤᠳᠤᠭ》  ᠭᠡᠬᠦ᠌ ᠳᠠᠭᠤᠤ᠎ᠶ᠋ᠢ  ᠰᠤᠨᠢᠷᠬᠠᠭᠤᠯᠤᠶ᠎ᠠ! 

ᠳᠠᠭᠤᠤ᠎ᠶ᠋ᠢᠨ ᠦᠬᠡ 

ᠪᠤᠤ ᠮᠠᠨᠰᠠᠩ (ᠪᠢᠷ᠎ᠤᠨ ᠨᠡᠷ᠎ᠠ ᠨᠡᠬᠦᠳᠡᠯᠴᠢᠨ)

ᠲᠦᠩᠯᠢᠶᠤᠤ ᠬᠤᠳᠠ᠎ᠶ᠋ᠢᠨ ᠬᠤᠷᠴᠢᠨ ᠵᠡᠬᠦᠨ ᠭᠠᠷᠤᠨ ᠬᠤᠢᠳᠦ ᠬᠤᠱᠢᠭᠤ᠎ᠪᠠᠷ ᠨᠤᠳᠤᠭ᠍ᠳᠠᠢ᠃ 1994 ᠤᠨ᠎ᠳᠤ ᠦᠪᠦᠷ ᠮᠤᠩᠭᠤᠯ᠎ᠤᠨ ᠴᠠᠭ᠍ᠳᠠᠭ᠎ᠠ᠎ᠶ᠋ᠢᠨ ᠰᠤᠷᠭᠠᠭᠤᠯᠢ᠎ᠠᠴᠠ ᠳᠡᠬᠦᠰᠴᠦ᠍᠂ ᠬᠦᠬᠡᠬᠤᠳᠠ᠎ᠶ᠋ᠢᠨ ᠳᠤᠳᠤᠭᠠᠳᠤ᠎ᠶ᠋ᠢ ᠬᠠᠮᠠᠭᠠᠯᠠᠬᠤ ᠳᠤᠪᠴᠢᠶᠠᠨ᠎ᠳᠤ ᠠᠵᠢᠯ᠎ᠤᠨ ᠭᠠᠷᠤᠭ᠎ᠠ᠎ᠪᠠᠨ ᠠᠪᠴᠠᠢ᠃ ᠳᠡᠷᠡᠪᠡᠷ ᠠᠵᠢᠯ ᠦᠢᠯᠡᠰ᠎ᠲᠡᠭᠡᠨ ᠴᠢᠷᠮᠠᠢᠵᠦ᠍ ᠶᠠᠪᠤᠬᠤ᠎ᠶ᠋ᠢᠨ ᠳᠠᠭᠠᠤ ᠠᠵᠢᠯ᠎ᠤᠨ ᠴᠢᠯᠦᠬᠡ᠎ᠪᠠᠷ᠎ᠢᠶᠠᠨ ᠱᠢᠯᠦᠭ ᠨᠠᠢᠷᠠᠭᠤᠯᠤᠯ ᠪᠢᠴᠢᠵᠦ᠍᠂ 《ᠥᠪᠦᠷ ᠮᠤᠩᠭᠤᠯ᠎ᠤᠨ ᠵᠠᠯᠠᠭᠤᠴᠤᠳ》᠂ 《ᠦᠨᠢᠷ ᠴᠡᠴᠡᠭ》᠂ 《ᠵᠢᠷᠢᠮ᠎ᠤᠨ ᠤᠷᠠᠨ ᠵᠤᠬᠢᠶᠠᠯ》᠂ 《ᠴᠡᠯᠡᠭᠡᠷ ᠲᠠᠯ᠎ᠠ》 ᠵᠡᠷᠭᠡ ᠰᠡᠳᠬᠦᠯ ᠪᠠ ᠲᠤᠤᠷ ᠰᠦᠯᠵᠢᠶᠡᠨ᠎ᠳᠤ ᠨᠡᠢᠳᠡᠯᠡᠬᠦᠯᠵᠦ᠍ ᠦᠩᠭᠡᠷᠡᠵᠡᠢ᠃


QQ图片20201112094739.jpg

ᠲᠠᠭᠤᠤ᠎ᠶ᠋ᠢᠨ ᠠᠶ᠎ᠠ 

ᠲᠠᠢᠴᠢᠨ

ᠲᠦᠩᠯᠢᠶᠤᠤ ᠬᠤᠳᠠ᠎ᠶ᠋ᠢᠨ ᠬᠤᠷᠴᠢᠨ ᠵᠡᠬᠦᠨ ᠭᠠᠷᠤᠨ ᠲᠤᠮᠳᠠᠳᠤ ᠬᠤᠱᠢᠭᠤ᠎ᠪᠠᠷ ᠨᠤᠳᠤᠭ᠍ᠳᠠᠢ᠃ 2011 ᠤᠨ᠎ᠳᠤ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠳᠠᠭᠤᠤ ᠬᠦᠭ᠌ᠵᠢᠮ᠎ᠤᠨ ᠳᠡᠭᠡᠳᠦ ᠰᠤᠷᠭᠠᠭᠤᠯᠢ᠎ᠠᠴᠠ ᠳᠡᠬᠦᠰᠴᠡᠢ᠃

ᠲᠦᠯᠦᠬᠡᠯᠡᠬᠦ᠌ ᠪᠦᠳᠦᠬᠡᠯ᠎ᠳᠤ᠎ᠨᠢ 《ᠠᠮᠢᠳᠦ ᠪᠤᠷᠬᠠᠨ ᠡᠵᠢ》 《ᠪᠤᠭᠤᠷᠤᠯ ᠬᠠᠰᠠᠭ》 《ᠳᠤᠷᠠᠰᠤᠮᠵᠢ》 《ᠠᠨᠳᠠ᠎ᠶ᠋ᠢᠨ ᠬᠠᠢᠷ᠎ᠠ》 《ᠤᠶᠠᠭᠠᠴᠢᠨ᠎ᠤ ᠨᠤᠳᠤᠭ》 《ᠨᠢᠬᠡ ᠯᠡ ᠮᠡᠳᠡᠬᠦ᠌᠎ᠳᠤ》 ᠵᠡᠷᠭᠡ ᠪᠤᠢ᠃ 


QQ图片20201112094747.jpg

ᠳᠠᠭᠤᠴᠢᠨ

ᠠᠯᠳᠠᠷᠳᠤ

ᠲᠦᠩᠯᠢᠶᠤᠤ ᠬᠤᠳᠠ᠎ᠶ᠋ᠢᠨ ᠬᠤᠷᠴᠢᠨ ᠵᠡᠬᠦᠨ ᠭᠠᠷᠤᠨ ᠬᠤᠢᠳᠦ ᠬᠤᠱᠢᠭᠤ᠎ᠪᠠᠷ ᠨᠤᠳᠤᠭ᠍ᠳᠠᠢ ᠵᠠᠯᠠᠭᠤ ᠤᠷᠠᠯᠢᠭ᠍ᠴᠢᠨ᠃ ᠳᠤᠰ ᠬᠤᠱᠢᠭᠤᠨ᠎ᠤ ᠤᠯᠠᠭᠠᠨᠮᠦᠴᠢᠷ᠎ᠲᠤ ᠠᠵᠢᠯ ᠠᠯᠪᠠ᠎ᠲᠠᠢ᠃ ᠳᠠᠭᠤᠤ᠎ᠶ᠋ᠢᠨ ᠦᠬᠡ ᠠᠶ᠎ᠠ ᠵᠤᠬᠢᠶᠠᠭ᠍ᠴᠢ᠂ ᠬᠦᠭ᠌ᠵᠢᠮᠴᠢᠨ ᠵᠡᠷᠭᠡ ᠤᠯᠠᠨ ᠲᠠᠯ᠎ᠠ᠎ᠶ᠋ᠢᠨ ᠮᠡᠷᠭᠡᠵᠢᠯ᠎ᠲᠠᠢ᠃


QQ图片20201112094752.jpg



ᠤᠶᠠᠭᠠᠴᠢ᠎ᠶ᠋ᠢᠨ ᠨᠤᠳᠤᠭ


ᠪᠤᠭ᠍ᠳᠠ ᠳᠡᠭᠡᠳᠦᠰ᠎ᠠᠴᠠ ᠦᠪᠯᠡᠭ᠌ᠰᠡᠨ

ᠪᠤᠷᠬᠠᠨ ᠪᠤᠮᠪᠠ᠎ᠶ᠋ᠢᠨ ᠤᠷᠤᠨ᠎ᠲᠠᠢ

ᠪᠤᠷᠤ ᠦᠷᠦᠬᠡ᠎ᠪᠠᠨ ᠮᠢᠯᠢᠶᠠᠭ᠍ᠰᠠᠨ

ᠪᠤᠷᠤᠭ᠍ᠵᠢᠭᠤᠨ ᠮᠠᠯᠴᠢᠨ ᠠᠮᠢᠳᠤᠷᠠᠯ᠎ᠲᠠᠢ

ᠬᠠᠰᠠᠷ ᠪᠤᠭ᠍ᠳᠠ᠎ᠠᠴᠠ ᠬᠠᠢᠷᠠᠯᠠᠭ᠍ᠰᠠᠨ

ᠬᠠᠯᠠᠭᠤᠨ ᠡᠯᠢᠭᠡᠳᠦ ᠬᠦᠷᠦᠰᠦ᠎ᠲᠠᠢ

ᠬᠤᠷᠴᠢᠨ ᠮᠤᠩᠭᠤᠯ᠎ᠢᠶᠠᠨ ᠦᠪᠯᠡᠭ᠌ᠰᠡᠨ

ᠬᠤᠷᠳᠤᠨ ᠬᠦᠯᠦᠭ᠎ᠤᠨ ᠤᠶᠠᠭᠠᠴᠢ᠎ᠲᠠᠢ

ᠵᠠᠭᠤᠨ ᠵᠠᠭᠤᠨ᠎ᠢ ᠳᠡᠮᠵᠢᠬ᠍ᠰᠠᠨ

ᠵᠢᠪᠬᠤᠭᠠᠳᠤ ᠡᠷᠡᠴᠤᠤᠯ᠎ᠤᠨ ᠠᠯᠳᠠᠷ

ᠵᠤᠷᠢᠭ ᠤᠬᠠᠭᠠᠨ᠎ᠢ ᠱᠢᠯᠭᠠᠭ᠍ᠰᠠᠨ

ᠨᠡᠬᠦᠳᠡᠯᠴᠢᠨ ᠤᠭ᠍ᠰᠠᠭᠠᠨ᠎ᠤ ᠬᠡᠢᠮᠦᠷᠢ

ᠠᠨᠳᠠ᠎ᠶ᠋ᠢᠨ ᠨᠢᠷᠤᠭᠤᠨ᠎ᠳᠤ ᠱᠠᠯᠠᠮᠠᠭᠠᠢᠯᠠᠭ᠍ᠰᠠᠨ

ᠠᠳᠤᠭᠤᠨ ᠰᠤᠶᠤᠯ᠎ᠤᠨ ᠮᠠᠭ᠍ᠳᠠᠭᠠᠯ᠎ᠲᠠᠢ

ᠠᠯᠳᠠᠷ ᠨᠡᠷ᠎ᠠ᠎ᠪᠠᠨ ᠭᠠᠢᠬᠠᠭᠤᠯᠤᠭ᠍ᠰᠠᠨ

ᠮᠤᠷᠢᠨ ᠸᠠᠩ᠎ᠤᠨ ᠲᠡᠮᠡᠴᠡᠭᠡᠨ᠎ᠲᠠᠢ

ᠬᠤᠯᠪᠤᠭ᠎ᠠ ᠳᠠᠭᠤᠤ᠎ᠠᠴᠠ ᠰᠤᠶᠤᠷᠬᠠᠭ᠍ᠰᠠᠨ

ᠬᠠᠭᠤᠴᠢ ᠲᠤᠮᠤᠭ᠎ᠤᠨ ᠰᠤᠳᠤᠯᠤᠯ᠎ᠲᠠᠢ

ᠬᠤᠭᠤᠷ ᠴᠤᠭᠤᠷ᠎ᠠᠴᠠ ᠤᠯᠠᠮᠵᠢᠯᠠᠭ᠍ᠰᠠᠨ

ᠬᠤᠷᠴᠢᠨ ᠮᠤᠩᠭᠤᠯ᠎ᠤᠨ ᠬᠡᠢᠮᠦᠷᠢ᠎ᠲᠠᠢ

ᠵᠠᠭᠤᠨ ᠵᠠᠭᠤᠨ᠎ᠢ ᠳᠡᠮᠵᠢᠬ᠍ᠰᠠᠨ

ᠵᠢᠪᠬᠤᠭᠠᠳᠤ ᠡᠷᠡᠴᠤᠤᠯ᠎ᠤᠨ ᠠᠯᠳᠠᠷ

ᠵᠤᠷᠢᠭ ᠤᠬᠠᠭᠠᠨ᠎ᠢ ᠱᠢᠯᠭᠠᠭ᠍ᠰᠠᠨ

ᠨᠡᠬᠦᠳᠡᠯᠴᠢᠨ ᠤᠭ᠍ᠰᠠᠭᠠᠨ᠎ᠤ ᠬᠡᠢᠮᠦᠷᠢ





ᠬᠤᠪᠢᠶᠠᠯᠴᠠᠬᠤ᠄
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6659832 ᠢᠮᠧᠯ᠄tn@mgyxw.net   蒙ICP备10000005号