ᠠᠰᠠᠭᠤᠯᠲᠠ᠄
ᠪᠠᠲᠤ ᠭᠤᠸᠠᠢ ᠭᠡᠷ᠎ᠢᠶᠠᠨ ᠬᠦᠦ᠎ᠳᠡᠭᠡᠨ ᠵᠠᠯᠭᠠᠮᠵᠢᠯᠠᠭᠤᠯᠬᠤ᠎ᠪᠠᠷ ᠬᠡᠷᠢᠶᠡᠰ ᠲᠤᠭ᠍ᠳᠠᠭᠠᠭ᠍ᠰᠠᠨ ᠪᠤᠯᠪᠠᠴᠤ᠌ ᠲᠡᠭᠦᠨ᠎ᠢ ᠣᠯᠠᠨ ᠵᠢᠯ ᠠᠰᠠᠷᠠᠨ ᠬᠠᠷᠠᠭᠠᠯᠵᠠᠭ᠍ᠰᠠᠨ᠂ ᠦᠷ᠎ᠡ ᠬᠡᠤᠬᠡᠳ ᠥᠬᠡᠶ ᠮᠦᠷᠳᠡᠭᠡᠨ ᠬᠡᠷ ᠬᠥᠷᠥᠩᠭᠡ ᠥᠬᠡᠶ ᠠᠰᠠᠷᠠᠭ᠍ᠴᠢ᠎ᠶ᠋ᠢ ᠦᠷᠭᠦᠯᠵᠢᠯᠡᠨ ᠰᠠᠭᠤᠯᠭᠠᠬᠤ᠎ᠶ᠋ᠢ ᠭᠦᠰᠡᠭ᠌ᠰᠡᠨ ᠪᠠᠢᠨ᠎ᠠ᠂ ᠲᠡᠭᠡᠪᠡᠯ ᠡᠢᠮᠤ ᠪᠠᠢᠳᠠᠯ᠎ᠳᠤ ᠶᠠᠭᠠᠬᠢᠪᠠᠯ ᠵᠤᠬᠢᠬᠤ ᠪᠤᠢ?

ᠬᠠᠷᠢᠭᠤᠯᠲᠠ᠄
ᠭᠡᠷᠢᠶᠡᠰᠤᠨ ᠠᠷᠭ᠎ᠠ ᠮᠠᠶᠢᠭ᠎ᠢᠶᠠᠷ ᠠᠰᠠᠷᠠᠭ᠍ᠴᠢ᠎ᠳᠤ ᠣᠷᠣᠱᠢᠨ ᠰᠠᠭᠤᠬᠤ ᠡᠷᠬᠡ ᠲᠤᠭ᠍ᠳᠠᠭᠠᠬᠤ᠎ᠶ᠋ᠢᠨ ᠬᠠᠮᠲᠤ ᠲᠠᠩᠰᠠᠯᠠᠭᠤᠯᠵᠤ ᠪᠣᠯᠤᠨ᠎ᠠ᠃
• 《ᠢᠷᠭᠡᠨ᠎ᠤ ᠬᠠᠤᠯᠢ᠎ᠶ᠋ᠢᠨ ᠪᠢᠴᠢᠭ》 ᠲᠤ 《ᠣᠷᠣᠱᠢᠨ ᠰᠠᠭᠤᠬᠤ ᠡᠷᠬᠡ》 ᠭᠡᠬᠦ᠌ ᠡᠨᠡ ᠬᠦ᠌ ᠱᠢᠨ᠎ᠡ ᠬᠡᠯᠪᠡᠷᠢ᠎ᠶ᠋ᠢᠨ ᠠᠱᠢᠭ ᠤᠯᠬᠤ ᠪᠣᠳᠠᠰ᠎ᠤᠨ ᠡᠷᠬᠡ᠎ᠶ᠋ᠢ ᠨᠠᠮᠠᠨ ᠲᠣᠭ᠍ᠲᠠᠭᠠᠵᠤ᠂ ᠣᠷᠣᠱᠢᠨ ᠰᠠᠭᠤᠬᠤ ᠡᠷᠬᠡ᠎ᠶ᠋ᠢ ᠵᠠᠷᠴᠢᠮ ᠳᠡᠭᠡᠷ᠎ᠡ᠎ᠪᠠᠨ ᠦᠨ᠎ᠡ ᠲᠥᠯᠥᠪᠦᠷᠢ ᠦᠭᠡᠢ᠎ᠪᠠᠷ ᠲᠣᠭ᠍ᠲᠠᠭᠠᠵᠤ᠂ ᠣᠷᠣᠱᠢᠨ ᠰᠠᠭᠤᠬᠤ ᠡᠷᠬᠡᠲᠦ ᠬᠥᠮᠦᠨ᠎ᠨᠢ ᠭᠡᠷ᠎ᠡ᠎ᠳᠤ ᠪᠣᠯᠵᠣᠨ ᠲᠣᠭ᠍ᠲᠠᠭ᠍ᠰᠠᠨ ᠪᠤᠶᠤ ᠭᠡᠷᠢᠶᠡᠰ ᠶᠣᠰᠣᠭᠠᠷ ᠲᠠᠩᠰᠠᠯᠠᠭᠤᠯᠬᠤ᠎ᠪᠠᠷ ᠲᠡᠮᠵᠢᠨ ᠪᠤᠰᠤᠳ᠎ᠤᠨ ᠣᠷᠣᠨ ᠰᠠᠭᠤᠴᠠ᠎ᠶ᠋ᠢ ᠡᠵᠡᠮᠱᠢᠵᠦ᠍᠂ ᠬᠡᠷᠡᠭ᠌ᠯᠡᠬᠦ᠌ ᠡᠷᠬᠡ᠎ᠲᠠᠢ᠃ ᠡᠭᠦᠨ᠎ᠢᠶᠠᠷ ᠲᠡᠮᠵᠢᠨ ᠲᠡᠭᠦᠨ᠎ᠤ ᠠᠮᠤᠷ ᠲᠠᠢᠪᠤᠩ ᠠᠮᠢᠳᠤᠷᠡᠵᠤ ᠤᠷᠤᠱᠢᠨ ᠰᠠᠭᠤᠬᠤ ᠬᠡᠷᠡᠭ᠌ᠴᠡᠭᠡ᠎ᠶ᠋ᠢ ᠬᠠᠨᠭ᠌ᠭᠠᠨ᠎ᠠ ᠭᠡᠵᠤ ᠲᠤᠳᠤᠷᠬᠠᠢᠯᠠᠪᠠ᠃

• 《ᠢᠷᠭᠡᠨ᠎ᠤ ᠬᠠᠤᠯᠢ᠎ᠶ᠋ᠢᠨ ᠪᠢᠴᠢᠭ》 ᠤᠨ ᠭᠤᠷᠪᠠᠨ ᠵᠠᠭᠤ ᠵᠢᠷᠠᠨ ᠵᠢᠷᠭᠤᠳᠤᠭᠠᠷ ᠵᠦᠢᠯ᠎ᠳᠤ᠂ ᠠᠮᠢᠳᠣᠷᠠᠵᠦ᠍ ᠰᠠᠭᠤᠬᠤ ᠭᠡᠷᠡᠭ᠌ᠴᠡᠭᠡ᠎ᠪᠠᠨ ᠬᠠᠨᠭ᠌ᠭᠠᠬᠤ᠎ᠶ᠋ᠢᠨ ᠲᠦᠯᠦᠭᠡ᠂ ᠣᠷᠣᠱᠢᠨ ᠰᠠᠭᠤᠬᠤ ᠡᠷᠭᠡᠳᠦ ᠭᠦᠮᠦᠨ ᠭᠡᠷ᠎ᠡ᠎ᠶ᠋ᠢᠨ ᠪᠣᠯᠵᠣᠯ ᠶᠣᠰᠣᠭᠠᠷ ᠪᠣᠰᠣᠳ᠎ᠤᠨ ᠣᠷᠣᠨ ᠰᠠᠭᠤᠴᠠ᠎ᠶ᠋ᠢ ᠡᠵᠡᠮᠱᠢᠬᠦ᠂ ᠭᠡᠷᠡᠭ᠌ᠯᠡᠭᠦ᠌ ᠵᠡᠷᠭᠡ ᠠᠱᠢᠭ ᠣᠯᠬᠤ ᠪᠣᠳᠠᠰ᠎ᠤᠨ ᠡᠷᠭᠡ᠎ᠶ᠋ᠢ ᠡᠳ᠋ᠯᠡᠭᠦ᠌ ᠡᠷᠭᠡ᠎ᠲᠠᠢ ᠭᠡᠵᠤ ᠲᠤᠭ᠍ᠳᠠᠭᠠᠪᠠ᠃
• ᠭᠤᠷᠪᠠᠨ ᠵᠠᠭᠤ ᠵᠢᠷᠠᠨ ᠳᠣᠯᠣᠳᠤᠭᠠᠷ ᠵᠦᠢᠯ᠎ᠳᠤ᠂ ᠣᠷᠣᠱᠢᠨ ᠰᠠᠭᠤᠬᠤ ᠡᠷᠭᠡ᠎ᠶ᠋ᠢ ᠲᠣᠭ᠍ᠳᠠᠭᠠᠬᠤᠳᠤ᠂ ᠲᠣᠬᠠᠢ᠎ᠶ᠋ᠢᠨ ᠭᠦᠮᠦᠨ ᠪᠢᠴᠢᠭ᠎ᠤᠨ ᠭᠡᠯᠪᠡᠷᠢ᠎ᠪᠠᠷ ᠣᠷᠣᠱᠢᠨ ᠰᠠᠭᠤᠬᠤ ᠡᠷᠭᠡ᠎ᠶ᠋ᠢᠨ ᠭᠡᠷ᠎ᠡ ᠲᠣᠭ᠍ᠳᠠᠭᠠᠬᠤ ᠭᠡᠷᠡᠭ᠌ᠳᠡᠢ ᠭᠡᠵᠦ᠍ ᠲᠣᠭ᠍ᠲᠠᠭᠠᠪᠠ᠃
• ᠭᠤᠷᠪᠠᠨ ᠵᠠᠭᠤ ᠵᠢᠷᠠᠨ ᠨᠠᠢ᠍ᠮᠠᠳᠤᠭᠠᠷ ᠵᠦᠢᠯ᠎ᠳᠤ᠂ ᠣᠷᠣᠱᠢᠨ ᠰᠠᠭᠤᠬᠤ ᠡᠷᠭᠡ᠎ᠶ᠋ᠢ ᠦᠨ᠎ᠡ ᠲᠦᠯᠦᠪᠦᠷᠢ ᠦᠭᠡᠢ᠎ᠪᠠᠷ ᠲᠣᠭ᠍ᠳᠠᠭᠠᠨᠠ᠂ ᠭᠡᠪᠡᠴᠦ᠍ ᠲᠣᠬᠠᠢ᠎ᠶ᠋ᠢᠨ ᠭᠦᠮᠦᠨ ᠠᠰᠳᠠᠭᠠᠨ ᠪᠣᠯᠵᠣᠯ᠎ᠲᠠᠢ᠎ᠨᠢ ᠡᠭᠦᠨ᠎ᠳᠤ ᠪᠠᠭ᠍ᠳᠠᠬᠤ ᠦᠭᠡᠢ᠃ ᠣᠷᠣᠱᠢᠨ ᠰᠠᠭᠤᠬᠤ ᠡᠷᠭᠡ᠎ᠶ᠋ᠢ ᠲᠣᠭ᠍ᠳᠠᠭᠠᠬᠤᠳᠤ᠂ ᠲᠠᠩᠰᠠᠯᠠᠬᠤ ᠪᠠᠢᠭᠤᠯᠣᠮᠵᠢᠳᠤ ᠣᠷᠣᠱᠢᠨ ᠰᠠᠭᠤᠬᠤ ᠡᠷᠭᠡ᠎ᠶ᠋ᠢ ᠲᠠᠩᠰᠠᠯᠠᠭᠤᠯᠬᠤ᠎ᠪᠠᠷ ᠭᠤᠶᠣᠴᠢᠯᠠᠬᠤ ᠭᠡᠷᠡᠭ᠌ᠳᠡᠢ᠃ ᠣᠷᠣᠱᠢᠨ ᠰᠠᠭᠤᠬᠤ ᠡᠷᠭᠡ᠎ᠨᠢ ᠲᠠᠩᠰᠠᠯᠠᠭᠤᠯᠣᠭ᠍ᠰᠠᠨ ᠴᠠᠭ᠎ᠠᠴᠠ ᠲᠣᠭ᠍ᠳᠠᠭᠠᠭ᠍ᠳᠠᠨᠠ ᠭᠡᠵᠤ ᠲᠤᠭ᠍ᠳᠠᠭᠠᠪᠠ᠃

• ᠭᠤᠷᠪᠠᠨ ᠵᠠᠭᠤ ᠵᠢᠷᠠ ᠶᠢᠰᠦᠳᠦᠭᠡᠷ ᠵᠦᠢᠯ᠎ᠳᠤ᠂ ᠣᠷᠣᠱᠢᠨ ᠰᠠᠭᠤᠬᠤ ᠡᠷᠭᠡ᠎ᠶ᠋ᠢ ᠱᠢᠯᠵᠢᠭᠦᠯᠦᠨ ᠦᠭ᠌ᠴᠦ᠂ ᠵᠠᠯᠭᠠᠮᠵᠢᠯᠠᠵᠦ᠍ ᠪᠣᠯᠬᠤ ᠦᠭᠡᠢ᠃ ᠣᠷᠣᠱᠢᠨ ᠰᠠᠭᠤᠬᠤ ᠡᠷᠭᠡ᠎ᠶ᠋ᠢ ᠲᠣᠭ᠍ᠳᠠᠭᠠᠭ᠍ᠰᠠᠨ ᠣᠷᠣᠨ ᠰᠠᠭᠤᠴᠠ᠎ᠶ᠋ᠢ ᠲᠦᠷᠢᠶᠡᠰᠦᠯᠡᠭᠦᠯᠵᠦ᠍ ᠪᠣᠯᠬᠤ ᠦᠭᠡᠢ᠂ ᠭᠡᠪᠡᠴᠦ᠍ ᠲᠣᠬᠠᠢ᠎ᠶ᠋ᠢᠨ ᠭᠦᠮᠦᠨ ᠠᠰᠳᠠᠭᠠᠨ ᠪᠣᠯᠵᠣᠯ᠎ᠲᠠᠢ᠎ᠨᠢ ᠡᠭᠦᠨ᠎ᠳᠤ ᠪᠠᠭ᠍ᠳᠠᠬᠤ ᠦᠭᠡᠢ ᠭᠡᠵᠤ ᠲᠤᠭ᠍ᠳᠠᠭᠠᠪᠠ᠃
• ᠭᠤᠷᠪᠠᠨ ᠵᠠᠭᠤ ᠳᠠᠯᠠᠳᠤᠭᠠᠷ ᠵᠦᠢᠯ᠎ᠳᠤ᠂ ᠣᠷᠣᠱᠢᠨ ᠰᠠᠭᠤᠬᠤ ᠡᠷᠬᠡ᠎ᠶ᠋ᠢᠨ ᠬᠤᠭᠤᠴᠠᠭ᠎ᠠ᠎ᠨᠢ ᠲᠦᠭᠦᠷᠦᠭ᠌ᠰᠡᠨ ᠪᠣᠶᠣ ᠣᠷᠣᠱᠢᠨ ᠰᠠᠭᠤᠬᠤ ᠡᠷᠭᠡᠳᠦ ᠭᠦᠮᠦᠨ ᠦᠭᠦᠭ᠌ᠰᠡᠨ ᠪᠠᠢᠪᠠᠯ᠂ ᠣᠷᠣᠱᠢᠨ ᠰᠠᠭᠤᠬᠤ ᠡᠷᠭᠡ᠎ᠨᠢ ᠦᠭᠡᠢ ᠪᠤᠯᠤᠨ᠎ᠠ᠃ ᠣᠷᠣᠱᠢᠨ ᠰᠠᠭᠤᠬᠤ ᠡᠷᠭᠡ᠎ᠨᠢ ᠦᠭᠡᠢ ᠪᠤᠯᠪᠠᠯ᠂ ᠴᠠᠭ ᠲᠣᠬᠠᠢᠳᠤᠨᠢ ᠲᠠᠩᠰᠠᠯᠠᠯᠳᠠ᠎ᠠᠴᠠ ᠬᠠᠰᠤᠭᠤᠯᠬᠤ ᠭᠡᠷᠡᠭ᠌ᠳᠡᠢ ᠭᠡᠵᠤ ᠲᠤᠭ᠍ᠳᠠᠭᠠᠪᠠ᠃
• ᠭᠤᠷᠪᠠᠨ ᠵᠠᠭᠤ ᠲᠠᠯᠠᠨ ᠨᠢᠭᠡᠳᠦᠭᠡᠷ ᠵᠦᠢᠯ᠎ᠳᠤ᠂ ᠭᠡᠷᠢᠶᠡᠰᠤᠨ ᠠᠷᠭ᠎ᠠ ᠮᠠᠶᠢᠭ᠎ᠢᠶᠠᠷ ᠣᠷᠣᠱᠢᠨ ᠰᠠᠭᠤᠬᠤ ᠡᠷᠭᠡ᠎ᠶ᠋ᠢ ᠲᠣᠭ᠍ᠳᠠᠭᠠᠭ᠍ᠰᠠᠨ ᠪᠠᠢᠪᠠᠯ᠂ ᠲᠣᠰ ᠪᠦᠯᠦᠭ᠎ᠤᠨ ᠬᠤᠯᠪᠣᠭ᠍ᠳᠠᠯ ᠪᠦᠭᠦᠢ ᠲᠣᠭ᠍ᠳᠠᠭᠠᠯᠢ ᠯᠠᠪᠯᠠᠯᠳᠠ ᠪᠣᠯᠭᠠᠵᠦ᠍ ᠲᠣᠭᠢᠷᠠᠭᠤᠯᠣᠨ ᠭᠡᠷᠡᠭ᠌ᠯᠡᠨᠡ ᠭᠡᠵᠦ᠍ ᠲᠣᠭ᠍ᠲᠠᠭᠠᠪᠠ᠃
ᠲᠦᠰᠦᠪᠯᠡᠭ᠌ᠴᠢ᠄ ᠪᠤᠤ᠎ᠶ᠋ᠢᠨ ᠱᠠᠨ
ᠡᠬᠡ ᠪᠢᠴᠢᠭ᠄ ᠦᠨᠢᠷ
ᠠᠪᠢᠶᠠᠯᠠᠬ᠍ᠴᠢ᠄ ᠦᠨᠢᠷ ᠱᠢᠨᠡᠪᠢᠯᠢᠭ
ᠬᠢᠨᠠᠬ᠍ᠴᠢ᠄ ᠪᠤᠤ᠎ᠶ᠋ᠢᠨ ᠱᠠᠨ