
ᠴᠠᠭ ᠲᠦᠷᠦ
·ᠦᠪᠤᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠠᠷᠪᠠᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠵᠢᠷᠭᠤᠳᠤᠭᠠᠷ ᠬᠤᠷᠠᠯ ᠦᠨᠤᠳᠤᠷ ᠬᠦᠬᠡᠬᠤᠳᠠ᠎ᠳᠤ ᠡᠬᠢᠯᠡᠨ ᠬᠤᠷᠠᠯᠳᠤᠨ᠎ᠠ᠃

ᠨᠡᠢᠭᠡᠮ
·ᠮᠠᠨ᠎ᠤ ᠤᠷᠤᠨ᠎ᠳᠤ ᠦᠪᠡᠷᠲᠡᠭᠡᠨ ᠵᠠᠰᠠᠬᠤ ᠤᠷᠤᠨ᠎ᠤ ᠳᠡᠰ᠎ᠤᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠤᠨ ᠠᠵᠤ ᠠᠬᠤᠢᠯᠠᠯ᠎ᠤᠨ ᠨᠡᠪᠴᠢᠬᠦᠯᠦᠭᠦᠷ 6 ᠨᠡᠮᠡᠭᠳᠡᠪᠡ᠃
·ᠤᠢᠷ᠎ᠠ ᠵᠢᠨ ᠡᠳᠤᠷ ᠦᠪᠡᠷᠲᠡᠭᠡᠨ ᠵᠠᠰᠠᠬᠤ ᠤᠷᠤᠨ᠎ᠤ ᠪᠠᠢᠭᠠᠯᠢ ᠵᠢᠨ ᠡᠬᠢ ᠪᠠᠶᠠᠯᠢᠭ᠎ᠤᠨ ᠳᠢᠩᠬᠢᠮ᠎ᠤᠨ ᠬᠠᠤᠯᠢ ᠪᠤᠰᠤ ᠪᠡᠷ ᠭᠠᠵᠠᠷ ᠰᠢᠷᠤᠢ ᠵᠢ ᠡᠵᠡᠯᠡᠨ ᠬᠡᠷᠡᠭᠯᠡᠭᠰᠡᠨ ᠠᠵᠢᠯᠯᠠᠭ᠎ᠠ ᠵᠢ ᠳᠤᠰᠬᠠᠢ ᠲᠦᠷᠦᠯ ᠵᠢᠡᠷ ᠴᠡᠭᠴᠡᠯᠡᠨ ᠵᠠᠰᠠᠬᠤ ᠠᠵᠢᠯ᠎ᠤᠨ ᠳᠤᠭᠤᠢᠯᠠᠩ᠎ᠤᠨ ᠬᠢᠨᠠᠨ ᠬᠠᠷᠭᠤᠭᠤᠯᠭ᠎ᠠ ᠪᠡᠷ ᠳᠠᠮᠵᠢᠨ᠂ ᠰᠢᠯᠢ ᠵᠢᠨ ᠭᠤᠤᠯ ᠠᠢᠮᠠᠭ 2016 ᠤᠨ ᠡᠴᠡ 2019 ᠤᠨ ᠬᠦᠷᠳᠡᠯᠡᠬᠢ ᠭᠠᠵᠠᠷ ᠰᠢᠷᠤᠢ ᠵᠢᠨ ᠵᠤᠷᠰᠢᠯ ᠶᠤᠰᠤᠭᠠᠷ ᠶᠠᠪᠤᠬᠳᠠᠳᠠᠭ ᠱᠠᠯᠠᠪᠳᠠᠭᠤᠯᠤᠨ ᠪᠠᠢᠴᠠᠭᠠᠯᠳᠠ ᠵᠢᠨ ᠳᠤᠰᠬᠠᠬᠰᠠᠨ ᠠᠰᠠᠭᠤᠳᠠᠯ᠎ᠢ ᠨᠢᠭᠡᠨᠳᠡ ᠪᠦᠬᠦᠨ᠎ᠢ ᠴᠡᠭᠴᠡᠯᠡᠨ ᠵᠠᠰᠠᠵᠤ ᠳᠠᠭᠤᠰᠬᠠᠬᠰᠠᠨ ᠪᠠᠢᠨ᠎ᠠ᠃

·ᠤᠷᠴᠢᠮᠬᠠᠨ ᠪᠠᠶᠠᠠᠨᠠᠭᠤᠷ ᠬᠤᠳᠠ ᠵᠢᠨ ᠳᠦᠷᠪᠡᠳᠦᠭᠡᠷ ᠬᠤᠭᠤᠴᠠᠭᠠᠨ᠎ᠤ ᠠᠷᠠᠳ᠎ᠤᠨ ᠲᠦᠯᠦᠭᠡᠯᠡᠭᠴᠢᠳ ᠤᠨ ᠶᠡᠬᠡ ᠬᠤᠷᠠᠯ᠎ᠤᠨ ᠪᠠᠢᠩᠭᠤ ᠵᠢᠨ ᠬᠤᠷᠢᠶ᠎ᠠ ᠡᠴᠡ《ᠪᠠᠶᠠᠠᠨᠠᠭᠤᠷ ᠬᠤᠳᠠ ᠵᠢᠨ ᠮᠤᠨᠠ ᠠᠭᠤᠯᠠ ᠵᠢᠨ ᠬᠠᠳᠠᠨ ᠵᠢᠷᠤᠭ᠎ᠤᠨ ᠬᠠᠮᠠᠭᠠᠯᠠᠯᠳᠠ ᠵᠢᠨ ᠳᠦᠷᠢᠮ》᠎ᠢ ᠨᠡᠢᠲᠡᠯᠡᠵᠤ᠂ 2022 ᠤᠨ᠎ᠤ 3 ᠰᠠᠷ᠎ᠠ ᠵᠢᠨ 1᠎ᠤ ᠡᠳᠤᠷ ᠡᠴᠡ ᠵᠢᠩᠬᠢᠨᠢ ᠪᠡᠷ ᠡᠬᠢᠯᠡᠨ ᠬᠡᠷᠡᠭᠵᠢᠬᠦᠯᠬᠦ ᠪᠡᠷ ᠪᠤᠯᠵᠠᠢ᠃
·ᠰᠢᠯᠢᠩᠬᠤᠲᠠ ᠵᠢᠨ ᠴᠡᠷᠢᠭ ᠡᠴᠡ ᠬᠠᠯᠠᠬᠳᠠᠬᠰᠠᠳ ᠤᠨ ᠬᠡᠷᠡᠭ ᠶᠠᠪᠤᠳᠠᠯ᠎ᠤᠨ ᠳᠤᠪᠴᠢᠶ᠎ᠠ 2021 ᠤᠨ᠎ᠤ ᠬᠠᠷᠠᠭᠠᠯᠵᠠᠯ᠎ᠤᠨ ᠡᠳᠡᠭᠡᠳ᠎ᠤᠨ ᠳᠤᠬᠲᠠᠬᠰᠠᠨ ᠬᠤᠭᠤᠴᠠᠭᠠᠨ᠎ᠤ ᠳᠤᠬᠲᠠᠬᠰᠠᠨ ᠬᠠᠷᠠᠭᠠᠯᠵᠠᠯ᠎ᠤᠨ ᠮᠦᠩᠬᠦ ᠪᠠ ᠠᠮᠢᠳᠤᠷᠠᠯ᠎ᠤᠨ ᠨᠦᠬᠦᠪᠤᠷᠢ ᠮᠦᠩᠬᠦ ᠵᠢ ᠳᠠᠷᠬᠠᠭᠠᠬᠤ ᠠᠵᠢᠯ᠎ᠢ ᠭᠦᠢᠴᠡᠳᠬᠡᠵᠤ᠂ ᠪᠦᠬᠦ ᠵᠢᠯ᠎ᠳᠤ ᠨᠡᠢᠳᠡ 560.13 ᠲᠦᠮᠡᠨ ᠲᠦᠭᠦᠷᠢᠭ᠎ᠤᠨ ᠬᠠᠷᠠᠭᠠᠯᠵᠠᠯ᠎ᠤᠨ ᠮᠦᠩᠬᠦ ᠳᠠᠷᠬᠠᠭᠠᠬᠰᠠᠨ ᠪᠠᠢᠨ᠎ᠠ᠃
·ᠤᠢᠷ᠎ᠠ ᠵᠢᠨ ᠡᠳᠤᠷ ᠪᠠᠷᠠᠭᠤᠨ ᠦᠵᠦᠮᠦᠴᠢᠨ ᠬᠤᠰᠢᠭᠤᠨ᠎ᠤ ᠭᠠᠢᠯᠢ ᠵᠢᠨ ᠶᠠᠪᠤᠳᠠᠯ᠎ᠤᠨ ᠳᠤᠪᠴᠢᠶ᠎ᠠ ᠬᠤᠪᠢᠳᠠᠨ ᠳᠠᠭᠠᠭᠠᠴᠢᠯᠠᠬᠰᠠᠨ ᠤᠯᠠᠭᠠᠠᠬᠠᠭᠠᠯᠭ᠎ᠠ ᠰᠤᠮᠤᠨ᠎ᠤ ᠠᠷᠤᠬᠤᠰᠢᠭᠤ ᠭᠠᠴᠠᠭᠠᠨ᠎ᠤ ᠳᠤᠤᠯᠠ ᠵᠡᠷᠭᠡ 11 ᠨᠠᠰᠤᠲᠠᠨ᠎ᠢ ᠪᠤᠯᠭᠤᠭᠠᠨ ᠳᠤᠬᠤᠨᠢᠭᠤᠯᠵᠤ᠂ ᠨᠠᠰᠤᠲᠠᠳ᠎ᠲᠦ ᠨᠠᠮ ᠵᠠᠰᠠᠭ᠎ᠤᠨ ᠬᠠᠢᠷ᠎ᠠ ᠬᠠᠯᠠᠮᠵᠢ ᠵᠢ ᠭᠦᠷᠳᠡᠭᠡᠭᠰᠡᠨ ᠪᠠᠢᠨ᠎ᠠ᠃
·ᠳᠤᠳᠤᠭᠠᠳᠤ ᠵᠢ ᠬᠠᠮᠠᠭᠠᠯᠠᠬᠤ ᠶᠠᠮᠤᠨ᠎ᠤ ᠨᠡᠢᠲᠡᠯᠡᠭᠰᠡᠨ ᠲᠤᠭ᠎ᠠ ᠪᠦᠷᠢᠳᠬᠡᠯ᠎ᠢ ᠦᠨᠳᠦᠰᠦᠯᠡᠪᠡᠯ᠂ 2021 ᠤᠨ᠎ᠳᠤ ᠬᠤᠤᠷᠠᠳᠤ ᠡᠳ᠋ ᠲᠠᠢ ᠬᠤᠯᠪᠤᠬᠳᠠᠬᠰᠠᠨ ᠶᠠᠯᠠᠳᠤ ᠬᠡᠷᠡᠭ᠎ᠢ 5.4 ᠲᠦᠮᠡ ᠪᠠᠢᠴᠠᠭᠠᠨ ᠢᠯᠡᠷᠡᠬᠦᠯᠵᠤ᠂ 27 ᠲᠤᠨ ᠬᠤᠤᠷᠠᠳᠤ ᠡᠳ᠋᠎ᠢ ᠬᠤᠷᠢᠶᠠᠨ ᠠᠪᠴᠠᠢ᠃
·ᠤᠢᠷ᠎ᠠ ᠵᠢᠨ ᠡᠳᠤᠷ ᠤᠯᠤᠰ᠎ᠤᠨ ᠡᠷᠡᠬᠦᠯ ᠬᠠᠮᠠᠭᠠᠯᠠᠯ ᠡᠷᠡᠬᠦᠯ ᠮᠡᠨᠳᠤ ᠵᠢᠨ ᠵᠦᠪᠯᠡᠯ ᠡᠴᠡ ᠳᠦᠰᠦᠯ ᠨᠡᠢᠲᠡᠯᠡᠵᠤ᠂ ᠬᠤᠲᠠ ᠬᠦᠳᠡᠭᠡ ᠵᠢᠨ ᠵᠤᠬᠢᠬᠤ ᠨᠠᠰᠤᠨ(35 ᠡᠴᠡ 64 ᠨᠠᠰᠤ)᠎ᠤ ᠡᠮᠡᠭᠳᠠᠢᠴᠤᠳ᠎ᠲᠦ ᠰᠠᠪᠠᠨ᠎ᠤ ᠬᠦᠵᠦᠭᠦᠨ᠎ᠤ ᠦᠮᠡᠨ᠂ ᠭᠦᠭᠦᠨ ᠪᠤᠯᠴᠢᠷᠬᠠᠢ ᠵᠢᠨ ᠦᠮᠡᠨ᠎ᠤ ᠰᠢᠭᠰᠢᠨ ᠪᠠᠢᠴᠠᠭᠠᠯᠳᠠ ᠬᠢᠬᠦ ᠤᠢᠯᠡᠴᠢᠯᠡᠭᠡ ᠵᠢ ᠬᠠᠩᠭᠠᠨ᠎ᠠ ᠭᠡᠵᠤ ᠳᠤᠷᠠᠳᠤᠨ ᠭᠠᠷᠭᠠᠬᠰᠠᠨ ᠪᠠᠢᠨ᠎ᠠ᠃

·ᠤᠷᠴᠢᠮ᠎ᠤᠨ ᠡᠳᠤᠷ ᠮᠠᠨ᠎ᠤ ᠤᠯᠤᠰ ᠴᠠᠩ ᠵᠸᠩ ᠬᠤᠶᠠᠳᠤᠭᠠᠷ ᠤᠯᠠᠭᠠᠬᠴᠢᠨ ᠬᠦᠯᠭᠡ ᠳᠠᠢᠷᠤᠯᠳᠤ ᠰᠤᠮᠤ ᠪᠡᠷ ᠳᠤᠷᠰᠢᠯᠳᠠ ᠵᠢᠨ ᠠᠷᠪᠠᠨ ᠭᠤᠷᠪᠠᠳᠤᠭᠠᠷ ᠳᠠᠭᠠᠭᠤᠯᠢ ᠤᠳᠤ ᠵᠢ ᠠᠮᠵᠢᠯᠳᠠ ᠲᠠᠢ ᠬᠠᠷᠪᠤᠵᠠᠢ᠃
·ᠲᠦᠷᠦ ᠵᠢᠨ ᠶᠠᠪᠤᠳᠠᠯ᠎ᠤᠨ ᠬᠤᠷᠢᠶᠠᠨ᠎ᠤ ᠤᠯᠤᠰ᠎ᠤᠨ ᠦᠮᠴᠢᠯᠡᠯ᠎ᠤᠨ ᠡᠳ᠋ ᠬᠦᠷᠦᠩᠭᠡ ᠵᠢᠨ ᠬᠢᠨᠠᠯᠳᠠ ᠬᠠᠮᠢᠶᠠᠷᠤᠯᠳᠠ ᠵᠢᠨ ᠵᠦᠪᠯᠡᠯ᠎ᠤᠨ ᠮᠡᠳᠡᠭᠡ ᠵᠢ ᠦᠨᠳᠦᠰᠦᠯᠡᠪᠡᠯ᠂ 2021 ᠤᠨ᠎ᠳᠤ ᠲᠦᠪ᠎ᠤᠨ ᠠᠵᠤ ᠠᠬᠤᠢᠯᠠᠯ 36.3 ᠲᠦᠮᠡᠨ ᠳ᠋ᠦᠩᠰᠢᠭᠤᠷ ᠲᠦᠭᠦᠷᠢᠭ᠎ᠤᠨ ᠡᠵᠡᠩᠨᠡᠯᠳᠡ ᠵᠢᠨ ᠤᠷᠤᠯᠭ᠎ᠠ ᠵᠢ ᠪᠡᠶᠡᠯᠡᠬᠦᠯᠵᠤ᠂ 1.8 ᠲᠦᠮᠡᠨ ᠳ᠋ᠦᠩᠰᠢᠭᠤᠷ᠎ᠤᠨ ᠴᠡᠪᠡᠷ ᠠᠰᠢᠭ ᠬᠤᠨᠵᠢᠪᠤᠷᠢ ᠵᠢ ᠪᠡᠶᠡᠯᠡᠭᠦᠯᠪᠡ᠃
·ᠤᠯᠤᠰ᠎ᠤᠨ ᠬᠦᠭᠵᠢᠬᠦᠯᠦᠯᠳᠡ ᠦᠭᠡᠷᠡᠴᠢᠯᠡᠯᠳᠡ ᠵᠢᠨ ᠵᠦᠪᠯᠡᠯ ᠵᠡᠷᠭᠡ ᠶᠢᠰᠦᠨ ᠰᠠᠯᠠᠭ᠎ᠠ ᠮᠦᠴᠢᠷ ᠰᠠᠨᠠᠯ ᠨᠡᠢᠲᠡᠯᠡᠵᠤ᠂ ᠪᠤᠳᠤᠬᠤ ᠠᠷᠭ᠎ᠠ ᠵᠢ ᠠᠰᠢᠬᠯᠠᠨ ᠮᠡᠳᠡᠭᠡ ᠵᠠᠩᠬᠢ ᠵᠢᠨ ᠠᠭᠤᠯᠭ᠎ᠠ ᠵᠢ ᠬᠠᠭᠤᠷᠮᠠᠬᠯᠠᠨ ᠵᠤᠬᠢᠶᠠᠬᠤ ᠵᠡᠷᠭᠡ ᠬᠠᠤᠯᠢ ᠳᠤᠬᠲᠠᠭᠠᠯ ᠡᠴᠡ ᠵᠦᠷᠢᠴᠡᠭᠰᠡᠨ ᠤᠢᠯᠡ ᠠᠵᠢᠯᠯᠠᠭ᠎ᠠ ᠵᠢ ᠴᠢᠩᠭ᠎ᠠ ᠪᠠᠢᠴᠠᠭᠠᠨ ᠰᠢᠢᠳᠪᠤᠷᠢᠯᠡᠨ᠎ᠡ ᠭᠡᠪᠡ᠃
ᠰᠤᠶᠤᠯ
·ᠤᠷᠴᠢᠮᠬᠠᠨ ᠬᠢᠩᠭᠠᠨ ᠠᠢᠮᠠᠭ ᠤᠨ ᠰᠤᠶᠤᠯ ᠤᠨ ᠤᠷᠳᠤᠨ《ᠳᠤᠮᠳᠠᠳᠤ ᠵᠢᠨ ᠭᠦᠰᠡᠯ ᠵᠡᠬᠦᠳᠦ》 ᠰᠤᠶᠤᠯ᠎ᠢ ᠲᠦᠮᠡᠨ ᠡᠷᠦᠬᠡ᠎ᠳᠤ ᠬᠦᠷᠭᠡᠬᠦ ᠠᠵᠢᠯᠯᠠᠭ᠎ᠠ ᠦᠷᠨᠢᠬᠦᠯᠪᠡ᠃

·1 ᠰᠠᠷ᠎ᠠ ᠵᠢᠨ 19᠎ᠤ ᠡᠳᠤᠷ ᠠᠯᠠᠱᠠ ᠠᠢᠮᠠᠭ᠎ᠤᠨ ᠵᠢᠷᠭᠤᠳᠤᠭᠠᠷ ᠤᠳᠠᠭᠠᠨ᠎ᠤ《ᠠᠯᠳᠠᠨ ᠴᠠᠴᠤᠯᠭ᠎ᠠ》ᠨᠡᠷᠡᠮᠵᠢᠳᠤ ᠮᠤᠩᠭᠤᠯ ᠬᠢᠳᠠᠳ ᠤᠷᠠᠨ ᠪᠢᠴᠢᠯᠭᠡ ᠵᠢᠨ ᠤᠷᠤᠯᠳᠤᠭᠠᠨ ᠠᠮᠵᠢᠯᠳᠠ ᠲᠠᠢ ᠶᠠᠪᠤᠬᠳᠠᠵᠠᠢ᠃

·ᠤᠢᠷ᠎ᠠ ᠵᠢᠨ ᠡᠳᠤᠷ ᠪᠠᠶᠠᠠᠨᠠᠭᠤᠷ ᠬᠤᠳᠠ ᠵᠢᠨ ᠤᠷᠠᠳ᠎ᠤᠨ ᠳᠤᠮᠳᠠᠳᠤ ᠬᠤᠰᠢᠭᠤᠨ᠎ᠤ ᠳᠡᠯ ᠠᠭᠤᠯᠠ ᠪᠠᠯᠭᠠᠰᠤᠨ᠎ᠤ ᠰᠸ ᠢ ᠲᠠᠩ ᠤᠷᠠᠨ ᠪᠢᠴᠢᠯᠭᠡ ᠵᠢᠨ ᠠᠵᠢᠯᠯᠠᠬᠤ ᠦᠷᠦᠭᠡ ᠵᠢᠨ ᠫᠠᠢᠰᠠ ᠡᠯᠬᠦᠬᠦ ᠶᠤᠰᠤᠯᠠᠯ ᠶᠠᠪᠤᠬᠳᠠᠵᠤ᠂ ᠳᠤᠰ ᠬᠤᠰᠢᠭᠤᠨ᠎ᠤ ᠤᠳᠬ᠎ᠠ ᠤᠷᠠᠯᠢᠭ᠎ᠤᠨ ᠬᠢᠨ᠎ᠤ ᠬᠤᠯᠪᠤᠭ᠎ᠠ ᠵᠢᠨ ᠬᠢᠨ ᠬᠤᠤᠰ ᠤᠶᠠᠩᠭ᠎ᠠ ᠪᠢᠴᠢᠵᠤ ᠢᠷᠦᠭᠡᠯ ᠳᠡᠪᠰᠢᠬᠦᠯᠵᠠᠢ᠃

ᠤᠢᠯᠡᠴᠢᠯᠡᠭᠡ
·ᠳᠠᠯᠠᠳ ᠬᠤᠰᠢᠭᠤᠨ᠎ᠤ ᠨᠠᠮ᠎ᠤᠨ ᠬᠤᠷᠢᠶᠠᠨ᠎ᠤ ᠨᠠᠮ᠎ᠤᠨ ᠰᠤᠷᠭᠠᠭᠤᠯᠢ ᠪᠠᠴᠢᠮ ᠬᠡᠷᠡᠭᠰᠡᠬᠦ ᠴᠢᠳᠠᠪᠤᠷᠢᠳᠠᠨ ᠤᠷᠢᠨ ᠬᠡᠷᠡᠭᠯᠡᠬᠦ ᠪᠡᠷ ᠪᠤᠢ᠃
·ᠬᠠᠷ᠎ᠠ ᠳᠡᠯᠳᠡᠤ ᠵᠢ ᠤᠬᠢᠶᠠᠬᠤ ᠦᠶᠡᠰ ᠵᠢᠭᠠᠬᠠᠨ ᠭᠤᠯᠢᠷ ᠬᠢᠪᠡᠯ ᠨᠡᠩ ᠴᠡᠪᠡᠷᠬᠡᠨ ᠤᠬᠢᠶᠠᠵᠤ ᠳᠡᠢᠯᠦᠨ᠎ᠡ᠃
ᠵᠠᠯᠭᠠᠭᠠᠳ《ᠬᠤᠯᠠ ᠵᠢᠨ ᠨᠤᠲᠤᠭ》ᠳᠠᠭᠤᠤ ᠪᠡᠷ ᠠᠶ᠎ᠠ ᠪᠠᠷᠢᠵᠤ ᠨᠡᠪᠲᠡᠷᠡᠬᠦᠯᠭᠡ ᠪᠡᠨ ᠵᠢᠷᠭᠠᠭᠠᠶ᠎ᠠ᠃ ᠨᠡᠪᠲᠡᠷᠡᠬᠦᠯᠭᠡ ᠮᠠᠨᠢ ᠲᠠ ᠪᠦᠬᠦᠨ᠎ᠳᠤ ᠲᠠᠭᠠᠯᠠᠬᠳᠠᠬᠰᠠᠨ ᠪᠤᠯ᠂ ᠪᠢᠳᠡᠨ᠎ᠳᠤ ᠤᠷᠮ᠎ᠡ ᠬᠠᠢᠷᠠᠯᠠᠭᠠᠷᠠᠢ!ᠲᠠ ᠪᠦᠬᠦᠨ ᠤ ᠬᠦᠯᠢᠶᠡᠨ ᠠᠪᠴᠤ ᠰᠤᠨᠤᠰᠤᠬᠰᠠᠨ᠎ᠳᠤ ᠪᠠᠶᠠᠷᠯᠠᠯ᠎ᠠ᠂ ᠪᠠᠶᠠᠷᠲᠠᠢ!
ᠨᠠᠢᠷᠠᠭᠤᠯᠤᠨ ᠨᠡᠪᠲᠡᠷᠡᠬᠦᠯᠦᠭᠴᠢ / ᠮᠡᠷᠭᠡᠵᠢᠯ᠄ ᠤᠷᠠᠨᠳᠠᠨ᠎ᠠ
ᠬᠢᠨᠠᠬᠴᠢ᠄ ᠰᠢᠯᠢᠨᠭᠡᠷᠡᠯ