



ᠨᠡᠢᠭᠡᠮ
✦《ᠠᠷᠪᠠᠨ ᠳᠥᠷᠪᠡᠳᠦᠭᠡᠷ ᠲᠠᠪᠤᠨ
ᠵᠢᠯ》᠎ᠤᠨ ᠬᠤᠭᠤᠴᠠᠭᠠᠨ᠎ᠳᠤ ᠮᠠᠨ ᠤ ᠤᠯᠤᠰ ᠤᠨ ᠲᠠᠮᠢᠷᠴᠢᠳ
ᠦᠷᠢᠰᠦᠯᠳᠦᠬᠡᠨᠤ ᠪᠡᠶ᠎ᠡ᠎ᠶᠢᠨ ᠲᠠᠮᠢᠷ᠎ᠤᠨ ᠤᠷᠤᠯᠳᠤᠭᠠᠨ᠎ᠳᠤ ᠨᠡᠢ᠍ᠢᠲᠡ 665 ᠳᠡᠯᠡᠬᠡᠢ᠎ᠶᠢᠨ ᠮᠠᠩᠯᠠᠢ ᠵᠢ
ᠰᠢᠭᠦᠷᠴᠤ᠂ 91 ᠤᠳᠠᠭ᠎ᠠ ᠳᠡᠯᠡᠬᠡᠢ᠎ᠶᠢᠨ ᠲᠡᠮᠳᠡᠭᠯᠡᠯ᠎ᠢ ᠡᠭᠦᠳᠴᠡᠢ᠃
✦ᠮᠠᠨ᠎ᠤ ᠤᠯᠤᠰᠤᠨᠪᠠᠷᠠᠭᠤᠨ
ᠣᠷᠣᠨ᠎ᠤ ᠰᠢᠲᠠᠮᠠᠬᠠᠢ ᠬᠡᠢ᠎ᠶᠢ ᠵᠡᠭᠦᠨᠰᠢ ᠳᠠᠮᠵᠢᠭᠤᠯᠬᠤ ᠭᠣᠣᠯ ᠬᠤᠭᠤᠯᠠᠢ ᠵᠢᠨ ᠡᠬᠢ ᠪᠤᠯᠬᠤ ᠲᠠᠷᠢᠮ᠎ᠤᠨ ᠴᠢᠯᠠᠭᠤᠨ
ᠲᠣᠰᠣᠨ᠎ᠤ ᠠᠭᠤᠷᠬᠠᠢ᠎ᠶᠢᠨ ᠪᠦᠬᠦ ᠵᠢᠯ᠎ᠦᠨ ᠭᠡᠷᠡᠯᠴᠢ ᠴᠡᠨᠡᠭ᠎ᠦᠨ ᠴᠠᠬᠢᠯᠭᠠᠨ ᠭᠠᠷᠭᠠᠭᠰᠠᠨ ᠬᠡᠮᠵᠢᠶ᠎ᠡ 20
ᠳ᠋ᠦᠩᠰᠢᠭᠤᠷ ᠭᠷᠡᠳᠦ᠋ᠰ᠎ᠢ ᠳᠠᠪᠠᠵᠤ᠂ ᠵᠢᠯ᠎ᠦᠨ ᠴᠠᠬᠢᠯᠭᠠᠨ ᠭᠠᠷᠭᠠᠭᠰᠠᠨ ᠬᠡᠮᠵᠢᠶ᠎ᠡ ᠰᠢᠨ᠎ᠡ ᠲᠡᠮᠳᠡᠭᠯᠡᠯ
ᠡᠭᠦᠳᠪᠡ᠃

✦ᠲᠥᠪ᠎ᠦᠨ ᠴᠠᠭ ᠠᠭᠤᠷ᠎ᠤᠨ ᠬᠤᠷᠢᠶ᠎ᠠ
ᠵᠢᠨ ᠵᠢᠱ᠌ᠢᠯᠲᠡ᠎ᠪᠡᠷ᠂ ᠰᠢᠨ᠎ᠡ ᠤᠨᠦ ᠤᠷᠴᠢᠮ ᠵᠢᠡᠷ ᠮᠠᠨ᠎ᠤ ᠤᠯᠤᠰ᠎ᠤᠨ ᠳᠤᠮᠳᠠ ᠵᠡᠭᠦᠨ ᠪᠡᠶ᠎ᠡ᠎ᠳᠤ
ᠪᠣᠷᠣᠭᠠᠨ ᠴᠠᠰᠤ ᠬᠤᠯᠢᠯᠳᠤᠨ ᠤᠷᠤᠬᠤ ᠪᠤᠯᠤᠮᠵᠢ ᠳᠠᠢ ᠪᠠᠢᠵᠤ᠂ 12 ᠰᠠᠷ᠎ᠠ᠎ᠶᠢᠨ 30᠎ᠤ ᠰᠥᠨᠢ᠎ᠡᠴᠡ 31᠎ᠦ ᠡᠳᠦᠷ
ᠪᠣᠯᠲᠠᠯᠠᠬᠢ ᠬᠤᠭᠤᠴᠠᠭᠠᠨ᠎ᠳᠤ ᠶᠡᠬᠡ ᠴᠠᠰᠤ ᠣᠷᠣᠬᠤ ᠪᠣᠯᠣᠨ᠎ᠠ᠃
✦27᠎ᠤ ᠡᠳᠦᠷ᠂ 2025 ᠣᠨ᠎ᠤ
ᠬᠤᠲᠠ᠎ᠶᠢᠨ ᠴᠢᠨᠠᠷ ᠰᠠᠢᠲᠠᠢ ᠬᠥᠭᠵᠢᠯᠲᠡ ᠬᠢᠭᠡᠳ ᠣᠯᠠᠨ ᠤᠯᠤᠰ᠎ᠤᠨ ᠬᠠᠮᠲᠤᠷᠠᠯᠴᠠᠭᠠᠨ᠎ᠤ ᠶᠡᠬᠡ ᠬᠤᠷᠠᠯ ᠱᠧᠨ᠋ᠵᠧᠨ᠎ᠳᠤ
ᠶᠠᠪᠤᠭᠳᠠᠵᠤ᠂ ᠣᠷᠳᠣᠰ ᠬᠤᠲᠠ 《2025 ᠣᠨ᠎ᠤ ᠴᠢᠨᠠᠷ ᠰᠠᠢᠲᠠᠢ ᠬᠥᠭᠵᠢᠯᠲᠡ·ᠬᠤᠳᠠᠯᠳᠤᠭ᠎ᠠ
ᠡᠷᠬᠢᠯᠡᠬᠦ ᠣᠷᠴᠢᠨ ᠨᠥᠬᠥᠴᠡᠯ᠎ᠦᠨ ᠳᠠᠭᠤᠷᠢᠶᠠᠯ ᠬᠤᠲᠠ》᠂ 《2025 ᠣᠨ᠎ᠤ ᠴᠢᠨᠠᠷ ᠰᠠᠢᠲᠠᠢ ᠬᠥᠭᠵᠢᠯᠲᠡ·ᠪᠡᠯᠡ ᠣᠷᠣᠭᠤᠯᠤᠨ ᠬᠤᠳᠠᠯᠳᠤᠭ᠎ᠠ ᠡᠷᠬᠢᠯᠡᠬᠦ
ᠦᠨ᠎ᠡ ᠴᠠᠨ᠎ᠠ ᠲᠠᠢ ᠬᠤᠲᠠ》 ᠭᠡᠬᠦ ᠬᠣᠶᠠᠷ ᠲᠦᠷᠦᠯ᠎ᠦᠨ ᠢᠷᠠᠭᠤ ᠠᠯᠳᠠᠷ᠎ᠢ
ᠬᠦᠷᠳᠡᠪᠡ᠃

✦ᠡᠨᠡ ᠵᠢᠯ ᠪᠠᠶᠠᠨᠨᠠᠭᠤᠷ ᠬᠤᠲᠠ᠎ᠳᠤ
ᠨᠠᠰᠤᠲᠠᠢᠴᠤᠳ᠎ᠲᠤ ᠲᠤᠰᠠᠯᠠᠬᠤ ᠬᠣᠭᠣᠯᠠ ᠤᠮᠳᠠ᠎ᠶᠢᠨ ᠴᠡᠭ᠎ᠢ ᠰᠢᠨ᠎ᠡ᠎ᠪᠡᠷ 28 ᠨᠡᠮᠡᠭᠳᠡᠭᠦᠯᠵᠦ᠂ ᠰᠤᠮᠤ ᠰᠢᠶᠠᠩ
ᠪᠠᠯᠭᠠᠰᠤ᠎ᠶᠢᠨ ᠣᠷᠣᠨ ᠪᠦᠰᠡ᠎ᠶᠢᠨ ᠨᠠᠰᠤᠵᠢᠯ᠎ᠦᠨ ᠠᠰᠠᠷᠠᠮᠵᠢ᠎ᠶᠢᠨ ᠦᠢᠯᠡᠴᠢᠯᠡᠭᠡᠨ᠎ᠦ ᠲᠥᠪ᠎ᠢ ᠰᠢᠨ᠎ᠡ᠎ᠪᠡᠷ 3᠂ ᠲᠣᠰᠬᠣᠨ᠎ᠤ
ᠳᠡᠰ᠎ᠤᠨ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡᠨ᠎ᠦ ᠥᠷᠲᠡᠭᠡ᠎ᠶᠢ ᠰᠢᠨ᠎ᠡ᠎ᠪᠡᠷ 39 ᠪᠠᠢᠭᠤᠯᠪᠠ᠃
ᠣᠳᠣᠬᠠᠨ᠎ᠳᠤ ᠪᠠᠶᠠᠨᠨᠠᠭᠤᠷ ᠬᠤᠲᠠ᠎ᠶᠢᠨ ᠰᠤᠮᠤ ᠰᠢᠶᠠᠩ ᠪᠠᠯᠭᠠᠰᠤ᠎ᠶᠢᠨ ᠵᠡᠭᠡᠯᠢ ᠭᠤᠳᠤᠮᠵᠢ᠎ᠶᠢᠨ ᠣᠷᠣᠨ ᠪᠦᠰᠡ᠎ᠶᠢᠨ
ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡᠨ᠎ᠦ ᠲᠥᠪ᠎ᠦᠨ ᠪᠦᠷᠬᠦᠴᠡ᠎ᠶᠢᠨ ᠨᠣᠷᠮ᠎ᠠ 88.57%᠎ᠳᠤ
ᠬᠦᠷᠴᠦ᠂ ᠮᠠᠯᠵᠢᠬᠤ ᠲᠠᠷᠢᠶᠠᠯᠠᠬᠤ ᠣᠷᠣᠨ᠎ᠤ ᠪᠦᠷᠬᠦᠴᠡ᠎ᠶᠢᠨ ᠨᠤᠷᠮ᠎ᠠ 86.44%᠎ᠳᠤ ᠬᠦᠷᠴᠡᠢ᠃
ᠠᠵᠤ ᠠᠬᠤᠢ
✦28᠎ᠤ ᠡᠳᠦᠷ ᠪᠣᠯᠲᠠᠯ᠎ᠠ᠂ 2025
ᠣᠨ᠎ᠤ ᠳᠤᠮᠳᠠᠳᠤ ᠤᠯᠤᠰ᠎ᠤᠨ ᠺᠢᠨᠣ᠋᠎ᠶᠢᠨ ᠰᠢᠨ᠎ᠡ ᠵᠢᠯ᠎ᠢ ᠪᠡᠯᠭᠡᠯᠡᠬᠦ ᠬᠤᠭᠤᠴᠠᠭᠠᠨ᠎ᠤ ᠪᠥᠬᠥ ᠪᠢᠯᠧᠲ᠎ᠦᠨ ᠣᠷᠣᠯᠭ᠎ᠠ
ᠨᠢᠭᠡᠨᠲᠡ 50 ᠳ᠋ᠦᠩᠰᠢᠭᠤᠷ᠎ᠢ ᠳᠠᠪᠠᠵᠤ᠂ ᠣᠢᠷ᠎ᠠ᠎ᠶᠢᠨ ᠨᠠᠢ᠍ᠮᠠᠨ ᠵᠢᠯ᠎ᠦᠨ ᠠᠳᠠᠯᠢ ᠬᠤᠭᠤᠴᠠᠭᠠᠨ᠎ᠤ ᠪᠢᠯᠧᠲ᠎ᠦᠨ
ᠣᠷᠣᠯᠭ᠎ᠠ᠎ᠶᠢᠨ ᠰᠢᠨ᠎ᠡ ᠲᠡᠮᠳᠡᠭᠯᠡᠯ᠎ᠢ ᠡᠭᠦᠳᠴᠡᠢ᠃
✦ᠤᠢᠷ᠎ᠠ᠎ᠶᠢᠨ ᠵᠢᠯ᠎ᠡᠴᠡ ᠨᠠᠭᠠᠰᠢ᠂
ᠲᠦᠩᠯᠢᠶᠤᠤ ᠬᠤᠲᠠ ᠡᠯᠡᠰᠦ ᠮᠠᠩᠬ᠎ᠠ᠂ ᠨᠤᠭᠤ ᠭᠠᠵᠠᠷ᠂ ᠤᠢ ᠰᠢᠭᠤᠢ᠂ ᠲᠠᠯ᠎ᠠ ᠨᠤᠲᠤᠭ ᠵᠡᠷᠭᠡ ᠥᠪᠡᠷᠮᠢᠴᠡ ᠪᠠᠢᠭᠠᠯᠢ᠎ᠶᠢᠨ
ᠥᠩᠭᠡ ᠦᠵᠡᠮᠵᠢᠳᠦ ᠲᠦᠰᠢᠭᠯᠡᠨ᠂《ᠬᠣᠷᠴᠢᠨ᠎ᠤ 500 ᠺᠢᠯᠣᠮᠧᠲᠷ᠎ᠦᠨ ᠰᠣᠶᠣᠯ
ᠵᠢᠭᠤᠯᠴᠢᠯᠠᠯ᠎ᠤᠨ ᠦᠵᠡᠮᠵᠢ᠎ᠶᠢᠨ ᠱᠤᠭᠤᠮ》ᠵᠢᠡᠷ ᠭᠣᠣᠯ ᠪᠣᠯᠭᠠᠵᠤ ᠡᠯᠡᠰᠦᠷᠬᠡᠭ
ᠣᠷᠣᠨ᠎ᠤ ᠠᠮᠢ ᠠᠬᠤᠢ᠎ᠶᠢᠨ ᠵᠢᠭᠤᠯᠴᠢᠯᠠᠯ᠎ᠤᠨ ᠠᠵᠤ ᠦᠢᠯᠡᠰ᠎ᠢ ᠶᠡᠬᠡᠪᠡᠷ ᠬᠥᠭᠵᠢᠭᠦᠯᠪᠡ᠃ ᠣᠳᠣᠬᠠᠨ᠎ᠳᠤ ᠪᠦᠬᠦ
ᠬᠤᠲᠠ᠎ᠶᠢᠨ ᠡᠯᠡᠰᠦᠷᠬᠡᠭ ᠭᠠᠵᠠᠷ᠎ᠤᠨ ᠠᠮᠢ ᠠᠬᠤᠢ᠎ᠶᠢᠨ ᠵᠢᠭᠤᠯᠴᠢᠯᠠᠯ᠎ᠤᠨ ᠵᠢᠯ᠎ᠦᠨ ᠦᠢᠯᠡᠳᠬᠦᠨ᠎ᠦ ᠥᠷᠲᠡᠭ ᠨᠢ 20 ᠳ᠋ᠦᠩᠰᠢᠭᠤᠷ ᠲᠥᠭᠥᠷᠢᠭ᠎ᠢ
ᠳᠠᠪᠠᠵᠤ᠂ ᠠᠮᠢ ᠠᠬᠤᠢ᠎ᠶᠢᠨ ᠵᠢᠭᠤᠯᠴᠢᠯᠠᠯ ᠨᠢ ᠡᠯᠡᠰᠦᠷᠬᠡᠭ ᠣᠷᠣᠨ᠎ᠤ ᠲᠤᠯᠭᠠᠭᠤᠷᠢ ᠠᠵᠤ ᠦᠢᠯᠡᠰ ᠪᠣᠯᠤᠭᠰᠠᠨ
ᠪᠠᠢᠨ᠎ᠠ᠃

ᠰᠤᠶᠤᠯ
✦ᠠᠷᠤ ᠬᠣᠷᠴᠢᠨ ᠬᠣᠰᠢᠭᠤᠨ᠎ᠤ
ᠬᠣᠨᠳᠣ᠌ ᠪᠠᠯᠭᠠᠰᠤ᠎ᠪᠠᠷ ᠨᠤᠲᠤᠭ᠎ᠲᠠᠢ᠂ ᠥᠪᠥᠷ ᠮᠣᠩᠭᠣᠯ᠎ᠤᠨ ᠤᠷᠠᠯᠢᠭ᠋ ᠵᠦᠴᠦᠭᠡ᠎ᠶᠢᠨ ᠬᠦᠷᠢᠶᠡᠯᠡᠩ᠎ᠤᠨ ᠨᠢᠭᠡᠳᠦᠭᠡᠷ
ᠳᠠᠰ᠎ᠤᠨ ᠲᠣᠭᠯᠠᠭ᠍ᠴᠢ᠂ ᠪᠦᠬᠦ ᠣᠷᠣᠨ᠎ᠤ ᠠᠩᠬᠠᠳᠤᠭᠠᠷ ᠤᠳᠠᠭᠠᠨ᠎ᠤ
ᠣᠷᠳᠤ᠎ᠶᠢᠨ ᠳᠠᠭᠤᠤ᠎ᠶᠢᠨ ᠤᠷᠤᠯᠳᠤᠭᠠᠨ᠎ᠤ ᠠᠯᠲᠠᠨ ᠮᠧᠳᠠᠯ᠎ᠲᠤ᠂ ᠰᠣᠶᠣᠯ᠎ᠤᠨ ᠶᠠᠮᠤᠨ᠎ᠠᠴᠠ ᠡᠷᠬᠢᠯᠡᠭᠰᠡᠨ ᠢᠵᠠᠭᠤᠷ
ᠳᠠᠭᠤᠤ ᠵᠢᠨ ᠤᠷᠤᠯᠲᠤᠭᠠᠨᠤ 《ᠳᠠᠭᠤᠴᠢᠨ ᠸᠠᠩ》 ᠱᠠᠩᠨᠠᠯᠲᠤ ᠠᠯᠳᠠᠷᠲᠤ ᠳᠠᠭᠤᠴᠢᠨ ᠨᠡᠷᠡᠨ 《ᠡᠭᠦᠯᠡᠨ ᠬᠥᠬᠡ》 — ᠪᠠᠭ᠍ᠰᠢ ᠰᠤᠷᠤᠭ᠍ᠴᠢᠳ᠎ᠤᠨ ᠬᠠᠮᠲᠤᠷᠠᠭᠰᠠᠨ
ᠲᠣᠭᠯᠠᠯᠲᠠ᠎ᠪᠠᠨ ᠤᠷᠴᠢᠮᠬᠠᠨ ᠲᠥᠷᠦᠭᠰᠡᠨ ᠨᠤᠲᠤᠭ ᠬᠣᠨᠳᠣ᠌ ᠪᠠᠯᠭᠠᠰᠤᠨ᠎ᠳᠠᠭᠠᠨ ᠶᠠᠪᠤᠭᠳᠠᠭᠤᠯᠪᠠ᠃


✦ ᠰᠥᠨᠢᠳ ᠪᠠᠷᠠᠭᠤᠨ ᠬᠣᠰᠢᠭᠤᠨ᠎ᠤ
1300 ᠲᠡᠭᠰᠢ ᠳᠥᠷᠪᠡᠯᠵᠢᠨ ᠮᠸᠲᠷ᠎ᠤᠨ ᠲᠠᠯᠠᠪᠠᠢ ᠲᠠᠢ ᠪᠣᠳᠠᠰ᠎ᠤᠨ ᠪᠤᠰᠤ ᠰᠣᠶᠣᠯ᠎ᠤᠨ ᠥᠪ ᠦᠨ ᠰᠣᠶᠣᠯ
ᠤᠨ ᠬᠦᠷᠢᠶᠡᠯᠡᠩ ᠤᠷᠴᠢᠮᠬᠠᠨ ᠰᠢᠨ᠎ᠡ ᠪᠡᠷ ᠪᠠᠢᠭᠤᠯᠤᠭᠳᠠᠵᠤ ᠠᠰᠢᠬᠯᠠᠯᠳᠠ᠎ᠳᠤ ᠤᠷᠤᠬᠰᠠᠨ ᠪᠠᠢᠨ᠎ᠠ᠃

✦ᠣᠢᠷ᠎ᠠ ᠳᠦ ᠤᠷᠠᠳ᠎ᠤᠨ ᠳᠤᠮᠳᠠᠳᠤ
ᠬᠣᠰᠢᠭᠤᠨ᠎ᠤ ᠪᠠᠶᠠᠨ᠌ᠤ᠋ᠯᠠᠭᠠᠨ ᠰᠤᠮᠤᠨ᠎ᠤ ᠬᠣᠷᠢᠳᠤᠭᠠᠷ ᠵᠠᠭᠤᠨ᠎ᠤ 60 — 70 ᠣᠨ᠎ᠤ ᠠᠬᠠᠮᠠᠳ ᠡᠷᠦᠬᠡ᠎ᠶᠢᠨ
ᠴᠡᠷᠢᠭ᠎ᠤᠨ ᠬᠠᠭᠤᠴᠢᠨ ᠣᠨ᠎ᠢᠶᠠᠨ ᠦᠳᠡᠵᠦ ᠰᠢᠨ᠎ᠡ ᠣᠨ᠎ᠢᠶᠠᠨ ᠤᠭᠲᠤᠬᠤ ᠠᠵᠢᠯᠯᠠᠭ᠎ᠠ ᠬᠠᠯᠢᠭᠤᠲᠤ ᠪᠠᠯᠭᠠᠰᠤᠨ᠎ᠳᠤ
ᠶᠠᠪᠤᠬᠳᠠᠪᠠ᠃

ᠲᠠᠮᠢᠷ
✦12 ᠰᠠᠷ᠎ᠠ ᠵᠢᠨ 28᠎ᠤ ᠡᠳᠦᠷ᠂
ᠰᠸᠴᠤᠸᠠᠨ᠎ᠤ ᠮᠧᠢᠱᠠᠨᠳᠤ ᠶᠠᠪᠤᠭᠳᠠᠭᠰᠠᠨ ᠳᠤᠮᠳᠠᠳᠤ ᠤᠯᠤᠰ᠎ᠤᠨ ᠬᠦᠨᠳᠦ ᠬᠥᠩᠭᠡᠨ ᠪᠡᠶ᠎ᠡ ᠵᠢᠨ ᠲᠠᠮᠢᠷ᠎ᠤᠨ
ᠨᠡᠢᠭᠡᠮᠯᠢᠭ᠎ᠦᠨ 10 ᠺᠢᠯᠣᠮᠧᠲᠷ᠎ᠦᠨ ᠰᠣᠳᠣᠴᠤᠤᠯ᠎ᠤᠨ ᠤᠷᠤᠯᠳᠤᠭᠠᠨ᠎ᠤ ᠰᠢᠢᠳᠪᠦᠷᠢᠲᠦ ᠤᠷᠤᠯᠳᠤᠭᠠᠨ᠎ᠳᠤ᠂ ᠵᠠᠯᠭᠠᠭ᠎ᠠ᠎ᠪᠠᠷ
ᠬᠣᠶᠠᠷ ᠬᠤᠭᠤᠴᠠᠭᠠᠨ᠎ᠤ ᠪᠥᠬᠥ ᠤᠯᠤᠰ᠎ᠤᠨ ᠲᠠᠮᠢᠷ᠎ᠤᠨ ᠴᠤᠭᠯᠠᠭᠠᠨ᠎ᠤ ᠡᠮᠡᠭᠲᠡᠢ᠎ᠶᠢᠨ ᠮᠠᠷᠠᠽᠤᠨ ᠤᠷᠤᠯᠳᠤᠭᠠᠨ᠎ᠳᠤ
ᠮᠠᠩᠯᠠᠢᠯᠠᠬᠰᠠᠨ ᠵᠠᠩ ᠳ᠋ᠸ ᠱᠦᠨ 31 ᠮᠢᠨᠦ᠋ᠲ 54 ᠰᠧᠺᠦ᠋ᠨ᠋ᠳ᠋᠎ᠦᠨ ᠬᠢᠷᠢ ᠪᠦᠲᠦᠮᠵᠢ᠎ᠪᠡᠷ ᠮᠠᠩᠯᠠᠢᠯᠠᠭᠰᠠᠨᠤ
ᠬᠠᠮᠲᠤ᠂ ᠥᠪᠡᠷ᠎ᠦᠨ ᠪᠠᠷᠢᠮᠲᠠᠯᠠᠵᠤ ᠪᠠᠢᠬᠰᠠᠨ ᠳᠤᠮᠳᠠᠳᠤ ᠤᠯᠤᠰ᠎ᠤᠨ ᠡᠮᠡᠭᠲᠡᠢ᠎ᠶᠢᠨ 10 ᠺᠢᠯᠣᠮᠧᠲᠷ᠎ᠦᠨ ᠭᠦᠶᠦᠯᠲᠡ᠎ᠶᠢᠨ
ᠬᠠᠮᠤᠭ᠎ᠤᠨ ᠰᠠᠢᠨ ᠬᠢᠷᠢ ᠪᠦᠲᠦᠮᠵᠢ᠎ᠪᠡᠨ ᠰᠢᠨᠡᠳᠬᠡᠪᠡ᠃

ᠳᠡᠯᠡᠬᠡᠢ
✦ᠰᠢᠨᠬᠤᠸᠠ ᠬᠤᠷᠢᠶ᠎ᠠ ᠵᠢᠨ
ᠮᠡᠳᠡᠭᠡ ᠵᠢ ᠦᠨᠳᠦᠰᠦᠯᠡᠪᠡᠯ᠂ ᠺᠠᠨᠠᠳᠠ ᠦᠺᠷᠠᠢᠨ᠎ᠳᠤ ᠳᠠᠬᠢᠨᠳᠠ 18 ᠳ᠋ᠦᠩᠰᠢᠭᠤᠷ ᠳ᠋ᠣᠯᠯᠠᠷ᠎ᠤᠨ ᠪᠡᠯᠡ ᠮᠥᠩᠭᠥᠨ᠎ᠦ
ᠳᠡᠮᠵᠢᠯᠭᠡ ᠬᠠᠩᠭᠠᠬᠤ ᠪᠡᠷ ᠪᠤᠢ᠃
✦ᠰᠢᠨᠬᠤᠸᠠ ᠬᠤᠷᠢᠶ᠎ᠠ ᠵᠢᠨ
ᠮᠡᠳᠡᠭᠡ ᠵᠢ ᠦᠨᠳᠦᠰᠦᠯᠡᠪᠡᠯ᠂ 27᠎ᠤ ᠡᠳᠦᠷ ᠫᠧᠷᠦ᠋᠎ᠶᠢᠨ ᠪᠠᠷᠠᠭᠤᠨ ᠬᠡᠰᠡᠭ᠎ᠦᠨ ᠠᠨᠺᠠᠱ ᠮᠤᠵᠢ᠎ᠶᠢᠨ ᠣᠢᠷ᠎ᠠ
ᠳᠠᠯᠠᠶ᠎ᠶᠢᠨ ᠣᠷᠣᠨ᠎ᠳᠤ 6.0 ᠳᠡᠰ᠎ᠤᠨ ᠭᠠᠵᠠᠷ ᠬᠦᠳᠡᠯᠪᠡ᠃
ᠦᠢᠯᠡᠴᠢᠯᠡᠭᠡ
✦ᠲᠦᠩᠯᠢᠶᠤᠤ ᠬᠤᠳᠠ ᠵᠢᠨ
ᠡᠬᠡ ᠨᠢᠯᠬᠠᠰ᠎ᠤᠨ ᠡᠷᠡᠬᠦᠯᠵᠢᠯ᠎ᠤᠨ ᠬᠤᠷᠢᠶ᠎ᠠ ᠠᠵᠢᠯᠳᠠᠨ ᠡᠯᠰᠡᠵᠤ ᠪᠤᠢ᠃
ᠲᠠᠨ᠎ᠤ ᠲᠤᠰᠠ᠎ᠳᠤ
✦ᠡᠯᠢᠭᠡᠨ ᠡᠪᠡᠳᠴᠢᠨ᠎ᠢ ᠵᠠᠰᠠᠬᠤ᠎ᠳᠤ
ᠰᠠᠶᠢᠬᠠᠨ ᠰᠠᠭᠠᠭᠰᠠᠨ ᠢᠮᠠᠭᠠᠨ ᠰᠦ ᠪᠤᠶᠤ ᠭᠡᠭᠦᠦ᠎ᠶᠢᠨ ᠰᠦ᠎ᠶᠢ ᠪᠦᠯᠢᠶᠡᠨ᠎ᠢᠶᠡᠷ ᠨᠢ ᠳᠣᠯᠣᠭᠠᠨ ᠬᠣᠨᠣᠭ ᠦᠷᠭᠦᠯᠵᠢᠯᠡᠨ ᠤᠤᠭᠤᠪᠠᠯ ᠰᠠᠢᠨ ᠪᠥᠭᠡᠳ ᠡᠪᠡᠳᠴᠢᠨ᠎ᠤ ᠪᠠᠢᠳᠠᠯ᠎ᠢᠶᠠᠨ
ᠦᠵᠡᠵᠦ ᠤᠤᠭᠤᠬᠤ ᠬᠤᠭᠤᠴᠠᠭ᠎ᠠ᠎ᠪᠠᠨ ᠲᠣᠬᠢᠷᠠᠭᠤᠯᠵᠤ ᠪᠣᠯᠣᠨ᠎ᠠ᠃

ᠵᠠᠯᠭᠠᠭᠠᠳ 《ᠮᠠᠯᠴᠢᠨ᠎ᠤ
ᠤᠶᠠᠩᠭ᠎ᠠ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠲᠠ ᠪᠦᠬᠦᠨ ᠤ ᠬᠦᠯᠢᠶᠡᠨ ᠠᠪᠴᠤ᠌ ᠰᠤᠨᠤᠰᠤᠬ᠍ᠰᠠᠨ ᠳ᠋ᠦ ᠪᠠᠶᠠᠷᠯᠠᠯ᠎ᠠ᠂ ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)