ᠬᠠᠭᠤᠴᠢᠨ ᠳᠡᠪᠡᠯ
ᠡᠬᠢᠯᠡᠬᠦ᠌ ᠴᠠᠭ᠄
2020-07-13 17:01:20
ᠨᠠᠶ᠋ᠢᠷᠠᠭᠤᠯᠤᠭᠴᠢ ᠄
ᠲᠣᠲᠥᠷᠬᠠᠢ ᠦᠭᠡᠢ
ᠨᠡᠪᠲᠡᠷᠡᠬᠦᠯᠦᠭᠴᠢ ᠄
ᠲᠣᠲᠥᠷᠬᠠᠢ ᠦᠭᠡᠢ
ᠮᠡᠷᠭᠡᠵᠢᠯ ᠄
ᠲᠣᠲᠥᠷᠬᠠᠢ ᠦᠭᠡᠢ
ᠤᠩᠰᠢᠭᠰᠠᠨ ᠤᠳᠠᠭ᠎ᠠ᠄

标题.jpg


ᠴᠠᠬ ᠬᠤᠭᠤᠴᠠᠭ᠎ᠠ ᠭᠡᠵᠦ᠍ ᠦᠨᠦᠭᠡᠨ ᠪᠠᠢᠬ᠍ᠰᠠᠨ ᠵᠦᠢᠯ᠎ᠢ ᠣᠷᠣ ᠲᠠᠰᠣ ᠮᠠᠷᠲᠠᠬ᠍ᠲᠠᠭᠤᠯᠵᠦ᠍᠂ ᠦᠭᠡᠢ ᠪᠣᠯᠣᠬ᠍ᠰᠠᠨ᠎ᠢ ᠲᠠᠬᠢᠭᠠᠳ ᠡᠷᠢᠭ᠌ᠲᠡᠬᠦᠯᠬᠦ᠌ ᠣᠪᠠᠲᠢᠰ ᠱᠢᠲᠢ᠎ᠲᠠᠢ ᠪᠢᠯᠡ᠃ ᠰᠡᠳᠭᠢᠯ ᠡᠮᠵᠡᠭ᠌ᠯᠡᠬᠦᠯᠬᠦ᠌ ᠵᠠᠷᠢᠮ ᠵᠦᠢᠯ᠎ᠢ ᠬᠦᠮᠦᠰ ᠮᠠᠷᠲᠠᠶ᠎ᠠ ᠭᠡᠵᠦ᠍ ᠪᠣᠲᠣᠬᠤ ᠠᠲᠠᠯ᠎ᠠ᠎ᠪᠠᠨ ᠲᠡᠷᠡ᠎ᠨᠢ ᠮᠠᠷᠲᠠᠬ᠍ᠲᠠᠵᠦ᠍ ᠦᠭ᠌ᠬᠦ ᠦᠭᠡᠢ᠂ ᠶᠠᠮᠠᠷ ᠨᠢᠭᠡᠨ ᠴᠠᠭ᠂ ᠭᠠᠵᠠᠷ᠎ᠲᠤ ᠡᠷᠬᠢᠨ ᠲᠣᠲᠣᠷᠠᠵᠦ᠍ ᠠᠷᠭ᠎ᠠ ᠦᠭᠡᠢ ᠰᠠᠨᠠᠭ᠎ᠠ ᠠᠯᠲᠠᠭᠤᠯᠬᠤ ᠣᠴᠢᠷ ᠵᠦᠩᠲᠡᠭᠡᠨ᠃



 ᠭᠠᠷᠠᠬ᠎ᠤᠨ ᠡᠳᠦᠷ ᠭᠡᠷ ᠲᠡᠷᠭᠡ᠎ᠪᠠᠨ ᠴᠡᠪᠡᠷᠯᠡᠵᠦ᠍᠂ ᠠᠪᠲᠠᠷ᠎ᠠ ᠬᠤᠷᠭᠤ᠎ᠪᠠᠨ ᠠᠭᠤᠲᠠᠯᠠᠨ ᠣᠩᠬᠢᠴᠡᠵᠦ᠍ ᠪᠠᠢᠲᠠᠯ᠎ᠠ ᠠᠯᠢ ᠬᠡᠵᠢᠶᠡᠨ᠎ᠤ ᠬᠡᠷᠡᠭ᠎ᠠᠴᠠ ᠭᠠᠷᠤᠭ᠍ᠰᠠᠨ ᠬᠡᠮᠡᠷ ᠬᠡᠲᠦᠨ ᠬᠠᠭᠤᠴᠢᠨ ᠲᠡᠪᠡᠯ ᠣᠯᠲᠠᠪᠠ᠃ ᠦᠩᠭᠡ᠎ᠨᠢ ᠣᠩᠭᠤᠵᠦ᠍ ᠬᠠᠭᠤᠴᠢᠷᠠᠨ᠂ ᠪᠠᠭ᠍ᠠᠨ ᠪᠠᠭᠠᠲᠠᠵᠦ᠍ ᠱᠢᠬᠠᠭᠤ ᠪᠣᠯᠣᠬ᠍ᠰᠠᠨ᠎ᠠᠴᠠ ᠦᠭᠡᠷ᠎ᠡ ᠣᠷᠠᠬ᠍ᠲᠠᠵᠦ᠍ ᠰᠡᠮᠡᠷᠡᠭ᠌ᠰᠡᠨ ᠵᠦᠢᠯ ᠦᠭᠡᠢ ᠬᠡᠪ᠎ᠢᠶᠠᠷ᠎ᠢᠶᠠᠨ᠃ ᠠᠯᠪᠠᠨ᠎ᠳᠠᠭᠠᠨ ᠡᠮᠦᠰᠭᠦ᠎ᠳᠤ ᠠᠷᠠᠢ ᠵᠣᠬᠢᠮᠵᠢ ᠦᠭᠡᠢ ᠴᠦ᠍ ᠬᠦᠲᠡᠭᠡ ᠬᠡᠭᠡᠷ᠎ᠡ ᠬᠠᠷ᠎ᠠ ᠪᠣᠷᠣ ᠠᠵᠢᠯ᠎ᠳᠤ ᠪᠣᠯ ᠡᠪᠯᠡᠬᠦᠯᠵᠦ᠍ ᠪᠣᠯᠬᠤ ᠯᠡ ᠶᠣᠮ ᠰᠠᠨ᠃ ᠦᠭᠡᠢ᠂ ᠣᠲᠣ ᠶᠠᠮᠠᠷ ᠴᠠᠬ ᠪᠣᠯᠣᠬ᠍ᠰᠠᠨ ᠪᠠᠢᠬᠤ᠎ᠳᠤ ᠬᠡᠨ ᠬᠠᠭᠤᠴᠢᠨ ᠲᠡᠪᠡᠯ᠎ᠢᠶᠠᠷ ᠭᠤᠶᠣᠯᠠᠲᠠᠬ ᠪᠢᠯᠡ? ᠭᠡᠵᠦ᠍ ᠪᠣᠲᠣᠬᠤ᠎ᠠᠴᠠ ᠬᠦᠭᠡᠭᠡ ᠡᠪᠦᠯ᠎ᠤᠨ ᠬᠦᠢᠲᠡᠨ᠎ᠳᠤ ᠬᠡᠲᠦᠨ ᠮᠠᠯ᠎ᠤᠨ᠎ᠢᠶᠠᠨ ᠬᠤᠢᠨ᠎ᠠ᠎ᠠᠴᠠ ᠴᠡᠷᠢᠭ᠎ᠤᠨ ᠨᠣᠭᠤᠭᠠᠨ ᠳ᠋ᠡᠴᠡᠩ ᠡᠮᠦᠰᠴᠦ᠍᠂ ᠣᠷᠣᠭᠤᠯ᠎ᠨᠢ ᠬᠠᠲᠠᠵᠦ᠍ ᠣᠮᠣᠭᠤᠯᠲᠠᠨ ᠭᠤᠢᠭᠤᠷᠠᠬᠤ ᠠᠪᠤ᠎ᠶ᠋ᠢᠨ ᠮᠢᠨᠢ ᠪᠠᠷ᠎ᠠ ᠬᠠᠷᠠᠬ᠍ᠲᠠᠬᠤ ᠱᠢᠬ ᠪᠣᠯᠪᠠ᠃


作者.png


ᠬᠦᠮᠦᠰ ᠠᠢᠯ ᠭᠡᠷ ᠪᠣᠰᠭᠠᠵᠦ᠍᠂ ᠦᠷ᠎ᠡ᠎ᠶ᠋ᠢᠨ ᠵᠣᠯᠠᠢ ᠦᠨᠦᠷᠯᠡᠭ᠌ᠰᠡᠨ᠎ᠤ ᠬᠤᠢᠨ᠎ᠠ ᠰᠠᠶᠢ ᠡᠵᠢ ᠠᠪᠤ᠎ᠪᠠᠨ ᠦᠨᠡᠨᠬᠦ᠌ ᠣᠢᠯᠠᠭᠠᠵᠦ᠍ ᠦᠷᠦᠪᠲᠦᠨ᠎ᠠ ᠭᠡᠯᠴᠡᠲᠡᠭ᠃ 《ᠦᠷ᠎ᠡ᠎ᠶ᠋ᠢᠨ᠎ᠢᠶᠠᠨ ᠲᠦᠯᠦᠭᠡ ᠦᠬᠦᠵᠦ᠍᠂ ᠵᠣᠯᠵᠠᠭ᠎ᠠ᠎ᠶ᠋ᠢᠨ᠎ᠢᠶᠠᠨ ᠲᠦᠯᠦᠭᠡ ᠵᠣᠲᠠᠨ᠎ᠠ》 ᠭᠡᠲᠡᠭ ᠡᠷᠲᠡᠨ᠎ᠤ ᠶᠣᠰᠣᠨ᠎ᠢ ᠦᠷᠦ᠍ ᠵᠢᠷᠦᠭᠡ᠎ᠪᠠᠷ᠎ᠢᠶᠠᠨ ᠮᠡᠲᠡᠷᠡᠭ᠌ᠰᠡᠨ᠎ᠤ ᠳ᠋ᠦᠩ ᠲᠡᠷᠡ ᠪᠢᠵᠠ᠃

ᠣᠢ ᠲᠣᠷᠠᠳᠭᠠᠯ᠎ᠳᠤ ᠠᠪᠤ ᠮᠢᠨᠢ ᠬᠡᠵᠢᠶᠡᠲᠡ ᠬᠠᠭᠤᠴᠢᠨ ᠲᠡᠪᠡᠯ᠎ᠲᠠᠢ᠂ ᠬᠦᠲᠡᠭᠡ ᠬᠦᠭᠡᠷᠴᠦ᠍ ᠭᠠᠲᠠᠭ᠎ᠠ ᠭᠠᠩᠲᠠᠵᠦ᠍ ᠶᠠᠪᠣᠲᠠᠬ᠃ ᠦᠨᠡᠨ᠎ᠢ ᠬᠡᠯᠡᠪᠡᠯ᠂ ᠮᠡᠲᠡᠭᠡ ᠣᠷᠣᠬ᠍ᠰᠠᠨ ᠲᠡᠷᠡ ᠴᠠᠬ᠎ᠠᠴᠠ ᠠᠪᠣᠭᠠᠳ ᠪᠢ ᠠᠪᠤ᠎ᠶ᠋ᠢᠨ᠎ᠢᠶᠠᠨ ᠱᠢᠨ᠎ᠡ ᠬᠤᠪᠴᠠᠰᠣ᠎ᠪᠠᠷ ᠭᠤᠶᠣᠯᠠᠬᠤ᠎ᠶ᠋ᠢ ᠦᠵᠡᠭ᠌ᠰᠡᠨ ᠦᠭᠡᠢ ᠪᠢᠯᠡ᠃ 《ᠬᠠᠷ᠎ᠠ ᠱᠢᠷᠣᠢ ᠮᠠᠯᠲᠠᠵᠦ᠍᠂ ᠬᠡᠲᠦᠨ ᠮᠠᠯ᠎ᠤᠨ ᠪᠣᠷᠪᠢ ᠲᠠᠭᠠᠬ᠍ᠰᠠᠨ ᠬᠦᠲᠡᠭᠡ᠎ᠶ᠋ᠢᠨ ᠬᠦᠮᠦᠨ᠎ᠳᠤ ᠱᠢᠨ᠎ᠡ ᠬᠤᠪᠴᠠᠰᠣ ᠢᠯᠡᠬᠦᠴᠡ ᠁》 ᠭᠡᠵᠦ᠍ ᠬᠡᠯᠡᠭᠡᠳ ᠯᠡ ᠦᠩᠭᠡᠷᠡᠭᠡᠲᠡᠭ᠃ ᠴᠣᠷ᠎ᠤᠨ ᠭᠠᠭ᠍ᠴᠠ ᠵᠠᠰᠠᠯ᠎ᠤᠨ ᠡᠳ᠋ ᠪᠣᠯᠣᠬ᠍ᠰᠠᠨ ᠱᠠᠩᠬᠠᠢ ᠬᠢᠴᠡ᠎ᠲᠠᠢ ᠭᠠᠷ ᠴᠠᠬ᠎ᠨᠢ ᠠᠪᠤ᠎ᠶ᠋ᠢᠨ ᠮᠢᠨᠢ ᠵᠡᠬᠦᠨ ᠬᠤᠢᠲᠣ᠎ᠶ᠋ᠢᠨ ᠣᠢ ᠱᠢᠭᠤᠢ᠎ᠶ᠋ᠢᠨ ᠶᠡᠭᠡ ᠰᠣᠷᠭᠠᠭᠤᠯᠢ᠎ᠳᠤ ᠰᠣᠷᠣᠯᠴᠠᠵᠦ᠍ ᠪᠠᠢᠬᠤ᠎ᠳᠠᠭᠠᠨ ᠭᠠᠯ ᠵᠠᠯᠠᠭᠤ ᠨᠠᠰᠣᠨ᠎ᠤ ᠲᠣᠷᠠᠰᠭᠠᠯ ᠪᠣᠯᠭᠠᠵᠦ᠍ ᠬᠤᠲᠠᠯᠲᠣᠵᠦ᠍ ᠠᠪᠣᠬ᠍ᠰᠠᠨ ᠵᠦᠢᠯ ᠪᠣᠯᠬᠤ ᠪᠦᠭᠡᠳ ᠨᠠᠰᠣ ᠨᠠᠮᠲᠠᠷ᠎ᠢ᠎ᠨᠢ ᠲᠣᠭᠠᠯᠠᠪᠠᠯ ᠨᠠᠲᠠ᠎ᠠᠴᠠ ᠴᠦ᠍ 《ᠠᠬ᠎ᠠ》 ᠪᠣᠯᠬᠤ ᠠᠵᠢ᠃ ᠣᠲᠣ ᠲᠡᠷᠡ ᠭᠠᠷ ᠴᠠᠬ᠎ᠤᠨ ᠵᠡᠬᠦᠦ᠎ᠨᠢ ᠨᠢᠭᠡᠨᠲᠡ ᠬᠦᠲᠡᠯᠬᠦ᠌᠎ᠪᠠᠨ ᠪᠣᠯᠢᠵᠦ᠍᠂ ᠬᠤᠷᠭᠤᠨ ᠲᠣᠲᠣᠷ᠎ᠠ ᠬᠠᠲᠠᠭᠠᠯᠠᠭᠠᠰᠣᠲᠠᠢ᠃ ᠬᠡᠷᠪᠡ ᠣᠷᠣᠰᠣᠨ ᠦᠩᠭᠡᠷᠡᠬᠦ᠌ ᠤᠨ ᠰᠠᠷ᠎ᠠ᠎ᠶ᠋ᠢ ᠮᠦᠨ ᠣᠷᠣᠨ᠎ᠳᠤ᠎ᠨᠢ ᠵᠣᠬ᠍ᠰᠣᠭᠠᠨ ᠬᠦᠯᠢᠭᠡᠯᠵᠡᠭᠦᠯᠵᠦ᠍ ᠴᠢᠲᠠᠪᠠᠯ ᠬᠡᠴᠢᠨᠡᠨ ᠰᠠᠢᠬᠠᠨ ᠪᠢᠯᠡ? ᠶᠠᠲᠠᠬᠤ᠎ᠳᠠᠭᠠᠨ ᠬᠡᠲᠦᠨ ᠵᠠᠬ᠎ᠠ ᠱᠢᠨ᠎ᠡ ᠬᠤᠪᠴᠠᠰᠣ ᠠᠪᠴᠦ᠍ ᠠᠪᠤ᠎ᠳᠠᠭᠠᠨ ᠡᠮᠦᠰᠦᠬᠦᠯᠬᠦ᠌ ᠶᠣᠮ᠃


IMG_5536.JPG


ᠲᠦᠷᠦ᠎ᠳᠤ ᠡᠮᠦᠰᠦᠭ᠌ᠰᠡᠨ ᠴᠦ᠍ ᠲᠡᠷᠡ᠂ ᠲᠦᠯᠡᠭᠡᠨ᠎ᠳᠤ ᠭᠠᠷᠣᠬ᠍ᠰᠠᠨ ᠴᠦ᠍ ᠲᠡᠷᠡ ᠭᠡᠵᠦ᠍ ᠠᠪᠤ᠎ᠶ᠋ᠢᠨ ᠮᠢᠨᠢ ᠬᠠᠭᠤᠴᠢᠷᠠᠬ᠍ᠰᠠᠨ ᠬᠦᠭᠡ ᠲᠡᠪᠡᠯ᠎ᠢ ᠬᠡᠯᠡᠲᠡᠭ᠃ ᠡᠪᠦᠯ᠎ᠤᠨ ᠴᠠᠬ ᠠᠷᠭᠠᠯ ᠲᠡᠬᠦᠬᠦ᠌ ᠪᠣᠶᠣ ᠮᠠᠯ ᠬᠠᠷᠢᠭᠤᠯᠠᠬᠤ ᠵᠢᠱᠢᠶ᠎ᠠ ᠪᠣᠯᠪᠠᠯ ᠬᠦᠬᠡ ᠲᠡᠪᠡᠯ᠎ᠤᠨ᠎ᠢᠶᠠᠨ ᠭᠠᠲᠠᠭᠤᠷ ᠬᠠᠨᠴᠣᠢ᠎ᠨᠢ ᠬᠠᠭ᠍ᠵᠠᠷᠠᠵᠦ᠍ ᠣᠷᠠᠬ᠍ᠲᠠᠬ᠍ᠰᠠᠨ ᠴᠡᠷᠢᠭ᠎ᠤᠨ ᠨᠣᠭᠤᠭᠠᠨ ᠳ᠋ᠡᠴᠡᠩ ᠲᠠᠪᠬᠤᠷᠯᠠᠵᠦ᠍᠂ ᠬᠦᠵᠦᠬᠦᠨ ᠣᠷᠢᠶᠠᠯᠲᠠ᠎ᠪᠠᠨ ᠪᠠᠬᠢᠯᠡᠭᠡᠳ ᠮᠣᠷᠲᠠᠨ᠎ᠠ᠃ ᠣᠨᠴᠠᠭᠠᠢᠯᠠᠨ ᠵᠣᠨ᠎ᠳᠠᠭᠠᠨ ᠡᠮᠦᠰᠭᠦ ᠴᠠᠭᠠᠨ ᠬᠠᠨᠲᠠᠭᠠᠵᠠ᠎ᠶ᠋ᠢᠨ ᠬᠢᠨᠢ ᠵᠠᠭᠠᠮ᠎ᠠ᠎ᠶ᠋ᠢ᠎ᠨᠢ ᠵᠠᠲᠠᠯᠵᠦ᠍ ᠰᠣᠯᠢᠵᠦ᠍ ᠪᠣᠯᠬᠤ ᠪᠦᠭᠡᠳ ᠬᠦᠯᠦᠰᠦᠨ᠎ᠳᠤ ᠲᠡᠪᠲᠦᠵᠦ᠍ ᠰᠡᠮᠡᠷᠡᠪᠡᠯ ᠨᠦᠬᠦᠭᠡ ᠲᠣᠪᠴᠢᠯᠠᠭᠤᠷ᠎ᠢ᠎ᠨᠢ ᠠᠯᠲᠠᠷᠠᠭᠠᠨ ᠱᠢᠨ᠎ᠡ ᠵᠠᠭᠠᠮ᠎ᠠ᠎ᠪᠠᠷ ᠣᠷᠣᠯᠠᠭᠤᠯᠲᠠᠬ ᠠᠵᠢ᠃

ᠠᠪᠤ ᠮᠢᠨᠢ ᠦᠪᠡᠷ᠎ᠢᠶᠠᠨ ᠬᠠᠭᠤᠴᠢᠨ ᠲᠡᠪᠡᠯ᠎ᠲᠠᠢ᠎ᠪᠠᠷ ᠬᠤᠨᠤᠬ ᠡᠳᠦᠷ᠎ᠢ ᠡᠯᠡᠭᠡᠵᠦ᠍ ᠶᠠᠪᠣᠬ᠍ᠰᠠᠨ ᠴᠦ᠍ ᠶᠡᠷᠦ᠎ᠠᠴᠠ ᠪᠢᠲᠡᠨ᠎ᠢ ᠡᠮᠦᠰᠴᠦ᠍ ᠵᠡᠬᠦᠬᠦ᠌ ᠶᠠᠭᠤᠬᠠᠨ ᠬᠡᠢᠭᠡᠨ᠎ᠢᠶᠠᠷ ᠲᠣᠲᠠᠭᠤᠯᠵᠦ᠍ ᠪᠠᠢᠬ᠍ᠰᠠᠨ ᠦᠭᠡᠢ᠃ 《ᠣᠯᠠᠨ᠎ᠤ ᠲᠣᠮᠲᠠ ᠦᠩᠭᠡ᠎ᠲᠠᠢ ᠦᠭᠡᠲᠡ᠎ᠲᠠᠢ ᠵᠠᠪᠣᠬᠤ ᠬᠡᠷᠡᠭ᠎ᠲᠠᠢ ᠱᠢᠦ!》 ᠭᠡᠵᠦ᠍ ᠵᠠᠬᠢᠨ ᠰᠣᠷᠭᠠᠵᠦ᠍᠂ ᠢᠲᠡᠵᠦ᠍ ᠣᠣᠭᠤᠬᠤ᠎ᠪᠠᠨ ᠠᠷᠪᠢᠯᠠᠨ ᠪᠠᠢᠵᠦ᠍᠂ ᠵᠢᠯ ᠴᠠᠭᠠᠨ ᠰᠠᠷ᠎ᠠ ᠭᠡᠵᠦ᠍ ᠠᠯᠲᠠᠯ ᠦᠭᠡᠢ ᠪᠢᠲᠡ ᠬᠡᠲᠦᠬᠦᠯᠡ᠎ᠶ᠋ᠢ ᠱᠢᠨ᠎ᠡ ᠬᠤᠪᠴᠠᠰᠣ᠎ᠪᠠᠷ ᠬᠤᠶᠠᠬ᠍ᠯᠠᠵᠦ᠍᠂ ᠱᠢᠬᠢᠷ ᠪᠣᠣᠪᠤ᠎ᠪᠠᠷ ᠱᠠᠩᠨᠠᠨ ᠪᠠᠶᠠᠷᠯᠠᠭᠤᠯᠲᠠᠬ᠎ᠢ᠎ᠨᠢ ᠨᠡᠭᠡᠨ ᠰᠠᠨᠠᠬᠤ᠎ᠳᠤ ᠨᠢᠲᠣ ᠵᠠᠢᠷᠲᠣᠵᠦ᠍ ᠰᠣᠷᠮᠣᠣᠰᠣ ᠴᠢᠭᠢᠭ᠌ᠲᠦᠨ᠎ᠡ᠃

ᠠᠪᠤ᠎ᠲᠠᠢ᠎ᠪᠠᠨ ᠪᠠᠢᠬᠤ᠎ᠳᠤ ᠬᠡᠨ ᠪᠦᠬᠦᠨ ᠠᠮᠢᠲᠣᠷᠠᠯ᠎ᠤᠨ ᠨᠣᠬᠤᠴᠠᠭᠠᠨ᠎ᠳᠤ ᠠᠯᠭᠠᠰᠴᠦ᠍ ᠵᠣᠪᠠᠲᠠᠬ ᠦᠭᠡᠢ᠃ ᠲᠡᠷᠡ ᠦᠶ᠎ᠡ᠎ᠳᠤ᠂ ᠵᠢᠯ ᠪᠣᠯᠭᠠᠨ᠎ᠤ ᠵᠢᠷᠭᠤᠭᠠᠨ ᠰᠠᠷ᠎ᠠ᠎ᠶ᠋ᠢᠨ ᠨᠢᠭᠡᠨ ᠭᠡᠵᠦ᠍ ᠪᠢᠲᠡᠨ᠎ᠤ ᠪᠦᠭᠡᠮ ᠪᠠᠶᠠᠷ ᠪᠣᠯᠲᠠᠬ ᠪᠣᠯ ᠬᠦᠭᠡᠷᠦᠬᠦᠢ ᠠᠪᠤ ᠡᠵᠢ᠎ᠳᠤ ᠮᠢᠨᠢ ᠬᠠᠷᠢᠨ ᠬᠠᠲᠠᠭᠤ ᠱᠢᠯᠭᠠᠯᠲᠠ ᠪᠣᠯᠲᠠᠬ ᠪᠠᠢᠯ᠎ᠠ᠃ ᠰᠣᠷᠭᠠᠭᠤᠯᠢ᠎ᠠᠴᠠ ᠬᠡᠦᠬᠡᠳ᠎ᠤᠨ ᠪᠠᠶᠠᠷ᠎ᠢ ᠣᠬ᠍ᠲᠣᠨ ᠪᠡᠯᠭᠡᠯᠡᠵᠦ᠍ ᠪᠡᠶ᠎ᠡ᠎ᠶ᠋ᠢᠨ ᠲᠠᠮᠢᠷ᠎ᠤᠨ ᠴᠣᠬ᠍ᠯᠠᠭᠠᠨ ᠡᠷᠬᠢᠯᠡᠬᠦ᠌ ᠪᠦᠭᠡᠳ ᠠᠩᠬᠢ ᠪᠣᠯᠭᠠᠨ ᠢᠵᠢᠯᠭᠡᠨ ᠦᠩᠭᠡ᠎ᠶ᠋ᠢᠨ ᠬᠤᠪᠴᠠᠰᠣ᠎ᠪᠠᠷ ᠭᠤᠶᠣᠯᠠᠬᠤ᠎ᠶ᠋ᠢ ᠱᠠᠭᠠᠷᠲᠠᠲᠠᠬ᠃ ᠲᠡᠭᠡᠬᠦ᠌᠎ᠳᠤ ᠮᠠᠨᠠᠢᠬᠢᠨ ᠭᠤᠷᠪᠠᠨ ᠰᠣᠷᠣᠬ᠍ᠴᠢ᠎ᠲᠠᠢ ᠲᠣᠯᠠ ᠬᠡᠦᠬᠡᠳ ᠪᠣᠯᠭᠠᠨ᠎ᠤ ᠬᠦᠰᠡᠯ᠎ᠢ ᠪᠡᠶᠡᠯᠡᠬᠦᠯᠬᠦ᠌ ᠭᠡᠵᠦ᠍ ᠬᠦᠲᠡᠭᠡ᠎ᠶ᠋ᠢᠨ ᠵᠦᠲᠡᠬᠦᠭᠡᠨ ᠠᠮᠢᠲᠣᠷᠠᠯ᠎ᠳᠤ ᠬᠦᠴᠢᠷᠲᠡᠬᠦ᠌᠎ᠨᠢ ᠮᠡᠲᠡᠭᠡᠵᠢ᠃ ᠲᠣᠮᠤᠭ᠎ᠠ ᠦᠭᠡᠢ ᠨᠠᠰᠣᠨ᠎ᠳᠤ ᠲᠡᠷᠡ ᠣᠯᠠᠨ ᠵᠦᠢᠯ᠎ᠢ ᠲᠣᠩᠭᠠᠵᠦ᠍ ᠪᠣᠲᠣᠬᠤ ᠣᠬᠠᠭᠠᠨ ᠰᠡᠭᠡᠭᠡ ᠴᠦ᠍ ᠣᠷᠭᠤᠬ᠍ᠰᠠᠨ ᠦᠭᠡᠢ᠃ 《ᠪᠠᠭ᠍ᠰᠢ ᠠᠪᠣᠨ᠎ᠠ ᠬᠡᠰᠡᠨ》 ᠭᠡᠳ ᠵᠠᠬᠢᠶ᠎ᠠ ᠲᠠᠮᠵᠢᠭᠤᠯᠣᠭᠠᠳ᠂ ᠪᠣᠲᠠᠭ᠎ᠠ᠎ᠪᠠᠨ ᠬᠠᠭᠠᠰ ᠬᠤᠭᠤᠰ ᠢᠲᠡᠵᠦ᠍ ᠪᠠᠷᠠᠮᠠᠬ᠍ᠴᠠ ᠬᠦᠶᠦᠭᠡᠳ ᠲᠣᠬ᠍ᠯᠠᠴᠢᠬᠠᠲᠠᠬ᠃ ᠬᠠᠷᠢᠨ ᠠᠪᠤ ᠮᠢᠨᠢ ᠭᠠᠭ᠍ᠴᠠᠭᠠᠷ᠎ᠢᠶᠠᠨ ᠭᠡᠷ᠎ᠲᠤ ᠦᠭᠡ ᠲᠠᠭᠤ ᠦᠭᠡᠢ ᠪᠣᠲᠣᠯᠭᠠᠱᠢᠷᠠᠨ ᠰᠠᠭᠤᠨ᠎ᠠ᠃ ᠶᠠᠭᠤ ᠰᠠᠨᠠᠵᠦ᠍ ᠰᠡᠳᠭᠢᠵᠦ᠍ ᠪᠠᠢᠬ᠍ᠰᠠᠨ᠎ᠢ ᠭᠡᠨ ᠴᠦ᠍ ᠠᠰᠠᠭᠤᠬ᠍ᠰᠠᠨ ᠦᠭᠡᠢ᠃ ᠬᠡᠲᠦᠨ ᠡᠳᠦᠷ᠎ᠤᠨ ᠬᠢᠨᠢ ᠲᠠᠷᠠᠭ᠎ᠠ᠂ ᠪᠡᠶ᠎ᠡ᠎ᠶ᠋ᠢᠨ ᠲᠠᠮᠢᠷ᠎ᠤᠨ ᠴᠣᠬ᠍ᠯᠠᠭᠠᠨ᠎ᠠᠴᠠ ᠠᠮᠵᠢᠵᠦ᠍ ᠪᠢᠲᠡ ᠬᠡᠲᠦᠬᠦᠯᠡ᠎ᠶ᠋ᠢᠨ ᠠᠪᠬᠤ ᠬᠡᠰᠡᠨ ᠴᠠᠭᠠᠨ ᠬᠠᠨᠲᠠᠭᠠᠵᠠ᠂ ᠬᠦᠭᠡ ᠦᠮᠦᠲᠦ ᠪᠣᠯᠣᠨ ᠪᠡᠶ᠎ᠡ᠎ᠶ᠋ᠢᠨ ᠲᠠᠮᠢᠷ᠎ᠤᠨ ᠬᠤᠪᠴᠠᠰᠣ ᠵᠡᠷᠭᠡ ᠪᠦ᠍ᠷᠢᠨ ᠵᠠᠰᠠᠯ᠎ᠢ ᠪᠡᠯᠡᠭᠡᠨ ᠪᠣᠯᠭᠠᠵᠦ᠍ ᠦᠭ᠌ᠲᠡᠭ᠃ ᠣᠲᠣ ᠪᠣᠲᠣᠬᠤ᠎ᠳᠤ᠂ ᠬᠠᠭᠤᠴᠢᠨ ᠲᠡᠪᠡᠯ᠎ᠲᠠᠢ ᠠᠪᠤ ᠮᠢᠨᠢ ᠲᠡᠷᠡ ᠴᠢᠭ᠎ᠢᠶᠠᠷ᠎ᠢᠶᠠᠨ ᠪᠢᠲᠡᠨ᠎ᠢ ᠬᠠᠯᠠᠭᠤᠨ᠎ᠠᠴᠠ ᠬᠠᠯᠬᠠᠯᠠᠨ ᠬᠦᠢᠲᠡᠨ᠎ᠳᠤ ᠨᠦᠮᠦᠷᠢᠯᠡᠬᠦ᠌ ᠲᠡᠪᠡᠯ ᠪᠣᠯᠵᠦ᠍ ᠪᠠᠢᠬ᠍ᠰᠠᠨ ᠠᠵᠢ᠃

ᠡᠷ ᠎ᠡ ᠦᠰᠴᠦ᠍ ᠢᠰᠡᠭᠡᠢ ᠰᠣᠨᠲᠠᠬ᠃ ᠦᠨᠳᠦᠷ ᠲᠣᠮᠲᠠᠲᠣ᠎ᠳᠤ ᠲᠠᠪᠱᠢᠭᠠᠳ ᠪᠢ ᠨᠢᠭᠡ ᠯᠡ ᠲᠡᠭᠡᠷ᠎ᠡ ᠦᠰᠴᠦ᠍᠂ ᠠᠪᠤ᠎ᠲᠠᠢ᠎ᠪᠠᠨ ᠠᠲᠠᠯᠢ ᠰᠡᠴᠡᠭᠤ ᠪᠣᠯᠪᠠ᠃ ᠲᠡᠷᠡ ᠴᠠᠬ᠎ᠠᠴᠠ ᠬᠤᠢᠰᠢ᠂ ᠮᠢᠨᠦ᠍ ᠡᠮᠦᠰᠦᠭᠡᠳ ᠬᠠᠭᠤᠴᠢᠷᠠᠬ᠍ᠰᠠᠨ ᠪᠣᠶᠣ ᠭᠤᠯᠣᠵᠦ᠍ ᠬᠠᠶᠠᠬ᠍ᠰᠠᠨ ᠲᠡᠪᠡᠯ ᠬᠤᠪᠴᠠᠰᠣ᠎ᠶ᠋ᠢ ᠠᠪᠤ ᠮᠢᠨᠢ ᠲᠡᠬᠦᠵᠦ᠍ ᠡᠮᠦᠰᠭᠦ ᠪᠣᠯᠣᠬ᠍ᠰᠠᠨ ᠪᠦᠭᠡᠳ ᠬᠠᠶᠠ ᠨᠦᠬᠦᠭᠡ ᠡᠸᠦ᠋ᠷᠦᠫᠠ ᠬᠤᠪᠴᠠᠰᠣ ᠪᠣᠯᠣᠨ ᠣᠭᠤᠲᠠ ᠱᠢᠭᠤᠲᠠᠢ ᠬᠡᠮᠡᠷ ᠲᠠᠯᠪᠠᠯᠵᠠᠬ᠍ᠰᠠᠨ ᠦᠷᠭᠡᠨ ᠦᠮᠦᠲᠦ᠎ᠶ᠋ᠢ ᠬᠠᠷᠠᠵᠦ᠍ 《ᠡᠨᠡ ᠬᠡᠦᠬᠡᠳ ᠡᠯᠲᠡᠪ᠎ᠤᠨ ᠶᠠᠭᠤᠮ᠎ᠠ ᠡᠮᠦᠰᠦᠨ᠎ᠡ》 ᠭᠡᠵᠦ᠍ ᠦᠯᠦ᠍ ᠲᠣᠭᠤᠮᠰᠠᠷᠯᠠᠬᠤ ᠠᠶᠠᠰ᠎ᠲᠠᠢ ᠶᠠᠷᠢᠵᠦ᠍ ᠪᠠᠢᠬ᠍ᠰᠠᠨ᠎ᠨᠢ ᠣᠲᠣ ᠴᠦ᠍ ᠭᠡᠳ ᠴᠢᠬᠢᠨ᠎ᠳᠤ ᠬᠠᠩᠬᠢᠨᠠᠬᠤ ᠮᠡᠲᠦ᠍᠃

ᠬᠤᠪᠴᠠᠰᠣᠨ᠎ᠤ ᠱᠢᠨ᠎ᠡ᠎ᠨᠢ ᠰᠠᠢᠬᠠᠨ ᠭᠡᠲᠡᠭ᠎ᠢ ᠬᠦᠮᠦᠨ ᠪᠣᠯᠭᠠᠨ ᠮᠡᠲᠡᠲᠡᠭ᠃ ᠭᠡᠯ᠎ᠡ ᠴᠦ᠍ ᠬᠠᠭᠤᠴᠢᠨ᠎ᠢ ᠭᠤᠯᠣᠯ ᠦᠭᠡᠢ ᠲᠡᠬᠦᠵᠦ᠍ ᠡᠮᠦᠰᠲᠡᠭ᠎ᠨᠢ ᠬᠦᠬᠡᠷᠦᠬᠦᠢ ᠠᠪᠤ ᠮᠢᠨᠢ ᠪᠢᠯᠡ᠃ ᠬᠠᠭᠤᠴᠢᠨ ᠬᠢᠭᠡᠳ ᠱᠢᠨ᠎ᠡ᠂ ᠬᠠᠢᠷ᠎ᠠ ᠪᠣᠯᠣᠨ ᠬᠦᠰᠡᠯ᠎ᠤᠨ ᠴᠠᠭᠠᠨ᠎ᠠ᠎ᠠᠴᠠ ᠢᠪᠢᠯᠦᠨ ᠣᠨᠲᠣᠷᠣᠬ᠍ᠰᠠᠨ ᠡᠴᠢᠨ᠎ᠡ ᠣᠬᠠᠭᠠᠨ᠎ᠢ ᠬᠤᠵᠢᠮᠲᠠᠵᠦ᠍ ᠣᠬᠠᠭᠠᠷᠠᠬᠤ᠎ᠳᠤ ᠨᠢᠭᠡᠨᠲᠡ ᠨᠦᠬᠦᠰᠢ ᠦᠭᠡᠢ ᠬᠠᠷᠠᠮᠰᠠᠯ᠂ ᠡᠲᠡᠭᠡᠷᠡᠰᠢ ᠦᠭᠡᠢ ᠱᠢᠷᠬ᠎ᠠ ᠪᠣᠯᠵᠦ᠍ ᠬᠤᠴᠣᠷᠣᠬ᠍ᠰᠠᠨ᠎ᠢ ᠶᠠᠭᠠᠬᠢᠨ᠎ᠠ⁈

ᠠᠪᠤ᠎ᠲᠠᠢ ᠬᠦᠮᠦᠨ ᠰᠠᠢᠬᠠᠨ ᠡ᠃ ᠠᠯᠠᠬ ᠬᠤᠷᠸ᠎ᠠ᠎ᠳᠤ 《ᠠᠪᠤ ᠡ!》 ᠭᠡᠵᠦ᠍ ᠪᠠᠷᠲᠠᠮ ᠲᠠᠭᠤᠲᠠᠬ᠍ᠰᠠᠭᠠᠷ ᠪᠤᠢ ᠠᠵᠠ᠎ᠲᠠᠢ ᠬᠦᠮᠦᠰ᠎ᠢ ᠦᠨᠡᠬᠡᠷ ᠠᠲᠠᠭᠠᠷᠬᠠᠮᠠᠷ ᠶᠣᠮ᠃

 

ᠬᠤᠪᠢᠶᠠᠯᠴᠠᠬᠤ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6659832 ᠢᠮᠧᠯ᠄tn@mgyxw.net   蒙ICP备10000005号