ᠠᠰᠠᠭᠤᠯᠲᠠ᠄
ᠪᠠᠲᠤ ᠠᠪᠤ ᠡᠵᠢ᠎ᠳᠡᠭᠡᠨ ᠬᠠᠯᠠ ᠦᠵᠡᠭᠦᠯᠦᠭ᠌ᠰᠡᠨ᠎ᠠᠴᠠ ᠪᠤᠯᠵᠤ ᠥᠪ ᠵᠠᠯᠭᠠᠮᠵᠢᠯᠠᠬᠤ ᠡᠷᠬᠡ᠎ᠪᠠᠨ ᠠᠯᠳᠠᠭ᠍ᠰᠠᠨ ᠪᠠᠢᠨ᠎ᠠ᠂ ᠭᠡᠪᠡᠴᠦ᠍ ᠰᠡᠭᠦᠯᠡᠷ᠎ᠨᠢ ᠪᠤᠷᠤᠭᠤ᠎ᠪᠠᠨ ᠮᠡᠳᠡᠵᠤ ᠬᠡᠮᠱᠢᠭᠡᠳ ᠥᠪ ᠵᠠᠯᠭᠠᠮᠵᠢᠯᠠᠭᠤᠯᠤᠭ᠍ᠴᠢᠶ᠋ᠢᠨ ᠠᠭᠤᠴᠢᠯᠠᠯᠢ ᠣᠯᠤᠭ᠍ᠰᠠᠨ ᠪᠤᠯ᠂ ᠠᠪᠤ ᠡᠵᠢ᠎ᠶ᠋ᠢᠨ᠎ᠢᠶᠠᠨ ᠡᠳ᠋ ᠬᠥᠷᠤᠩᠭᠡ᠎ᠶ᠋ᠢ ᠵᠠᠯᠭᠠᠮᠵᠢᠯᠠᠵᠤ ᠪᠣᠯᠤᠨ᠎ᠠ ᠤᠤ?

ᠬᠠᠷᠢᠭᠤᠯᠲᠠ᠄
ᠪᠣᠯᠤᠨ᠎ᠠ᠃ 《ᠢᠷᠭᠡᠨ᠎ᠤ ᠬᠠᠤᠯᠢ᠎ᠶ᠋ᠢᠨ ᠪᠢᠴᠢᠭ》 ᠲᠤ ᠥᠪ ᠵᠠᠯᠭᠠᠮᠵᠢᠯᠠᠭ᠍ᠴᠢ᠎ᠶ᠋ᠢ ᠠᠭᠤᠴᠢᠯᠠᠬᠤ ᠲᠦᠷᠢᠮ᠎ᠢ ᠨᠡᠮᠡᠵᠦ᠍ ᠲᠣᠭ᠍ᠲᠠᠭᠠᠵᠠᠢ᠃

《ᠢᠷᠭᠡᠨ᠎ᠤ ᠬᠠᠤᠯᠢ᠎ᠶ᠋ᠢᠨ ᠪᠢᠴᠢᠭ》 ᠤᠨ ᠮᠢᠩᠭ᠎ᠠ ᠨᠢᠭᠡ ᠵᠠᠭᠤ ᠬᠤᠷᠢᠨ ᠲᠠᠪᠤᠳᠤᠭᠠᠷ ᠵᠦᠢᠯ᠎ᠳᠤ᠂ ᠥᠪ ᠵᠠᠯᠭᠠᠮᠵᠢᠯᠠᠭ᠍ᠴᠢ᠎ᠨᠢ ᠳᠣᠣᠷ᠎ᠠ ᠵᠢᠭ᠍ᠰᠠᠭᠠᠭ᠍ᠰᠠᠨ ᠦᠢᠯᠡ ᠠᠵᠢᠯᠯᠠᠭ᠎ᠠ᠎ᠶ᠋ᠢᠨ ᠨᠢᠭᠡ᠎ᠶ᠋ᠢ᠎ᠨᠢ ᠬᠢᠭ᠌ᠰᠡᠨ ᠪᠠᠢᠪᠠᠯ᠂ ᠥᠪ ᠵᠠᠯᠭᠠᠮᠵᠢᠯᠠᠬᠤ ᠡᠷᠭᠡ᠎ᠪᠠᠨ ᠠᠯᠳᠠᠨ᠎ᠠ᠄
(ᠨᠢᠭᠡ) ᠥᠪ ᠵᠠᠯᠭᠠᠮᠵᠢᠯᠠᠭᠤᠯᠤᠭ᠍ᠴᠢᠶ᠋ᠢ ᠵᠣᠷᠢᠭᠤᠳᠠ ᠬᠤᠤᠷᠯᠠᠵᠤ ᠠᠯᠠᠭ᠍ᠰᠠᠨ;
(ᠬᠤᠶᠠᠷ) ᠥᠪ ᠬᠦᠷᠦᠩᠭᠡ ᠪᠤᠯᠢᠶᠠᠬᠤ᠎ᠶ᠋ᠢᠨ ᠲᠥᠯᠥᠭᠡ ᠪᠤᠰᠤᠳ ᠥᠪ ᠵᠠᠯᠭᠠᠮᠵᠢᠯᠠᠭ᠍ᠴᠢ᠎ᠶ᠋ᠢ ᠬᠤᠤᠷᠯᠠᠵᠤ ᠠᠯᠠᠭ᠍ᠰᠠᠨ;
(ᠭᠤᠷᠪᠠ) ᠥᠪ ᠵᠠᠯᠭᠠᠮᠵᠢᠯᠠᠭᠤᠯᠤᠭ᠍ᠴᠢᠶ᠋ᠢ ᠭᠤᠯᠣᠵᠤ ᠤᠷᠬᠢᠬ᠍ᠰᠡᠠ᠂ ᠡᠰᠡᠬᠦᠯ᠎ᠡ ᠥᠪ ᠵᠠᠯᠭᠠᠮᠵᠢᠯᠠᠭᠤᠯᠤᠭ᠍ᠴᠢᠳᠤ ᠬᠠᠯᠠ ᠦᠵᠡᠭᠦᠯᠦᠬᠡᠳ ᠤᠢ᠍ᠢᠯᠠ ᠪᠠᠢᠳᠠᠯ᠎ᠨᠢ ᠬᠦᠨᠳᠦ ᠨᠣᠴᠢᠲᠠᠶ ᠪᠠᠢᠬᠤ;
(ᠲᠦᠷᠪᠡ) ᠭᠡᠷᠢᠶᠡᠰ᠎ᠢ ᠬᠠᠭᠤᠷᠮᠠᠭ᠍ᠯᠠᠨ ᠵᠣᠬᠢᠶᠠᠭ᠍ᠰᠠᠨ᠂ ᠥᠭᠡᠷᠡᠲᠦᠭᠦᠯᠦᠨ ᠵᠠᠰᠠᠭ᠍ᠰᠡᠨ᠂ ᠨᠢᠭᠤᠨ ᠳᠠᠯᠳᠠᠯᠠᠭ᠍ᠰᠠᠨ ᠪᠤᠶᠤ ᠤᠰᠠᠳᠭᠠᠭᠠᠳ ᠤᠢ᠍ᠢᠯᠠ ᠪᠠᠢᠳᠠᠯ᠎ᠨᠢ ᠬᠦᠨᠳᠦ ᠨᠣᠴᠢᠲᠠᠶ ᠪᠠᠢᠬᠤ;
(ᠲᠠᠪᠤ) ᠮᠡᠭᠡᠯᠡᠭᠦ᠌᠂ ᠱᠢᠬᠠᠮᠳᠠᠭᠤᠯᠤᠨ ᠰᠦᠷᠳᠡᠭᠦᠯᠬᠦ᠌ ᠠᠷᠭ᠎ᠠ ᠪᠠᠷᠢᠯ᠎ᠢᠶᠠᠷ ᠥᠪ ᠵᠠᠯᠭᠠᠮᠵᠢᠯᠠᠭᠤᠯᠤᠭ᠍ᠴᠢᠶ᠋ᠢᠨ ᠭᠡᠷᠢᠶᠡᠰ ᠦᠯᠡᠳᠡᠭᠡᠭᠦ᠌᠂ ᠭᠡᠷᠢᠶᠡᠰ᠎ᠢᠶᠠᠨ ᠬᠤᠪᠢᠷᠠᠭᠤᠯᠬᠤ ᠪᠤᠶᠤ ᠭᠡᠷᠢᠶᠡᠰ᠎ᠢᠶᠠᠨ ᠪᠤᠴᠠᠭᠠᠵᠤ ᠠᠪᠬᠤ᠎ᠶ᠋ᠢ ᠠᠯᠪᠠᠳᠠᠭ᠍ᠰᠠᠨ ᠪᠤᠶᠤ ᠬᠠᠷᠱᠢᠯᠠᠭᠠᠳ ᠦᠢᠯᠡ ᠪᠠᠢᠳᠠᠯ᠎ᠨᠢ ᠬᠦᠨᠳᠦ ᠨᠣᠴᠢᠲᠠᠶ ᠪᠠᠢᠬᠤ᠃

ᠥᠪ ᠵᠠᠯᠭᠠᠮᠵᠢᠯᠠᠭ᠍ᠴᠢ ᠡᠮᠦᠨᠡᠬᠢ ᠪᠠᠳᠠᠭ᠎ᠤᠨ ᠭᠤᠷᠪᠠᠳᠤᠭᠠᠷ ᠵᠤᠷᠪᠤᠰ᠎ᠠᠴᠠ ᠲᠠᠪᠤᠳᠤᠭᠠᠷ ᠵᠤᠷᠪᠤᠰ ᠬᠦᠷᠲᠡᠯᠡᠬᠢ ᠦᠢᠯᠡ ᠠᠵᠢᠯᠯᠠᠭ᠎ᠠ᠎ᠶ᠋ᠢ ᠬᠢᠭᠡᠳ᠂ ᠦᠨᠡᠬᠡᠷ ᠭᠡᠮᠱᠢᠨ ᠵᠠᠰᠠᠷᠠᠬᠤ ᠢᠯᠡᠷᠡᠯ᠎ᠲᠠᠢ ᠪᠦᠭᠡᠳ ᠥᠪ ᠵᠠᠯᠭᠠᠮᠵᠢᠯᠠᠭᠤᠯᠤᠭ᠍ᠴᠢ ᠠᠭᠤᠴᠢᠯᠠᠬᠤ᠎ᠪᠠᠷ ᠢᠯᠡᠷᠬᠡᠢᠯᠡᠭ᠌ᠰᠡᠨ ᠪᠤᠶᠤ ᠬᠡᠷᠡᠭ᠎ᠤᠨ ᠲᠠᠷᠠᠭ᠎ᠠ ᠭᠡᠷᠢᠶᠡᠰᠲᠡᠭᠡᠨ ᠲᠡᠭᠦᠨ᠎ᠢ ᠥᠪ ᠵᠠᠯᠭᠠᠮᠵᠢᠯᠠᠭ᠍ᠴᠢ᠎ᠪᠠᠷ ᠵᠢᠭ᠍ᠰᠠᠭᠠᠭ᠍ᠰᠠᠨ ᠪᠠᠢᠪᠠᠯ᠂ ᠲᠤᠰ ᠥᠪ ᠵᠠᠯᠭᠠᠮᠵᠢᠯᠠᠭ᠍ᠴᠢ ᠥᠪ ᠵᠠᠯᠭᠠᠮᠵᠢᠯᠠᠬᠤ ᠡᠷᠬᠡ᠎ᠪᠠᠨ ᠠᠯᠳᠠᠬᠤ ᠦᠭᠡᠢ ᠭᠡᠵᠤ ᠲᠤᠭ᠍ᠳᠠᠭᠠᠪᠠ᠃