



ᠨᠡᠢᠭᠡᠮ
✦ᠣᠢᠷ᠎ᠠ ᠳᠤ ᠳᠣᠲᠣᠭᠠᠳᠤ᠎ᠶᠢ ᠬᠠᠮᠠᠭᠠᠯᠠᠬᠤ ᠶᠠᠮᠤᠨ
ᠪᠢᠷᠮᠠ ᠪᠣᠯᠣᠨ᠎ᠲᠠᠢ ᠤᠯᠤᠰ᠎ᠤᠨ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ
ᠲᠠᠢ ᠬᠠᠮᠲᠤᠷᠠᠨ ᠪᠢᠷᠮᠠ᠎ᠶᠢᠨ ᠮᠢᠶᠠᠸᠠᠳᠢ ᠣᠷᠣᠨ᠎ᠳᠤ ᠰᠢᠨ᠎ᠡ ᠡᠭᠡᠯᠵᠢ᠎ᠶᠢᠨ ᠮᠦᠷᠦᠢ ᠲᠠᠢ ᠲᠤᠭᠯᠠᠭᠠᠮ ᠪᠠ ᠮᠡᠬᠡᠯᠡᠯ᠎ᠦᠨ
ᠬᠦᠷᠢᠶᠡᠯᠡᠩ ᠲᠣᠭᠣᠷᠢᠭ᠋ ᠢ᠋ ᠲᠥᠪᠯᠡᠷᠡᠭᠦᠯᠦᠨ ᠴᠡᠪᠡᠷᠯᠡᠨ ᠤᠰᠠᠳᠬᠠᠬᠤ ᠠᠵᠢᠯᠯᠠᠭ᠎ᠠ ᠥᠷᠨᠢᠭᠦᠯᠵᠦ᠂ ᠳᠤᠮᠳᠠᠳᠤ
ᠤᠯᠤᠰ᠎ᠤᠨ ᠬᠠᠷᠢᠶ᠎ᠠ᠎ᠲᠠᠢ ᠮᠡᠬᠡᠯᠡᠯ᠎ᠳᠦ ᠬᠣᠯᠪᠣᠭᠳᠠᠭᠰᠠᠨ 952 ᠶᠠᠯ᠎ᠠ ᠬᠢᠭᠰᠡᠨ ᠰᠡᠵᠢᠭᠲᠡᠨ᠎ᠢ ᠤᠯᠤᠰ᠎ᠲᠠᠭᠠᠨ
ᠪᠠᠷᠢᠪᠴᠢᠯᠠᠵᠤ ᠠᠪᠴᠢᠷᠠᠪᠠ᠃
✦ᠤᠰᠤᠨ ᠠᠰᠢᠭ᠍ᠯᠠᠯᠲᠠ ᠶᠢᠨ ᠶᠠᠮᠤᠨ᠎ᠤ
ᠮᠡᠳᠡᠭᠡ᠎ᠶᠢ ᠦᠨᠳᠦᠰᠦᠯᠡᠪᠡᠯ᠂ ᠠᠷᠪᠠᠨ ᠳᠥᠷᠪᠡᠳᠦᠭᠡᠷ ᠲᠠᠪᠤᠨ ᠵᠢᠯ᠎ᠦᠨ ᠲᠥᠯᠦᠪᠵᠢᠭᠦᠯᠭᠡ᠎ᠶᠢᠨ ᠬᠤᠭᠤᠴᠠᠭᠠᠨ
ᠳ᠋ᠤ᠂ ᠪᠦᠬᠦ ᠤᠯᠤᠰ᠎ᠤᠨ ᠰᠢᠨ᠎ᠡ᠎ᠪᠡᠷ ᠨᠡᠮᠡᠭᠳᠡᠭᠰᠡᠨ ᠬᠥᠷᠥᠰᠥ ᠰᠢᠷᠣᠢ᠎ᠶᠢᠨ ᠢᠳᠡᠭᠳᠡᠯ ᠢ᠋ ᠵᠠᠰᠠᠭᠰᠠᠨ
ᠲᠠᠯᠠᠪᠠᠢ 34 ᠲᠦᠮᠡᠨ ᠲᠡᠭᠰᠢ ᠳᠥᠷᠪᠡᠯᠵᠢᠨ ᠺᠢᠯᠣᠮᠧᠲᠷ᠎ᠢ ᠳᠠᠪᠠᠵᠤ᠂ ᠬᠥᠷᠥᠰᠥ ᠰᠢᠷᠣᠢ᠎ᠶᠢᠨ ᠢᠳᠡᠭᠳᠡᠯ᠎ᠢ
ᠪᠠᠭᠠᠰᠬᠠᠭᠰᠠᠨ ᠲᠠᠯᠠᠪᠠᠢ ᠪᠠᠷᠤᠭ 11.6 ᠲᠦᠮᠡᠨ ᠲᠡᠭᠰᠢ ᠳᠥᠷᠪᠡᠯᠵᠢᠨ ᠺᠢᠯᠣᠮᠧᠲᠷ᠎ᠲᠦ ᠬᠦᠷᠴᠦ᠂ ᠬᠥᠷᠥᠰᠥ
ᠰᠢᠷᠣᠢ ᠶ᠋ᠢᠨ ᠬᠠᠮᠠᠭᠠᠯᠠᠯᠲᠠ᠎ᠶᠢᠨ ᠨᠤᠷᠮ᠎ᠠ 73% ᠡᠴᠡ ᠳᠡᠭᠡᠭᠰᠢ᠎ᠳᠦ ᠬᠦᠷᠴᠡᠢ᠃

✦ᠵᠠᠬ᠎ᠠ ᠳᠡᠯᠭᠡᠭᠦᠷ᠎ᠦᠨ ᠬᠢᠨᠠᠯᠲᠠ
ᠬᠠᠮᠢᠶᠠᠷᠤᠯᠲᠠ ᠶᠢᠨ ᠶᠡᠷᠦᠩᠬᠡᠢ ᠲᠣᠪᠴᠢᠶ᠎ᠠ ᠵᠡᠷᠭᠡ ᠠᠷᠪᠠᠨ ᠳᠥᠷᠪᠡᠨ ᠰᠠᠯᠠᠭ᠎ᠠ ᠮᠥᠴᠢᠷ ᠬᠠᠮᠳᠤᠷᠠᠨ
ᠠᠵᠢᠯᠯᠠᠭ᠎ᠠ ᠶ᠋ᠢᠨ ᠲᠥᠰᠥᠯ
ᠨᠡᠢᠲᠡᠯᠡᠵᠦ᠂ ᠨᠠᠰᠤᠲᠠᠢᠴᠤᠳ᠂ ᠬᠡᠦᠬᠡᠳ ᠵᠡᠷᠭᠡ ᠭᠣᠣᠯᠳᠠᠯᠭ᠎ᠠ ᠲᠠᠢ ᠬᠥᠮᠥᠰ ᠦ᠋ᠨ ᠬᠡᠷᠡᠭᠯᠡᠵᠦ ᠪᠠᠢᠭ᠎ᠠ
ᠦᠢᠯᠡᠳᠬᠦᠨ᠂ ᠬᠡᠷᠡᠭᠯᠡᠭᠴᠢᠳ᠎ᠦᠨ ᠵᠠᠭᠠᠯᠳᠤᠯᠭ᠎ᠠ ᠨᠡᠯᠢᠶᠡᠳ ᠣᠯᠠᠨ ᠪᠠᠢᠭ᠎ᠠ ᠦᠢᠯᠡᠳᠬᠦᠨ ᠵᠡᠷᠭᠡ᠎ᠶᠢᠨ
ᠲᠣᠭᠣᠷᠢᠨ ᠳ᠋ᠤ ᠰᠦᠯᠵᠢᠶᠡᠨ ᠳᠡᠭᠡᠷ᠎ᠡ ᠪᠣᠷᠣᠯᠠᠭᠤᠯᠬᠤ ᠦᠢᠯᠡᠳᠬᠦᠨ᠎ᠦ ᠶᠠᠰᠤ ᠴᠢᠨᠠᠷ᠎ᠲᠤ ᠬᠢᠨᠠᠯᠲᠠ
ᠲᠠᠯᠪᠢᠵᠤ ᠰᠤᠭᠤᠴᠢᠨ ᠪᠠᠢᠴᠠᠭᠠᠭᠰᠠᠨ ᠦᠷ᠎ᠡ ᠳ᠋ᠦᠩ ᠦᠨ
ᠵᠢᠭ᠍ᠰᠠᠭᠠᠯᠲᠠ ᠪᠠ ᠵᠠᠷᠯᠠᠨ ᠮᠡᠳᠡᠭᠳᠡᠬᠦ ᠲᠣᠭᠲᠠᠴᠠ᠎ᠶᠢ ᠪᠠᠢᠭᠤᠯᠤᠨ᠎ᠠ ᠭᠡᠵᠡᠢ᠃

✦ᠦᠪᠡᠷᠲᠡᠭᠡᠨ ᠵᠠᠰᠠᠬᠤ ᠤᠷᠤᠨ᠎ᠤ ᠰᠣᠶᠣᠯ ᠪᠠ ᠵᠢᠭᠤᠯᠴᠢᠯᠠᠯ
ᠤ᠋ᠨ ᠲᠢᠩᠬᠢᠮ᠎ᠦᠨ ᠮᠡᠳᠡᠭᠡ᠎ᠶᠢ ᠦᠨᠳᠦᠰᠦᠯᠡᠪᠡᠯ᠂ ᠥᠪᠥᠷ ᠮᠣᠩᠭᠣᠯ ᠤ᠋ᠨ ᠰᠣᠶᠣᠯ ᠤ᠋ᠨ ᠵᠢᠭᠤᠯᠴᠢᠯᠠᠯ᠎ᠤᠨ ᠺᠠᠷᠲ᠎ᠢ
2026 ᠣᠨ᠎ᠤ 1 ᠰᠠᠷ᠎ᠠ ᠳ᠋ᠤ ᠳᠠᠷᠬᠠᠭᠠᠨ᠎ᠠ᠃ ᠲᠣᠰ ᠺᠠᠷᠲ᠎ᠢ ᠥᠪᠥᠷ ᠮᠣᠩᠭᠣᠯ᠎ᠤᠨ ᠰᠣᠶᠣᠯ ᠵᠢᠭᠤᠯᠴᠢᠯᠠᠯ᠎ᠤᠨ
ᠪᠦᠯᠦᠭᠯᠡᠯ ᠡᠴᠡ ᠡᠵᠡᠩᠨᠡᠵᠦ᠂ ᠰᠠᠭᠤᠷᠢ ᠦᠨ᠎ᠡ ᠨᠢ 299 ᠲᠥᠭᠥᠷᠢᠭ ᠪᠠᠢᠵᠤ᠂ ᠪᠥᠬᠥ ᠣᠷᠣᠨ᠎ᠤ A ᠲᠠᠰ ᠠ᠋ᠴᠠ ᠳᠡᠭᠡᠭᠰᠢᠬᠢ ᠰᠦᠢᠳᠬᠡᠯ ᠬᠤᠷᠢᠶᠠᠬᠤ ᠦᠵᠡᠮᠵᠢ᠎ᠶᠢᠨ ᠣᠷᠣᠨ᠎ᠤ ᠡᠬᠢ ᠪᠠᠶᠠᠯᠢᠭ᠋᠎ᠢ
ᠡᠮᠬᠢᠯᠡᠨ ᠨᠡᠢᠳᠬᠡᠵᠥ᠂ ᠺᠠᠷᠲ ᠡᠵᠡᠮᠰᠢᠭᠴᠢ᠎ᠳᠦ ᠨᠡᠶ᠋ᠢᠲᠡ ᠲᠦᠮᠡᠨ ᠲᠥᠭᠥᠷᠢᠭ᠎ᠦᠨ ᠰᠣᠶᠣᠯ ᠵᠢᠭᠤᠯᠴᠢᠯᠠᠯ᠎ᠤᠨ
ᠡᠷᠬᠡ ᠠᠰᠢᠭ᠋᠎ᠢ ᠡᠳ᠋ᠯᠡᠭᠦᠯᠵᠦ᠂ ᠲᠠᠯ᠎ᠠ ᠨᠤᠲᠤᠭ᠂ ᠣᠶ ᠰᠢᠭᠤᠢ᠂ ᠡᠯᠡᠰᠦ ᠮᠠᠩᠬ᠎ᠠ᠂ ᠨᠠᠭᠤᠷ ᠴᠥᠭᠥᠷᠥᠮ᠂ ᠴᠠᠰᠤ
ᠮᠥᠰᠥ ᠵᠡᠷᠭᠡ ᠭᠣᠣᠯ ᠦᠵᠡᠮᠵᠢ᠎ᠶᠢᠨ ᠣᠷᠣᠨ᠎ᠢ ᠬᠠᠮᠤᠷᠴᠠᠢ᠃
✦ᠤᠢᠷ᠎ᠠ ᠳ᠋ᠤ ᠥᠪᠥᠷ ᠮᠣᠩᠭᠣᠯ᠎ᠤᠨ ᠣᠯᠠᠨ
ᠰᠠᠯᠠᠭ᠎ᠠ ᠮᠥᠴᠢᠷ ᠬᠠᠮᠲᠤᠷᠠᠨ 《ᠴᠢᠬᠢ ᠪᠣᠯᠣᠨ ᠰᠣᠨᠣᠷ᠎ᠤᠨ ᠡᠷᠡᠭᠦᠯ ᠮᠡᠨᠳᠦ᠎ᠶᠢᠨ ᠠᠵᠢᠯ᠎ᠤᠨ ᠬᠡᠷᠡᠭᠵᠢᠭᠦᠯᠬᠦ
ᠲᠥᠰᠥᠯ᠎ᠢ ᠳᠠᠷᠤᠮᠠᠯᠯᠠᠨ ᠲᠠᠷᠬᠠᠭᠠᠬᠤ ᠲᠤᠬᠠᠢ ᠮᠡᠳᠡᠭᠳᠡᠯ》ᠨᠡᠢᠳᠡᠯᠡᠵᠦ᠂
2030 ᠣᠨ ᠪᠣᠯᠬᠤ᠎ᠳᠤ ᠰᠢᠰᠲᠧᠮ ᠨᠢ ᠦᠷᠭᠦᠯᠵᠢᠯᠡᠭᠰᠡᠨ᠂ ᠬᠣᠲᠠ ᠬᠥᠳᠡᠭᠡ ᠲᠡᠩᠴᠡᠭᠦᠷᠢᠲᠡᠢ᠂ ᠣᠨᠴᠠᠯᠢᠭ᠋
ᠢᠯᠡ ᠲᠣᠳᠣ᠌ ᠴᠢᠬᠢ ᠪᠠ ᠰᠣᠨᠣᠷ ᠤ᠋ᠨ ᠡᠷᠡᠭᠦᠯ ᠮᠡᠨᠳᠦ᠎ᠶᠢᠨ ᠦᠢᠯᠡᠴᠢᠯᠡᠭᠡᠨ᠎ᠦ ᠰᠢᠰᠲᠧᠮ᠎ᠢ ᠪᠠᠢᠭᠤᠯᠤᠨ᠎ᠠ
ᠭᠡᠵᠡᠢ᠃

✦ᠣᠢᠷ᠎ᠠ ᠳᠤ ᠥᠪᠥᠷ ᠮᠣᠩᠭᠣᠯ᠎ᠤᠨ ᠴᠠᠭᠳᠠᠭᠠᠨ ᠤ ᠳᠡᠭᠡᠳᠦ
ᠰᠤᠷᠭᠠᠭᠤᠯᠢ ᠶ᠋ᠢᠨ ᠲᠠᠨᠭᠨᠠᠨ ᠪᠠᠢᠴᠠᠭᠠᠬᠤ ᠤᠬᠠᠭᠠᠨ᠂ ᠠᠮᠤᠷ᠎ᠢ ᠬᠠᠮᠠᠭᠠᠯᠠᠬᠤ ᠵᠦᠢ᠂ ᠰᠦᠯᠵᠢᠶᠡᠨ᠎ᠦ ᠠᠮᠤᠷ
ᠲᠦᠪᠰᠢᠨ ᠬᠢᠭᠡᠳ ᠬᠠᠤᠯᠢ ᠬᠡᠷᠡᠭᠵᠢᠭᠦᠯᠬᠦ ᠪᠠ ᠬᠠᠤᠯᠢ ᠵᠦᠢ ᠵᠡᠷᠭᠡ ᠳᠥᠷᠪᠡᠨ ᠵᠢᠩᠬᠢᠨᠢ ᠠᠩᠭᠢ᠎ᠶᠢᠨ ᠲᠤᠰᠬᠠᠢ
ᠮᠡᠷᠭᠡᠵᠢᠯ ᠨᠢ ᠣᠶᠤᠲᠠᠨ ᠴᠣᠯᠠ ᠣᠯᠭᠣᠬᠤ ᠵᠥᠪᠰᠢᠶᠡᠷᠡᠯ᠎ᠢ ᠣᠯᠣᠭᠰᠠᠨ ᠪᠠᠢᠨ᠎ᠠ᠃
✦ᠤᠢᠷ᠎ᠠ ᠳ᠋ᠤ ᠠᠯᠠᠱᠠ ᠠᠢᠮᠠᠭ᠎ᠤᠨ 2025 ᠣᠨ ᠤ᠋ ᠶᠡᠬᠡ
ᠳᠡᠭᠡᠳᠦ ᠰᠤᠷᠭᠠᠭᠤᠯᠢ᠎ᠶᠢᠨ ᠴᠢᠳᠠᠪᠤᠷᠢᠲᠠᠨ ᠡᠯᠰᠡᠬᠦ ᠰᠢᠷᠢᠰ ᠠᠵᠢᠯᠯᠠᠭ᠎ᠠ ᠨᠢᠩᠰᠢᠶᠠ ᠶᠡᠬᠡ ᠰᠤᠷᠭᠠᠭᠤᠯᠢ᠎ᠳᠤ
ᠶᠠᠪᠤᠭᠳᠠᠵᠤ᠂ ᠨᠡᠶ᠋ᠢᠲᠡ 180 ᠠᠵᠢᠯ᠎ᠤᠨ ᠪᠠᠢᠷᠢ ᠭᠠᠷᠭᠠᠵᠤ᠂ 466 ᠬᠥᠮᠥᠨ ᠡᠯᠰᠡᠬᠦ᠎ᠪᠡᠷ ᠲᠥᠯᠥᠪᠯᠡᠪᠡ᠃
ᠡᠭᠦᠨ᠎ᠳᠦ 30 ᠠᠵᠤ ᠠᠬᠤᠢᠯᠠᠯ 87 ᠠᠵᠢᠯ᠎ᠤᠨ ᠪᠠᠢᠷᠢ ᠬᠠᠩᠭᠠᠵᠤ᠂ 338 ᠬᠥᠮᠥᠨ ᠡᠯᠰᠡᠨ᠎ᠡ᠃ 19 ᠠᠵᠢᠯ ᠦᠢᠯᠡᠰ᠎ᠦᠨ
ᠨᠢᠭᠡᠴᠢ 93 ᠠᠵᠢᠯ᠎ᠤᠨ ᠪᠠᠢᠷᠢ ᠬᠠᠩᠭᠠᠵᠤ᠂ 128 ᠬᠥᠮᠥᠨ ᠡᠯᠰᠡᠨ᠎ᠠ᠃

✦ᠣᠢᠷ᠎ᠠ᠎ᠳᠤ ᠪᠠᠶᠠᠨᠨᠠᠭᠤᠷ ᠬᠣᠲᠠ L4
ᠲᠠᠰ᠎ᠤᠨ ᠠᠦ᠋ᠲ᠋ᠣ᠋ ᠵᠢᠯᠣᠭᠣᠳᠬᠤ ᠵᠠᠭᠪᠤᠷ᠎ᠤᠨ ᠬᠦᠨᠳᠦ ᠬᠡᠯᠪᠡᠷᠢ ᠵᠢᠨ ᠠᠴᠢᠶᠠᠨ᠎ᠤ ᠮᠠᠰᠢᠨ ᠲᠡᠷᠭᠡ ᠵᠢᠨ
ᠡᠩᠨᠡᠭᠡ᠎ᠶᠢᠨ ᠠᠩᠬᠠᠨ᠎ᠤ ᠡᠵᠡᠩᠨᠡᠯᠲᠡ᠎ᠶᠢᠨ ᠳᠤᠷᠰᠢᠨ ᠰᠢᠯᠭᠠᠯᠲᠠ᠎ᠶᠢ ᠠᠮᠵᠢᠯᠲᠠ᠎ᠲᠠᠢ ᠪᠡᠶᠡᠯᠡᠭᠦᠯᠪᠡ᠃
ᠲᠣᠰ ᠤᠳᠠᠭᠠᠨ᠎ᠤ ᠲᠤᠷᠰᠢᠨ ᠰᠢᠯᠭᠠᠯᠲᠠ᠎ᠶᠢᠨ ᠵᠠᠮ᠎ᠤᠨ ᠣᠷᠳᠣ᠌ ᠨᠢ 360 ᠺᠢᠯᠣᠮᠧᠲᠷ᠎ᠲᠦ ᠬᠦᠷᠴᠦ᠂ ᠲᠦᠷᠭᠡᠨ
ᠤ᠋ ᠵᠠᠰᠠᠮᠠᠯ ᠵᠠᠮ᠎ᠢᠶᠠᠷ ᠭᠣᠣᠯ ᠳᠠᠯᠠᠪᠤᠷ ᠪᠣᠯᠭᠠᠵᠤ᠂ ᠠᠦ᠋ᠲ᠋ᠣ᠋ ᠵᠢᠯᠣᠭᠣᠳᠬᠤ ᠵᠠᠭᠪᠤᠷ᠎ᠤᠨ ᠡᠵᠡᠯᠡᠬᠦ
ᠬᠠᠷᠢᠴᠠᠯ 97% ᠬᠦᠷᠴᠦ᠂ ᠪᠠᠶᠠᠨᠨᠠᠭᠤᠷᠬᠤᠳᠠ ᠵᠢᠨ ᠣᠶᠤᠨᠴᠢ ᠪᠠᠷᠠᠭᠠᠨ᠎ᠤ ᠭᠦᠢᠯᠭᠡᠭᠡ ᠵᠢᠨ
ᠪᠠᠢᠭᠤᠯᠤᠯᠳᠠ᠂ ᠠᠵᠤ ᠦᠢᠯᠡᠰ᠎ᠦᠨ ᠲᠠᠰ ᠳᠡᠪᠰᠢᠬᠦ᠎ᠶᠢ ᠠᠬᠢᠭᠤᠯᠬᠤ᠎ᠳᠤ ᠮᠡᠷᠭᠡᠵᠢᠯ᠎ᠦᠨ ᠲᠥᠰᠥᠯ ᠬᠠᠩᠭᠠᠭᠰᠠᠨ
ᠪᠠᠢᠨ᠎ᠠ᠃

ᠠᠵᠤ ᠠᠬᠤᠢ
✦ᠤᠢᠷ᠎ᠠ ᠳ᠋ᠤ ᠤᠯᠤᠰ᠎ᠤᠨ ᠬᠥᠭᠵᠢᠭᠦᠯᠦᠯᠲᠡ ᠪᠠ
ᠥᠭᠡᠷᠡᠴᠢᠯᠡᠯᠲᠡ᠎ᠶᠢᠨ ᠵᠥᠪᠯᠡᠯ ᠤ᠋ᠨ ᠨᠡᠢᠲᠡᠯᠡᠭᠰᠡᠨ 2026 ᠣᠨ᠎ᠦ 《ᠬᠣᠶᠠᠷ
ᠴᠢᠬᠤᠯᠠ》 ᠪᠦᠲᠦᠭᠡᠨ ᠪᠠᠢᠭᠤᠯᠤᠯᠲᠠ᠎ᠶᠢᠨ ᠲᠦᠷᠦᠯ ᠵᠦᠢᠯ᠎ᠦᠨ ᠨᠠᠷᠢᠨ
ᠲᠠᠩᠰᠠ ᠶ᠋ᠢ ᠦᠨᠳᠦᠰᠦᠯᠡᠪᠡᠯ᠂ ᠬᠢᠩᠭᠠᠨ ᠠᠢᠮᠠᠭ 14.1 ᠳ᠋ᠦᠩᠰᠢᠭᠤᠷ ᠲᠥᠭᠥᠷᠢᠭ᠎ᠤᠨ ᠤᠯᠤᠰ᠎ᠤᠨ ᠵᠢᠭᠡᠯᠡᠯᠭᠡ
ᠶ᠋ᠢᠨ ᠣᠷᠳᠤ ᠬᠤᠭᠤᠴᠠᠭᠠᠨ᠎ᠤ ᠣᠨᠴᠠᠭᠠᠶ ᠪᠡᠯᠡ ᠮᠥᠩᠭᠥ ᠶ᠋ᠢ ᠭᠤᠶᠤᠴᠢᠯᠠᠨ ᠣᠯᠵᠤ᠂ ᠪᠦᠬᠦ ᠠᠢᠮᠠᠭ ᠤ᠋ᠨ
ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠪᠦᠲᠦᠭᠡᠨ ᠪᠠᠢᠭᠤᠯᠤᠯᠲᠠ᠎ᠶᠢᠨ ᠬᠡᠪᠴᠢᠶ᠎ᠡ᠎ᠪᠠᠨ 61 ᠲᠦᠮᠡᠨ
ᠮᠦ᠍ ᠪᠣᠯᠭᠠᠬᠤ ᠪᠠᠷ ᠪᠣᠶ᠃

✦2025 ᠣᠨ᠎ᠳᠤ ᠲᠦᠩᠯᠢᠶᠣᠣ ᠬᠤᠲᠠ ᠴᠢᠨᠠᠷᠰᠠᠢᠳᠠᠢ
ᠮᠢᠬᠠᠨ ᠤ᠋ ᠦᠬᠡᠷ᠎ᠦᠨ ᠲᠣᠭ᠎ᠠ ᠲᠣᠯᠣᠭᠠᠢ᠎ᠶᠢ 400 ᠲᠦᠮᠡ᠎ᠳᠦ ᠬᠦᠷᠭᠡᠵᠦ᠂ 150 ᠲᠦᠮᠡᠨ ᠦᠬᠡᠷ᠎ᠢ ᠬᠠᠰᠢᠶᠠᠯᠠᠯᠲᠠᠡᠴᠡ
ᠭᠠᠷᠭᠠᠨ᠂ 50 ᠲᠦᠮᠡᠨ ᠦᠬᠡᠷ ᠪᠣᠷᠳᠣᠵᠤ᠂ 15 ᠲᠦᠮᠡᠨ ᠦᠬᠡᠷ᠎ᠢ ᠨᠢᠲᠤᠯᠵᠤ ᠡᠳ᠋ᠰᠢᠭᠦᠯᠦᠨ᠂ ᠦᠬᠡᠷ᠎ᠦᠨ ᠮᠢᠬᠠᠨ᠎ᠤ
ᠭᠠᠷᠤᠯᠲᠠ ᠶ᠋ᠢ 30 ᠲᠦᠮᠡᠨ ᠲᠣᠨ᠎ᠳᠤ ᠬᠦᠷᠭᠡᠵᠦ᠂ ᠪᠥᠬᠥ ᠠᠵᠤ ᠦᠢᠯᠡᠰ᠎ᠦᠨ ᠬᠡᠯᠬᠢᠶ᠎ᠡ ᠶᠢᠨ ᠦᠢᠯᠡᠳᠬᠦᠨ᠎ᠦ
ᠥᠷᠲᠡᠭ ᠢ 500 ᠳ᠋ᠦᠩᠰᠢᠭᠤᠷ ᠲᠥᠭᠥᠷᠢᠭ᠎ᠲᠦ ᠬᠦᠷᠭᠡᠬᠦ᠎ᠪᠡᠷ ᠪᠤᠢ᠃
ᠰᠤᠶᠤᠯ
✦ᠬᠠᠭᠠᠨ᠎ᠤ ᠣᠷᠳᠣᠨ᠎ᠤ ᠮᠦᠽᠧᠢ ᠶ᠋ᠢᠨ ᠠᠯᠪᠠᠨ ᠰᠦᠯᠵᠢᠶ᠎ᠡ
ᠶ᠋ᠢᠨ ᠮᠡᠳᠡᠭᠡ ᠶ᠋ᠢ ᠦᠨᠳᠦᠰᠦᠯᠡᠪᠡᠯ᠂ 10 ᠰᠢᠬᠠᠮ ᠵᠢᠯ᠎ᠦᠨ ᠰᠤᠳᠤᠯᠭᠠᠨ᠎ᠤ ᠴᠢᠨᠠᠷᠲᠠᠢ ᠬᠠᠮᠠᠭᠠᠯᠠᠯᠲᠠ ᠪᠠ
ᠰᠢᠰᠲᠧᠮ᠎ᠦᠨ ᠴᠢᠨᠠᠷᠲᠠᠢ ᠰᠡᠯᠪᠢᠨ ᠵᠠᠰᠠᠯᠲᠠ᠎ᠪᠠᠷ ᠳᠡᠮᠵᠢᠨ
ᠶᠠᠩ ᠰᠢᠨ ᠳ᠋ᠢᠶᠠᠨ ᠬᠠᠷᠰᠢ ᠶ᠋ᠢ 26᠎ᠤ ᠡᠳᠦᠷ ᠡᠴᠡ ᠡᠬᠢᠯᠡᠨ ᠵᠢᠭᠤᠯᠴᠢᠯᠠᠭᠴᠢᠳ᠎ᠲᠦ ᠳᠠᠬᠢᠨ ᠨᠡᠭᠡᠭᠡᠬᠰᠡᠨ
ᠪᠠᠢᠨ᠎ᠠ᠃
✦《ᠬᠥᠯᠥᠨ ᠪᠤᠢ᠍ᠢᠷ ᠤᠨ ᠭᠤᠸ᠎ᠠ
ᠰᠠᠢᠬᠠᠨ᠎ᠢ ᠳᠡᠯᠡᠬᠡᠢ ᠳ᠋ᠠᠬᠢᠨ ᠳᠤ ᠭᠠᠢᠬᠠᠭᠣᠯᠬᠣ》 ᠭᠣᠣᠯ
ᠰᠡᠳᠦᠪᠲᠦ ᠲᠤᠰ᠎ᠤᠨ ᠪᠤᠳᠤᠭ ᠤᠨ ᠵᠢᠷᠤᠭ᠎ᠤᠨ ᠪᠦᠲᠦᠭᠡᠯ᠎ᠦᠨ ᠪᠦᠬᠦ ᠤᠯᠤᠰᠲᠡᠬᠢ ᠲᠣᠭᠣᠷᠢᠨ ᠦᠵᠡᠬᠦᠯᠬᠡ 12 ᠰᠠᠷ᠎ᠠ᠎ᠶᠢᠨ
25᠎ᠤ ᠡᠳᠦᠷ
ᠨᠠᠨᠨᠢᠩ᠎ᠤᠨ ᠮᠦᠽᠧᠢ᠎ᠳᠦ ᠡᠬᠢᠯᠡᠵᠦ᠂ 2026 ᠣᠨ᠎ᠤ 3 ᠰᠠᠷ᠎ᠠ᠎ᠶᠢᠨ 4᠎ᠦ ᠡᠳᠦᠷ
ᠪᠤᠯᠲᠠᠯ᠎ᠠ ᠶᠠᠪᠤᠭᠳᠠᠬᠤ ᠪᠤᠯᠤᠨ᠎ᠠ᠃

ᠲᠠᠮᠢᠷ
✦ᠤᠢᠷ᠎ᠠ ᠳ᠋ᠤ ᠲᠥᠪ ᠲᠧᠯᠸᠢᠰ᠎ᠦᠨ ᠪᠡᠶ᠎ᠡ᠎ᠶᠢᠨ ᠲᠠᠮᠢᠷ᠎ᠤᠨ
ᠰᠤᠪᠠᠭ 2025 ᠣᠨ᠎ᠤ ᠳᠤᠮᠳᠠᠳᠤ ᠤᠯᠤᠰ᠎ᠤᠨ ᠪᠡᠶ᠎ᠡ᠎ᠶᠢᠨ ᠲᠠᠮᠢᠷ᠎ᠤᠨ ᠲᠠᠪᠴᠠᠩ᠎ᠤᠨ ᠠᠷᠪᠠᠨ ᠶᠡᠬᠡ ᠰᠣᠨᠢᠨ ᠮᠡᠳᠡᠭᠡ᠎ᠶᠢ
ᠨᠡᠢᠲᠡᠯᠡᠵᠦ᠂ ᠳᠤᠮᠳᠠᠳᠤ ᠤᠯᠤᠰ᠎ᠤᠨ ᠪᠡᠶ᠎ᠡ᠎ᠶᠢᠨ ᠲᠠᠮᠢᠷ᠎ᠤᠨ ᠬᠡᠷᠡᠯ ᠰᠠᠴᠤᠷᠠᠩᠭᠤᠢ ᠠᠮᠵᠢᠯᠳᠠ ᠵᠢ
ᠳᠡᠮᠳᠡᠭᠯᠡᠵᠡᠢ᠃ ᠡᠨᠡ ᠨᠢ ᠳᠤᠮᠳᠠᠳᠤ ᠤᠯᠤᠰ᠎ᠤᠨ ᠪᠡᠶ᠎ᠡ᠎ᠶᠢᠨ ᠲᠠᠮᠢᠷ᠎ᠤᠨ ᠪᠥᠬᠥ ᠲᠠᠯ᠎ᠠ᠎ᠶᠢᠨ ᠬᠥᠭᠵᠢᠯᠲᠡ᠂
ᠪᠡᠶ᠎ᠡ᠎ᠶᠢᠨ ᠲᠠᠮᠢᠷ᠎ᠤᠨ ᠬᠦᠴᠦᠷᠬᠡᠭ ᠤᠯᠤᠰ ᠳᠠᠢᠰᠢ ᠤᠷᠤᠭᠰᠢᠯᠠᠭᠰᠠᠨᠤ ᠪᠠᠲᠤ ᠴᠢᠩᠭ᠎ᠠ ᠭᠡᠷᠡᠴᠢ ᠪᠣᠯᠬᠤ ᠶᠤᠮ᠃

ᠲᠡᠯᠡᠬᠡᠢ
✦ᠡᠨᠡ ᠵᠢᠯ᠎ᠡᠴᠡ ᠨᠠᠭᠠᠰᠢ᠂ ᠣᠯᠠᠨ ᠤᠯᠤᠰ᠎ᠤᠨ ᠠᠯᠲᠠᠨ᠎ᠤ
ᠦᠨ᠎ᠡ᠎ᠶᠢᠨ ᠥᠰᠦᠯᠲᠡ᠎ᠶᠢᠨ ᠬᠡᠮᠵᠢᠶ᠎ᠡ 70% ᠶ᠋ᠢ ᠳᠠᠪᠠᠵᠠᠢ᠃ ᠡᠭᠦᠨ᠎ᠦ ᠵᠡᠷᠭᠡ᠎ᠳᠦ᠂ ᠳ᠋ᠣᠯᠯᠠᠷ᠎ᠤᠨ ᠵᠢᠭᠠᠯᠲᠠ
ᠲᠣᠭ᠎ᠠ 10% ᠰᠢᠬᠠᠮ ᠪᠠᠭᠤᠷᠠᠵᠠᠢ᠃
✦ᠲᠤᠬᠠᠢ ᠶ᠋ᠢᠨ ᠭᠠᠵᠠᠷ᠎ᠤᠨ ᠴᠠᠭ᠎ᠢᠶᠠᠷ 23᠎ᠤ
ᠡᠳᠦᠷ᠂ ᠳᠡᠯᠡᠬᠡᠢ ᠵᠢᠨ ᠬᠣᠶᠠᠳᠤᠭᠠᠷ ᠳᠠᠶ᠋ᠢᠨ᠎ᠦ ᠦᠶ᠎ᠡ᠎ᠳᠦ ᠶᠠᠫᠤᠨ ᠴᠡᠷᠢᠭ᠎ᠲᠦ ᠠᠯᠪᠠᠳᠠᠯᠭ᠎ᠠ᠎ᠪᠠᠷ
ᠡᠯᠰᠡᠭᠳᠡᠭᠰᠡᠨ ᠺᠣᠷᠢᠶᠠ ᠶ᠋ᠢᠨ ᠬᠠᠷᠢᠶᠠᠨ᠎ᠤ ᠬᠡᠰᠡᠭ ᠡᠨᠳᠡᠭᠰᠡᠳ᠎ᠦᠨ ᠭᠡᠷ ᠪᠦᠯᠢ ᠶ᠋ᠢᠨ ᠬᠢᠨ ᠰᠸᠦᠯ ᠤ᠋ᠨ ᠲᠥᠪ᠎ᠦᠨ ᠣᠷᠣᠨ ᠨᠤᠲᠤᠭ᠎ᠤᠨ ᠰᠢᠭᠦᠬᠦ
ᠬᠣᠷᠢᠶ᠎ᠠ᠎ᠳᠤ ᠵᠠᠭᠠᠯᠳᠤᠯᠭ᠎ᠠ ᠳᠡᠪᠰᠢᠬᠦᠯᠵᠦ᠂ ᠶᠠᠫᠤᠨ ᠤ ᠶᠠᠰᠦ᠋ᠺᠦ᠋ᠨᠢ ᠰᠦᠮ᠎ᠡ᠎ᠳᠦ ᠳᠠᠭᠢᠬᠤ ᠶ᠋ᠢ
ᠵᠥᠪᠰᠢᠶᠡᠷᠡᠭᠰᠡᠨ ᠦᠭᠡᠢ ᠤᠷᠢᠳᠤᠬᠢ ᠬᠥᠮᠥᠰ᠎ᠦᠨ ᠳᠠᠬᠢᠯᠭ᠎ᠠ ᠶ᠋ᠢ ᠪᠠᠭᠤᠯᠭᠠᠵᠤ ᠂ ᠶᠠᠫᠤᠨ᠎ᠤ ᠵᠠᠰᠠᠭ᠎ᠤᠨ
ᠣᠷᠳᠣᠨ ᠪᠣᠯᠣᠨ ᠶᠠᠰᠦ᠋ᠺᠦ᠋ᠨᠢ ᠰᠦᠮ᠎ᠡ᠎ᠡᠴᠡ 8.8 ᠳ᠋ᠦᠩᠰᠢᠭᠤᠷ ᠸᠤᠨ (ᠠᠷᠠᠳ᠎ᠤᠨ ᠵᠣᠭᠣᠰ᠎ᠢᠶᠠᠷ ᠪᠠᠷᠤᠭ 420 ᠲᠦᠮᠡᠨ ᠲᠥᠭᠥᠷᠢᠭ) ᠤ᠋ ᠲᠥᠯᠥᠪᠦᠷᠢ ᠠᠪᠬᠤ ᠪᠡᠷ ᠱᠠᠭᠠᠷᠳᠠᠵᠠᠢ᠃

✦ᠣᠷᠣᠰ ᠤᠨ ᠤᠯᠤᠰ ᠤᠨ ᠰᠠᠨᠰᠠᠷ᠎ᠤᠨ ᠠᠶᠠᠯᠠᠯ᠎ᠤᠨ ᠪᠦᠯᠦᠭᠯᠡᠯ
ᠲᠤᠬᠠᠢ᠎ᠶᠢᠨ ᠭᠠᠵᠠᠷ᠎ᠤᠨ ᠴᠠᠭ᠎ᠢᠶᠠᠷ 24᠎ᠦ ᠡᠳᠦᠷ ᠨᠡᠢᠲᠡᠯᠡᠭᠰᠡᠨ ᠵᠢᠡᠷ᠂ ᠲᠣᠰ ᠪᠦᠯᠦᠭᠯᠡᠯ ᠨᠢᠭᠡᠨᠲᠡ ᠣᠷᠣᠰ᠎ᠤᠨ
ᠰᠠᠨᠰᠠᠷ᠎ᠤᠨ ᠠᠶᠠᠯᠠᠯ᠎ᠤᠨ ᠠᠵᠤ ᠠᠬᠤᠢᠯᠠᠯ ᠲᠠᠢ ᠭᠡᠷ᠎ᠡ ᠲᠣᠭᠲᠠᠵᠤ᠂ 2036 ᠣᠨ᠎ᠠᠴᠠ ᠡᠮᠦᠨ᠎ᠡ ᠰᠠᠷᠠᠨ ᠪᠥᠮᠪᠥᠷᠴᠡᠭ᠎ᠲᠦ
ᠴᠠᠬᠢᠯᠭᠠᠨ ᠭᠠᠷᠭᠠᠬᠤ ᠥᠷᠲᠡᠭᠡ ᠪᠠᠶ᠋ᠢᠭᠤᠯᠬᠤ᠎ᠪᠠᠷ ᠲᠥᠯᠥᠪᠯᠡᠵᠦ ᠪᠠᠢᠨ᠎ᠠ ᠭᠡᠵᠡᠢ᠃
ᠦᠢᠯᠡᠴᠢᠯᠡᠭᠡ
✦ᠵᠢᠨᠢᠩ ᠲᠣᠭᠣᠷᠢᠭ᠋ ᠨᠡᠶ᠋ᠢᠲᠡ ᠶᠢᠨ ᠠᠰᠠᠷᠠᠮᠵᠢ᠎ᠶᠢᠨ
ᠴᠢᠨᠠᠷᠲᠠᠢ ᠠᠵᠢᠯ᠎ᠤᠨ ᠪᠠᠢᠷᠢ᠎ᠳ᠋ᠤ 58 ᠠᠵᠢᠯᠲᠠᠨ ᠡᠯᠰᠡᠬᠦ ᠪᠡᠷ ᠪᠤᠢ᠃
ᠲᠠᠨ ᠤ ᠲᠤᠰᠡ ᠳ᠋ᠤ
✦ ᠬᠥᠬᠡ ᠬᠡᠯᠪᠡᠷᠢ᠎ᠶᠢᠨ ᠬᠠᠯᠳᠠᠪᠤᠷᠢᠲᠤ
ᠲᠠᠭᠰᠢᠭᠤᠷ᠎ᠲᠤ ᠨᠡᠷᠪᠡᠭᠳᠡᠭᠰᠡᠨᠦ ᠳᠠᠷᠠᠭ᠎ᠠ᠂ ᠰᠢᠨᠭᠭᠡᠬᠦ ᠳ᠋ᠤ ᠬᠢᠯᠪᠠᠷ ᠪᠦᠭᠡᠳ ᠰᠢᠮ᠎ᠡ ᠲᠡᠵᠢᠭᠡᠯ᠎ᠲᠠᠢ
ᠬᠤᠭᠤᠯᠠ ᠤᠮᠳᠠ ᠪᠡᠷ ᠭᠤᠤᠯᠯᠠᠬᠤ ᠬᠡᠷᠡᠭᠲᠡᠢ᠃ ᠬᠠᠯᠠᠭᠤᠷᠠᠵᠤ ᠪᠠᠢᠬᠤ ᠦᠶ᠎ᠡ᠎ᠳᠦ ᠰᠢᠩᠭᠡᠨ ᠪᠤᠳᠠᠭ᠎ᠠ ᠂
ᠱᠦᠯᠦ ᠲᠠᠢ ᠭᠤᠯᠢᠷ ᠵᠡᠷᠭᠡ ᠵᠢ ᠢᠳᠡᠵᠦ ᠪᠤᠯᠤᠨ᠎ᠠ᠃ ᠡᠭᠦᠨ᠎ᠡᠴᠡ ᠭᠠᠳᠠᠨ᠎ᠠ ᠪᠦᠯᠢᠶᠡᠨ ᠤᠰᠤ ᠢᠯᠡᠭᠦᠦ
ᠤᠤᠭᠤᠬᠤ ᠪᠤᠶᠤ ᠰᠢᠨ᠎ᠡ ᠰᠣᠷᠭᠣᠭ ᠠᠯᠢᠮ᠎ᠠ᠎ᠶᠢᠨ ᠰᠥᠮᠥᠰᠤ ᠵᠡᠷᠭᠡ᠎ᠶᠢ ᠨᠡᠮᠡᠵᠦ ᠤᠤᠭᠤᠵᠤ ᠪᠣᠯᠣᠨ᠎ᠠ᠃
ᠡᠳᠡᠭᠡᠷᠡᠯᠲᠡ ᠶ᠋ᠢᠨ ᠬᠤᠭᠤᠴᠠᠭᠠᠨ᠎ᠳᠤ ᠣᠷᠬᠣᠳᠠᠢ᠎ᠲᠠᠢ ᠨᠠᠩᠭᠢ ᠴᠠᠭᠠᠨ᠂ ᠯᠢᠩᠬᠤ᠎ᠠ᠎ᠶᠢᠨ ᠦᠷ᠎ᠡ᠂
ᠰᠠᠷᠠᠨ᠎ᠠ᠎ᠶᠢᠨ ᠡᠭᠡᠳᠡᠩᠵᠡᠷᠭᠡ ᠨᠢ ᠬᠤᠷᠳᠤᠨ ᠡᠳᠡᠭᠡᠷᠡᠬᠦ᠎ᠳᠦ ᠲᠤᠰᠠᠲᠠᠢ ᠶᠤᠮ᠃ ᠭᠤᠱᠤᠭᠤᠨ᠂ ᠲᠦᠭᠦᠬᠡᠢ᠂
ᠬᠦᠢᠲᠡᠨ᠂ ᠲᠣᠰᠣᠯᠢᠭ᠋ ᠢᠳᠡᠭᠡᠨ ᠢ ᠠᠯᠢ ᠴᠢᠳᠠᠬᠤ᠎ᠪᠠᠷ ᠪᠠᠭ᠎ᠠ ᠢᠳᠡᠬᠦ ᠬᠡᠷᠡᠭᠲᠡᠢ᠃
ᠵᠠᠯᠭᠠᠭᠠᠳ《ᠠᠶᠠᠨᠴᠢᠨ᠎ᠤ ᠳᠠᠭᠤᠤ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠨᠡᠪᠳᠡᠷᠡᠭᠦᠯᠬᠡ ᠮᠠᠨᠢ ᠲᠠ ᠪᠦᠬᠦᠨ᠎ᠳᠦ ᠲᠠᠭᠠᠯᠠᠬᠳᠠᠬᠰᠠᠨ ᠪᠤᠯ ᠤᠳᠤᠨ ᠳᠡᠮᠳᠡᠭ ᠱᠠᠩᠨᠠᠵᠤ
ᠪᠢᠳᠡᠨ᠎ᠳᠤ ᠤᠷᠮ᠎ᠠ ᠬᠠᠢᠷᠠᠯᠠᠭᠠᠷᠠᠢ! ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ ᠳ᠋ᠤ ᠪᠠᠶᠠᠷᠯᠠᠯ᠎ᠠ᠂
ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)