12 ᠰᠠᠷ᠎ᠠ᠎ᠶ᠋ᠢᠨ 31᠎ᠦ ᠡᠳᠦᠷ
ᠡᠬᠢᠯᠡᠬᠦ᠌ ᠴᠠᠭ᠄
2025-12-31 10:49:10
ᠨᠠᠶ᠋ᠢᠷᠠᠭᠤᠯᠤᠭᠴᠢ ᠄
ᠤᠷᠠᠨᠲᠠᠨ᠎ᠡ
ᠨᠡᠪᠲᠡᠷᠡᠬᠦᠯᠦᠭᠴᠢ ᠄
ᠤᠷᠠᠨᠲᠠᠨ᠎ᠠ
ᠮᠡᠷᠭᠡᠵᠢᠯ ᠄
  
ᠤᠩᠰᠢᠭᠰᠠᠨ ᠤᠳᠠᠭ᠎ᠠ᠄


新 语音播报 封面.jpg


5a136439-6d51-4052-8260-c38e809f12ba.png


10001010101010101010101010101010101010112.31天气预报模板0101.jpg


3c39ac68-bb71-4a99-9e17-2dccdd4a2e47.png


ᠨᠡᠢᠭᠡᠮ

✦ᠲᠥᠷᠥ᠎ᠶᠢᠨ ᠶᠠᠪᠤᠳᠠᠯ᠎ᠤᠨ ᠬᠤᠷᠢᠶ᠎ᠠ ᠵᠢᠨ ᠡᠷᠳᠡᠮ᠎ᠦᠨ ᠴᠣᠯᠠ᠎ᠶᠢᠨ ᠵᠥᠪᠯᠡᠯ᠎ᠡᠴᠡ ᠬᠠᠮᠢᠶᠠᠷᠤᠯᠲᠠ᠎ᠶᠢᠨ ᠠᠷᠭ᠎ᠠ ᠳᠠᠷᠤᠮᠠᠯᠯᠠᠨ ᠲᠠᠷᠬᠠᠭᠠᠵᠤ᠂ ᠴᠥᠭᠡᠨ ᠲᠣᠭᠠᠨ᠎ᠤ ᠡᠷᠳᠡᠮ ᠴᠢᠳᠠᠪᠤᠷᠢ᠎ᠲᠠᠢ ᠳ᠋ᠣᠺᠲ᠋ᠣᠷᠠᠨᠲ᠎ᠤᠨ ᠰᠢᠨᠵᠢᠯᠡᠭᠡᠨ᠎ᠦ ᠰᠠᠯᠠᠭ᠎ᠠ ᠠᠯᠤᠰᠯᠠᠨ ᠮᠠᠰᠲᠧᠷ ᠴᠣᠯᠠ ᠬᠠᠮᠠᠭᠠᠯᠠᠬᠤ᠎ᠪᠠᠷ ᠰᠤᠷᠤᠯᠴᠠᠬᠤ᠎ᠶᠢ ᠳᠡᠮᠵᠢᠨ᠎ᠡ ᠭᠡᠪᠡ᠃

✦ᠤᠯᠤᠰ᠎ᠤᠨ ᠨᠡᠭᠦᠳᠡᠯ ᠠᠷᠠᠳ᠎ᠤᠨ ᠬᠠᠮᠢᠶᠠᠷᠤᠯᠲᠠ᠎ᠶᠢᠨ ᠳᠤᠪᠴᠢᠶ᠎ᠠ ᠵᠢᠨ ᠮᠡᠳᠡᠭᠡ᠎ᠶᠢ ᠦᠨᠳᠦᠰᠦᠯᠡᠪᠡᠯ᠂ ᠰᠢᠨ᠎ᠡ ᠵᠢᠯ ᠤ᠋ᠨ ᠠᠮᠠᠷᠠᠯᠲᠠ᠎ᠶᠢᠨ ᠬᠤᠭᠤᠴᠠᠭᠠᠨ᠎ᠳᠤ ᠬᠢᠯᠢ᠎ᠪᠡᠷ ᠣᠷᠣᠵᠤ ᠭᠠᠷᠬᠤ ᠠᠶᠠᠨᠴᠢᠳ ᠳᠤᠮᠳᠠᠴᠢ᠎ᠪᠠᠷ 210 ᠲᠦᠮᠡᠨ ᠬᠥᠮᠥᠨ ᠤᠳᠠᠭ᠎ᠠ᠎ᠶᠢ ᠳᠠᠪᠠᠵᠤ᠂ ᠨᠢᠳᠤᠨᠤᠨ᠎ᠤ ᠠᠳᠠᠯᠢ ᠬᠤᠭᠤᠴᠠᠭᠠᠨ᠎ᠤ ᠬᠢ᠎ᠡᠴᠡ 22.4% ᠪᠡᠷ ᠨᠡᠮᠡᠭᠳᠡᠬᠦ ᠪᠣᠯᠣᠨ᠎ᠠ᠃

✦29 ᠎ᠦ ᠡᠳᠦᠷ᠂ ᠤᠯᠤᠰ᠎ᠤᠨ ᠳᠣᠲᠣᠭᠠᠳᠤ᠎ᠶᠢᠨ ᠠᠩᠬᠠᠳᠠᠭ᠍ᠴᠢ ᠬᠣᠲᠠ (ᠲᠡᠭᠦᠷᠭᠡ) ᠵᠢᠨ ᠲᠡᠮᠦᠷ ᠵᠠᠮ᠎ᠤᠨ ᠲᠡᠯᠡᠶ ᠠᠯᠤᠰᠯᠠᠭᠰᠠᠨ ᠲᠣᠮᠣ᠌ ᠬᠥᠭᠥᠷᠭᠡ — ᠨᠢᠩᠪᠦ᠋ᠸᠧ ᠬᠤᠲᠠ᠎ᠶᠢᠨ ᠲᠡᠮᠦᠷ ᠵᠠᠮ᠎ᠤᠨ ᠰᠢᠶᠠᠩ ᠱᠠᠨ ᠭᠠᠷᠠᠮ᠎ᠤᠨ ᠳᠠᠯᠠᠢ ᠰᠤᠨᠳᠠᠯᠠᠭᠰᠠᠨ ᠶᠡᠬᠡ ᠬᠥᠭᠥᠷᠭᠡ ᠤᠷᠤᠭᠰᠢᠲᠠᠢ ᠨᠡᠢᠯᠡᠪᠡ᠃


微信图片_2025-12-30_105208_042.jpg


✦30 ᠎ᠤ ᠡᠳᠦᠷ᠂ S43 ᠬᠥᠬᠡᠬᠣᠲᠠ ᠨᠢᠰᠬᠡᠯ᠎ᠦᠨ ᠪᠠᠭᠤᠳᠠᠯ᠎ᠤᠨ ᠲᠦᠷᠭᠡᠨ᠎ᠤ ᠵᠠᠰᠠᠮᠠᠯ ᠵᠠᠮ ᠲᠡᠷᠭᠡ ᠨᠡᠪᠲᠡᠷᠡᠪᠡ᠃

✦ᠰᠢᠯᠢ᠎ᠶᠢᠨ ᠭᠣᠣᠯ ᠠᠢᠮᠠᠭ᠎ᠤᠨ ᠰᠢᠨ᠎ᠡ ᠡᠨᠧᠷᠭᠢ᠎ᠶᠢᠨ ᠮᠠᠰᠢᠨ ᠴᠣᠭᠴᠠᠯᠠᠪᠤᠷᠢ᠎ᠶᠢᠨ ᠬᠡᠪᠴᠢᠶ᠎ᠡ ᠪᠠ ᠴᠠᠬᠢᠯᠭᠠᠨ ᠭᠠᠷᠭᠠᠭᠰᠠᠨ ᠬᠡᠮᠵᠢᠶ᠎ᠡ ᠨᠢ ᠪᠦᠬᠦ ᠣᠷᠣᠨ ᠳ᠋ᠤ ᠳᠦᠷᠦᠬᠦᠯᠡᠪᠡ᠃


640 (3).jpg


✦ᠤᠢᠷ᠎ᠠ᠎ᠳᠤ ᠤᠷᠠᠳ᠎ᠤᠨ ᠳᠤᠮᠳᠠᠳᠤ ᠬᠣᠰᠢᠭᠤᠨ᠎ᠤ ᠭᠠᠭᠴᠠᠮᠣᠳᠤ ᠪᠠᠯᠭᠠᠰᠤᠨ᠎ᠳᠤ《ᠭᠠᠳᠠᠭᠠᠳᠤ᠎ᠳᠤ ᠰᠠᠭᠤᠭ᠎ᠠ ᠠᠬ᠎ᠠ ᠳᠡᠭᠦᠦ ᠨᠠᠷ᠎ᠦᠨ ᠭᠡᠷ》ᠪᠠᠢᠭᠤᠯᠤᠭᠳᠠᠵᠤ᠂ ᠤᠯᠤᠰ᠎ᠲᠠᠭᠠᠨ ᠪᠤᠴᠠᠵᠤ ᠢᠷᠡᠭᠰᠡᠨ ᠳᠤᠮᠳᠠᠳᠤ᠎ᠶᠢᠨ ᠬᠠᠷᠢᠶᠠᠲᠤ ᠨᠠᠷ᠎ᠲᠤ ᠬᠣᠯᠪᠣᠭ᠎ᠠ ᠪᠠᠷᠢᠵᠤ ᠨᠥᠬᠥᠷᠯᠡᠯ ᠪᠠᠶ᠋ᠢᠭᠤᠯᠬᠤ᠂ ᠲᠦᠷᠦ᠎ᠶᠢᠨ ᠪᠣᠳᠣᠯᠭ᠎ᠠ᠎ᠶᠢᠨ ᠵᠥᠪᠯᠡᠯᠭᠡ ᠥᠭᠬᠦ᠂ ᠦᠢᠯᠡᠴᠢᠯᠡᠭᠡᠨ᠎ᠦ ᠪᠠᠲᠤᠯᠠᠭ᠎ᠠ ᠬᠠᠩᠭᠠᠬᠤ᠂ ᠰᠣᠶᠣᠯ᠎ᠤᠨ ᠰᠣᠯᠢᠯᠴᠠᠭ᠎ᠠ ᠬᠢᠬᠦ ᠵᠡᠷᠭᠡ ᠶᠡᠷᠦᠩᠬᠡᠢᠯᠡᠭᠰᠡᠨ ᠴᠢᠨᠠᠷᠲᠠᠢ ᠲᠠᠪᠴᠠᠩ ᠬᠠᠩᠭᠠᠭᠰᠠᠨ ᠪᠠᠢᠨ᠎ᠠ᠃

 

ᠠᠵᠤ ᠠᠬᠤᠢ

✦ᠡᠵᠡᠨ ᠬᠣᠷᠣᠭ᠎ᠠ ᠬᠣᠰᠢᠭᠤᠨ᠎ᠤ ᠵᠠᠰᠠᠭ ᠪᠠᠯᠭᠠᠰᠤᠨ᠎ᠤ ᠬᠠᠭᠤᠷᠠᠢ ᠴᠠᠶ᠋ᠢᠳᠠᠮ ᠲᠣᠰᠬᠣᠨ᠎ᠤ ᠦᠨᠦᠷᠲᠦ ᠮᠥᠭᠥ ᠲᠠᠷᠢᠬᠤ ᠰᠠᠭᠤᠷᠢᠨ ᠡᠯᠪᠡᠭ ᠬᠤᠷᠢᠶᠠᠯᠲᠠ ᠣᠯᠪᠠ᠃ ᠳᠤᠰ ᠰᠠᠭᠤᠷᠢᠨ ᠡᠨᠡ ᠵᠢᠯ 26 ᠬᠦᠯᠡᠮᠵᠢ᠎ᠳᠤ ᠨᠡᠢᠲᠡ 20 ᠲᠦᠮᠡᠨ ᠰᠢᠳᠠᠮᠲᠤ ᠨᠤᠨᠲᠠᠭᠯᠠᠭᠤᠷ ᠮᠥᠬᠥ ᠲᠠᠷᠢᠵᠤ᠂ ᠨᠢᠭᠡ ᠰᠢᠳᠠᠮᠲᠤ ᠨᠤᠨᠲᠠᠭᠯᠠᠭᠤᠷ᠎ᠢ 2 ᠵᠢᠩ᠎ᠢᠶᠡᠷ ᠪᠤᠳᠤᠪᠠᠯ᠂ ᠵᠢᠯ᠎ᠦᠨ ᠦᠢᠯᠡᠳᠬᠦᠨ᠎ᠦ ᠥᠷᠲᠡᠭ ᠨᠢ 40 ᠲᠦᠮᠡᠨ ᠵᠢᠩ᠎ᠳᠤ ᠬᠦᠷᠴᠦ᠂ ᠪᠠᠷᠤᠭ 200 ᠲᠦᠮᠡᠨ ᠲᠥᠭᠥᠷᠢᠭ᠎ᠤᠨ ᠤᠷᠤᠯᠭ᠎ᠠ ᠤᠯᠬᠤ ᠪᠤᠯᠤᠨ᠎ᠠ᠃

 

640 (4).jpg


ᠰᠤᠶᠤᠯ

✦12 ᠰᠠᠷ᠎ᠠ᠎ᠶ᠋ᠢᠨ 30᠎ᠤ ᠡᠳᠤᠷ᠂ ᠦᠵᠦᠮᠦᠴᠢᠨ ᠨᠤᠲᠤᠭ᠎ᠤᠨ ᠮᠦᠩᠬᠦᠨ ᠡᠪᠤᠯ᠎ᠤᠨ ᠨᠠᠭᠠᠳᠤᠮ ᠵᠢᠴᠢ ᠲᠠᠯ᠎ᠠ ᠨᠤᠲᠤᠭ᠎ᠤᠨ 99 ᠨᠣᠮᠧᠷᠲᠤ ᠵᠠᠰᠠᠮᠠᠯ ᠵᠠᠮ᠎ᠤᠨ ᠴᠠᠰᠤ ᠮᠦᠰᠦᠨ᠎ᠤ ᠤᠯᠠᠷᠢᠯ᠎ᠤᠨ ᠡᠬᠢᠯᠡᠯᠳᠡ ᠵᠢᠨ ᠶᠤᠰᠤᠯᠠᠯ ᠨᠢᠵᠢᠬᠢᠷ ᠶᠠᠪᠤᠬᠳᠠᠪᠠ᠃


640 (5).jpg


852082ed097a4cf4f8c55e89f30dd2b9.jpg


✦ᠠᠩᠬᠠᠳᠤᠭᠠᠷ ᠤᠳᠠᠭᠠᠨ᠎ᠤ ᠪᠥᠬᠥ ᠣᠷᠣᠨ᠎ᠤ ᠱᠠᠭ᠎ᠠ᠎ᠶᠢᠨ ᠲᠠᠮᠢᠷ ᠤ᠋ᠨ ᠰᠣᠯᠢᠯᠴᠠᠭᠠᠨ᠎ᠤ ᠠᠵᠢᠯᠯᠠᠭ᠎ᠠ ᠲᠦᠷᠦᠬᠦᠬᠡᠨ ᠠᠪᠠᠭ᠎ᠠ ᠬᠣᠰᠢᠭᠤᠨ᠎ᠤ ᠪᠦᠬᠦ ᠠᠷᠠᠳ᠎ᠤᠨ ᠪᠡᠶ᠎ᠡ ᠴᠢᠭᠢᠷᠠᠭᠵᠢᠭᠤᠯᠬᠤ ᠲᠥᠪ ᠎ᠲᠤ ᠶᠠᠪᠤᠭᠳᠠᠵᠤ᠂ 6 ᠠᠢᠮᠠᠭ ᠬᠣᠲᠠ᠎ᠶᠢᠨ ᠠᠷᠪᠠᠨ ᠬᠣᠰᠢᠭᠤᠨ᠎ᠤ ᠱᠠᠭᠠᠢᠴᠢᠳ ᠣᠷᠣᠯᠴᠠᠭᠰᠠᠨ ᠪᠠᠢᠨ᠎ᠠ᠃

✦《ᠳᠠᠭᠤᠤ ᠪᠦᠵᠢᠭ ᠵᠢᠡᠷ ᠵᠠᠯᠠᠭᠤ ᠨᠠᠰᠤᠨ᠎ᠤ ᠴᠤᠭ ᠵᠢᠪᠬᠤᠭ᠎ᠠ ᠵᠢ ᠢᠯᠡᠷᠡᠬᠦᠯᠵᠤ᠂ ᠬᠦᠰᠡᠯ ᠮᠦᠷᠦᠭᠡᠳᠤᠯ ᠵᠢᠡᠨ ᠬᠦᠭᠡᠭᠡᠴᠡᠯᠳᠦᠬᠦ》 ᠭᠤᠤᠯ ᠰᠡᠳᠤᠪᠳᠤ ᠤᠯᠠᠭᠠᠠᠬᠠᠳᠠ ᠳᠡᠭᠡᠳᠤ ᠰᠤᠷᠭᠠᠭᠤᠯᠢ ᠵᠢᠨ ᠪᠦᠵᠢᠭ᠎ᠤᠨ ᠳᠤᠰᠬᠠᠢ ᠳᠤᠬᠯᠠᠯᠳᠠ ᠤᠷᠴᠢᠮᠬᠠᠨ᠎ᠳᠠ ᠯᠢ ᠶᠠ ᠵᠦᠴᠦᠭᠡ ᠵᠢᠨ ᠲᠢᠶᠠᠲ᠋ᠷ᠎ᠲᠦ ᠶᠠᠪᠤᠬᠳᠠᠵᠠᠢ᠃

✦12 ᠰᠠᠷ᠎ᠠ᠎ᠶᠢᠨ 28᠎ᠤ ᠡᠳᠦᠷ᠂ ᠠᠮᠵᠢᠯᠲᠠ ᠪᠦᠲᠦᠮᠵᠢ᠎ᠪᠠᠷ ᠳᠦᠭᠦᠷᠡᠩ ᠬᠠᠭᠤᠴᠢᠨ ᠣᠨ᠎ᠢᠶᠠᠨ ᠦᠳᠡᠨ ᠮᠣᠷᠳᠠᠭᠤᠯᠵᠤ᠂ ᠠᠤᠭ᠎ᠠ ᠡᠷᠡᠨ᠎ᠦ ᠬᠡᠰᠢᠭ ᠬᠤᠷᠤᠢᠯᠠᠭᠰᠠᠨ ᠰᠢᠨ᠎ᠡ ᠣᠨ᠎ᠢᠶᠠᠨ ᠤᠭᠲᠤᠬᠤ ᠣᠩᠨᠢᠭᠤᠳ ᠬᠣᠰᠢᠭᠤᠨ᠎ᠤ ᠠᠷᠠᠳ᠎ᠤᠨ ᠤᠷᠠᠯᠢᠭ᠍ᠴᠢᠳ᠎ᠤᠨ ᠨᠡᠢᠭᠡᠮᠯᠢᠭ᠎ᠦᠨ ᠰᠢᠨ᠎ᠡ ᠣᠨ᠎ᠢᠶᠠᠨ ᠤᠭᠲᠤᠬᠤ ᠴᠡᠩᠭᠡᠬᠦᠨ ᠰᠢᠨᠡᠰᠦ᠋ᠮ᠎ᠡ ᠰᠤᠮᠤ᠎ᠳᠦ ᠪᠣᠯᠵᠤ ᠥᠩᠭᠡᠷᠡᠪᠡ᠃

 

捕获123.JPG


640 (1).jpg

 

ᠲᠠᠮᠢᠷ

✦ᠳᠡᠯᠡᠬᠡᠢ᠎ᠶᠢᠨ ᠫᠢᠩᠫᠠᠩ ᠪᠥᠮᠪᠥᠭᠡ᠎ᠶᠢᠨ ᠲᠤᠰᠬᠠᠢ ᠮᠡᠷᠭᠡᠵᠢᠯ᠎ᠦᠨ ᠬᠣᠯᠪᠣᠭ᠎ᠠ (WTT) ᠵᠢᠨ 29 ᠎ᠦ ᠡᠳᠦᠷ᠎ᠤᠨ ᠮᠡᠳᠡᠭᠡ ᠵᠢ ᠦᠨᠳᠦᠰᠦᠯᠡᠪᠡᠯ᠂ ᠳᠤᠮᠳᠠᠳᠤ ᠤᠯᠤᠰ᠎ᠤᠨ ᠲᠠᠮᠢᠷᠴᠢᠨ ᠰᠦᠨ ᠶᠢᠩ ᠱᠠ 2026 ᠣᠨ᠎ᠤ WTT ᠳ᠋ᠠᠦ᠋ᠬ᠎ᠠ᠎ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ᠎ᠳᠤ ᠤᠷᠤᠯᠴᠠᠬᠤ ᠪᠠᠨ ᠪᠤᠯᠢᠵᠥ᠂ ᠳᠤᠮᠳᠠᠳᠤ ᠤᠯᠤᠰ᠎ᠤᠨ ᠰᠢᠶᠠᠩᠭᠠᠩ᠎ᠤᠨ ᠠᠩᠭᠢ᠎ᠶᠢᠨ ᠲᠠᠮᠢᠷᠴᠢᠨ ᠳᠦ ᠺᠠᠢ ᠴᠢᠨ ᠤᠷᠤᠯᠳᠤᠭᠠᠨ᠎ᠳᠤ ᠤᠷᠤᠯᠠᠨ ᠤᠷᠤᠯᠴᠠᠬᠤ ᠪᠡᠷ ᠪᠤᠯᠪᠠ᠃


微信图片_2025-12-30_105927_186.jpg


✦29 ᠤ᠋ ᠡᠳᠦᠷ᠂ ᠠᠯᠠᠱᠠ᠎ᠶᠢᠨ ᠲᠡᠮᠡᠭᠡᠨ᠎ᠦ ᠬᠣᠯᠪᠣᠭᠠᠲᠤ ᠤᠷᠤᠯᠳᠤᠭᠠᠨ᠎ᠤ 15 ᠺᠢᠯᠣᠮᠧᠲᠷ᠎ᠦᠨ ᠬᠤᠯᠠ᠎ᠶᠢᠨ ᠲᠡᠮᠡᠭᠡᠨ᠎ᠦ ᠤᠷᠤᠯᠳᠤᠭᠠᠨ ᠬᠥᠷ ᠬᠥᠭᠵᠢᠶᠡᠨ᠎ᠲᠠᠢ ᠶᠠᠪᠤᠭᠳᠠᠪᠠ᠃ ᠤᠷᠤᠯᠳᠤᠭᠠᠨ᠎ᠳᠤ 27 ᠬᠤᠷᠳᠤᠨ ᠠᠲᠠ ᠣᠷᠤᠯᠳᠤᠭᠤᠯᠵᠤ᠂ ᠠᠯᠠᠱᠠ ᠪᠠᠷᠠᠭᠤᠨ ᠬᠣᠰᠢᠭᠤᠨ᠎ᠤ ᠢᠷᠦᠭᠡᠯᠲᠦ᠎ᠶᠢᠨ ᠱᠥᠮᠪᠥᠭᠡᠷ ᠠᠲᠠ ᠲᠡᠷᠢᠭᠦᠯᠡᠵᠡᠢ᠃

 

捕获.JPG


ᠳᠡᠯᠡᠬᠡᠢ

✦ᠰᠢᠨᠬᠤᠸᠠ ᠬᠤᠷᠢᠶ᠎ᠠ ᠵᠢᠨ ᠮᠡᠳᠡᠭᠡ ᠵᠢ ᠦᠨᠳᠦᠰᠦᠯᠡᠪᠡᠯ᠂ ᠠᠮᠧᠷᠢᠺᠠ᠎ᠶᠢᠨ ᠺᠠᠯᠢᠹᠣᠷᠨᠢᠶ᠎ᠠ ᠵᠧᠦ᠎ᠶᠢᠨ ᠣᠯᠠᠨ ᠣᠷᠣᠨ ᠨᠤᠲᠤᠭ᠎ᠤᠨ ᠵᠠᠭᠤᠴᠢᠯᠠᠭᠤᠷ 28 ᠎ᠤ ᠡᠳᠦᠷ ᠠᠳᠠᠯᠢ ᠠᠭᠤᠯᠭ᠎ᠠ ᠳᠠᠢ ᠬᠤᠷᠢᠶ᠎ᠠ ᠵᠢᠨ ᠥᠭᠦᠯᠡᠯ ᠨᠡᠢᠲᠡᠯᠡᠵᠦ᠂ ᠲᠸᠷᠠᠮᠫᠦ᠋᠎ᠶᠢᠨ ᠵᠠᠰᠠᠭ᠎ᠤᠨ ᠣᠷᠳᠣᠨ᠎ᠤ ᠠᠷᠠᠯᠵᠢᠶᠠᠨ᠎ᠤ ᠲᠥᠷᠥ᠎ᠶᠢᠨ ᠪᠣᠳᠣᠯᠭ᠎ᠠ᠎ᠶᠢ ᠰᠢᠭᠦᠮᠵᠢᠯᠡᠪᠡ᠃

 

ᠦᠢᠯᠡᠴᠢᠯᠡᠭᠡ 

✦ᠡᠵᠡᠨ᠎ᠡ ᠬᠤᠰᠢᠭᠤᠨ᠎ᠤ ᠤᠯᠠᠭᠠᠠᠮᠦ᠋ᠴᠢᠷ ᠠᠵᠢᠯ ᠤᠢᠯᠡᠰ᠎ᠤᠨ ᠤᠷᠤᠨ ᠲᠤᠭ᠎ᠠ ᠳᠠᠢ ᠠᠵᠢᠯᠳᠠᠨ ᠡᠯᠰᠡᠬᠦ ᠪᠡᠷ ᠪᠤᠢ᠃ 

 

ᠲᠠᠨ᠎ᠤ ᠲᠤᠰᠠ᠎ᠳᠤ

✦ᠵᠢᠭᠠᠰᠤ᠎ᠶᠢ ᠬᠠᠭᠠᠷᠢᠬᠤ᠎ᠠᠴᠠ ᠪᠡᠨ ᠡᠮᠦᠨ᠎ᠡ ᠦᠨᠢᠶᠡᠨ ᠰᠦ᠎ᠳᠦ ᠵᠢᠭᠠᠬᠠᠨ ᠳᠡᠪᠲᠦᠭᠡᠪᠡᠯ᠂ ᠰᠢᠩᠬᠡᠭ ᠦᠨᠦᠷ᠎ᠢ ᠠᠷᠢᠯᠭᠠᠵᠤ ᠳᠡᠢᠯᠬᠦ ᠮᠥᠷᠲᠡᠭᠡᠨ ᠪᠠᠰᠠ ᠰᠢᠨ᠎ᠡ ᠰᠣᠷᠭᠣᠭ ᠠᠮᠳᠠ ᠵᠢ ᠨᠡᠮᠡᠭᠳᠡᠭᠦᠯᠳᠡᠭ᠃


ef38d2d2d887d945eda70b0a96382026.jpg

 

ᠵᠠᠯᠭᠠᠭᠠᠳ 《ᠡᠷᠬᠡᠯᠡᠵᠤ ᠰᠠᠨᠠᠬᠤ ᠬᠠᠢᠷ᠎ᠠ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠲᠠ ᠪᠦᠬᠦᠨ ᠎ᠤ ᠬᠦᠯᠢᠶᠡᠨ ᠠᠪᠴᠤ᠌ ᠰᠤᠨᠤᠰᠤᠬ᠍ᠰᠠᠨ ᠳ᠋ᠦ  ᠪᠠᠶᠠᠷᠯᠠᠯ᠎ᠠ᠂  ᠪᠠᠶᠠᠷᠳᠠᠢ!

(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂  ᠮᠠᠨ᠎ᠤ ᠤᠷᠤᠨ᠎ᠤ ᠡᠯ᠎ᠠ ᠠᠢᠮᠠᠭ ᠬᠤᠳᠠ᠂  ᠬᠤᠰᠢᠭᠤ ᠰᠢᠶᠠᠨ᠎ᠤ  ᠵᠢᠷᠬᠢᠶ᠎ᠠ᠎ᠶᠢᠨ ᠲᠠᠪᠴᠠᠩ)

ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号