ᠣᠳᠣ ᠲᠠᠢ ᠪᠣᠯᠵᠣᠭ᠎ᠠ (214) ᠢᠷᠭᠠᠢᠲᠤ᠎ᠵᠢᠨ ᠬᠥᠨᠳᠡᠢ
ᠡᠬᠢᠯᠡᠬᠦ᠌ ᠴᠠᠭ᠄
2025-12-08 11:43:01
ᠨᠠᠶ᠋ᠢᠷᠠᠭᠤᠯᠤᠭᠴᠢ ᠄
ᠭᠢᠯᠪᠡᠭᠡᠨ
ᠨᠡᠪᠲᠡᠷᠡᠬᠦᠯᠦᠭᠴᠢ ᠄
ᠭᠢᠯᠪᠡᠭᠡᠨ
ᠮᠡᠷᠭᠡᠵᠢᠯ ᠄

ᠤᠩᠰᠢᠭᠰᠠᠨ ᠤᠳᠠᠭ᠎ᠠ᠄

ᠢᠷᠭᠠᠢᠲᠤ᠎ᠵᠢᠨ ᠬᠥᠨᠳᠡᠢ

       ·ᠪᠦᠷᠢᠨᠰᠠᠢᠨ᠎ᠤ ᠰᠢᠨᠡᠬᠦᠦ

 ᠰᠥᠨᠢᠵᠢᠨ ᠤᠷᠤᠭᠰᠠᠨ ᠪᠤᠷᠤᠭᠠᠨ ᠦᠷ ᠎ᠵᠢᠡᠷ ᠲᠠᠲᠠᠷᠠᠵᠤ᠂ ᠬᠤᠷ᠎ᠠ᠎ᠪᠡᠷ ᠱᠠᠪᠰᠢᠭᠤᠯᠤᠭᠰᠠᠨ ᠨᠢᠯᠬ᠎ᠠ ᠨᠤᠭᠤᠭᠠᠨ᠎ᠤ ᠦᠨᠦᠷ᠂ ᠴᠢᠬᠢᠭ᠎ᠤᠨ ᠦᠨᠦᠷ ᠬᠠᠩᠬᠤ ᠲᠠᠲᠠᠨ ᠨᠤᠢᠷ ᠰᠡᠷᠭᠦᠨ᠎ᠡ᠃ ᠥᠷᠯᠥᠭᠡᠨ᠎ᠤ ᠨᠠᠷᠠ ᠠᠭᠠᠵᠢᠮ᠎ᠵᠢᠡᠷ ᠨᠠᠷᠠᠨ ᠱᠤᠷᠤᠩ᠎ᠤᠨ ᠴᠠᠭᠠᠨ᠎ᠠ᠎ᠡᠴᠡ ᠬᠡᠯᠲᠦᠷᠢᠵᠦ᠂ ᠬᠦᠮᠦᠨ᠎ᠤ ᠬᠤᠷᠸ᠎ᠠ᠎ᠵᠢᠨ ᠴᠠᠭ ᠦᠭᠡᠢ ᠠᠵᠢᠯ ᠵᠠᠬ᠎ᠠ ᠵᠠᠬ᠎ᠠ᠎ᠡᠴᠡ᠎ᠪᠡᠨ ᠬᠥᠭᠯᠡᠷᠡᠵᠦ ᠡᠬᠢᠯᠡᠨ᠎ᠡ᠃ ᠡᠢᠮᠦ ᠨᠢᠭᠡᠨ ᠪᠤᠷᠤ ᠡᠳᠦᠷ ᠢᠷᠭᠠᠢᠲᠤ ᠎ᠵᠢᠨ ᠬᠥᠨᠳᠡᠢ᠎ᠡᠴᠡ ᠡᠬᠢᠯᠡᠳᠡᠭ ᠠᠵᠢ᠃


flowers-ipad-wallpaper-sky-background-plants-lock-screen-wallpaper-sunset-meadow-grass-grassland-phone-wallpaper.jpg


ᠴᠠᠳᠤᠪ ᠬᠥᠭᠰᠢᠨ ᠭᠠᠩᠳᠠᠵᠤ ᠬᠤᠷᠴᠢᠢᠭᠰᠠᠨ ᠬᠦᠷᠡᠩ ᠮᠠᠯᠠᠭᠠᠢ᠎ᠪᠡᠨ ᠬᠡᠯᠳᠡᠭᠡᠢ ᠲᠠᠯᠪᠢᠨ᠂ ᠬᠡᠳᠦᠨ ᠮᠠᠭᠤ ᠮᠠᠯ᠎ᠵᠢᠡᠨ ᠪᠡᠯᠴᠢᠭᠡᠷ ᠤᠷᠤᠭᠤ ᠨᠢ ᠵᠠᠯᠠᠴᠢᠬᠠᠭᠠᠳ᠂ ᠢᠷᠭᠠᠢᠲᠤ ᠎ᠵᠢᠨ ᠬᠥᠨᠳᠡᠢ᠎ᠶᠢ ᠰᠢᠯᠤᠭᠤᠨ ᠤᠭᠲᠤᠯᠤᠭᠰᠠᠨ ᠵᠠᠮ᠎ᠢ ᠪᠠᠷᠠᠯᠠᠨ ᠴᠢᠮᠡᠭᠡ ᠴᠢᠩᠨᠠᠵᠤ ᠰᠠᠭᠤᠨ᠎ᠠ᠃ ᠰᠡᠷᠢᠭᠦᠦ ᠲᠠᠲᠠᠭᠰᠠᠨ ᠵᠢᠪᠠᠷ ᠲᠠᠯ᠎ᠠ᠎ᠵᠢᠨ ᠴᠡᠴᠡᠭᠡᠰ ᠎ᠢ ᠥᠯᠥ ᠮᠡᠳᠡᠭᠬᠡᠨ ᠭᠠᠩᠬᠤᠭᠤᠯᠵᠤ᠂ ᠶᠠᠭᠠᠬᠢᠬᠤ᠎ᠵᠢᠨ ᠠᠷᠭ᠎ᠠ ᠦᠭᠡᠢ ᠨᠠᠮᠤᠭᠤᠬᠠᠨ ᠬᠢᠷᠢ ᠨᠢ ᠪᠡᠨ ᠭᠠᠵᠠᠷ᠎ᠤᠨ ᠬᠡᠪᠡᠯᠢ᠎ᠡᠴᠡ ᠮᠠᠯ᠎ᠤᠨ ᠡᠪᠡᠰᠦ ᠬᠠᠵᠠᠯᠠᠬᠤ ᠴᠢᠮᠡᠭᠡ ᠡᠪᠦᠭᠡᠨ᠎ᠤ ᠰᠡᠳᠬᠢᠯ ᠎ᠢ ᠡᠮᠳᠡᠯᠦᠨ᠎ᠡ᠃ ᠵᠦᠢᠷᠯᠡᠬᠦ ᠎ᠵᠢᠨ ᠢᠵᠢᠯᠢ ᠦᠭᠡᠢ ᠴᠡᠴᠡᠭ᠎ᠤᠨ ᠳᠠᠯᠠᠢ᠂ ᠰᠢᠪᠠᠭᠤᠳ᠎ᠤᠨ ᠨᠤᠲᠤᠭ᠎ᠢ ᠡᠪᠦᠭᠡ ᠳᠡᠭᠡᠳᠦᠰ᠎ᠡᠴᠡ᠎ᠪᠡᠨ ᠦᠶ᠎ᠡ ᠤᠯᠠᠷᠢᠨ ᠥᠭᠰᠥᠵᠦ ᠤᠷᠤᠭᠤᠳᠠᠨ ᠨᠡᠭᠦᠭᠰᠡᠭᠡᠷ ᠬᠡᠴᠢᠨᠡᠭᠡᠨ ᠵᠠᠭᠤᠨ᠎ᠢ ᠡᠯᠡᠭᠡᠭᠰᠡᠨ᠎ᠴᠤ ᠮᠥᠨ ᠯᠡ ᠡᠨᠡ ᠭᠠᠩᠭᠠᠩ ᠳᠥᠷᠬᠥ ᠎ᠪᠡᠷ᠎ᠵᠢᠡᠨ ᠪᠠᠢᠭ᠎ᠠ ᠢᠷᠭᠠᠢᠲᠤ ᠎ᠵᠢᠨ ᠬᠥᠨᠳᠡᠢ ᠭᠡᠭᠴᠢ ᠳᠠᠩᠴᠤ ᠰᠠᠢᠬᠠᠨ ᠨᠤᠲᠤᠭ ᠶᠤᠮ ᠰᠠᠨ ᠭᠡᠵᠦ ᠴᠠᠳᠤᠪ ᠭᠤᠸᠠᠢ ᠨᠤᠲᠤᠭ᠎ᠤᠨ᠎ᠵᠢᠡᠨ ᠲᠤᠬᠠᠢ ᠡᠢᠨ᠎ᠬᠦ ᠪᠤᠳᠤᠭᠰᠠᠭᠠᠷ ᠭᠠᠩᠰᠠ᠎ᠪᠡᠨ ᠬᠡᠳᠦ ᠫᠤᠭᠰᠢᠨ ᠳᠠᠮᠠᠬᠢ ᠨᠡᠷᠡᠬᠦ ᠵᠠᠭᠤᠷ᠎ᠠ ᠭᠡᠷ ᠤᠷᠤᠭᠤ᠎ᠪᠡᠨ ᠰᠠᠷᠠᠪᠴᠢᠯᠠᠯ᠎ᠠ᠃


highland-grassland-green-grass.jpg


ᠭᠡᠷ᠎ᠤᠨ ᠰᠡᠭᠦᠳᠡᠷ᠎ᠲᠦ ᠨᠢᠭᠡ ᠪᠠᠷᠠᠭᠠᠨ ᠶᠠᠭᠤᠮ᠎ᠠ ᠬᠥᠳᠡᠯᠬᠦ ᠠᠲᠠᠯ᠎ᠠ ᠲᠤᠲᠤ ᠬᠠᠷᠠᠭᠳᠠᠵᠤ ᠥᠭᠬᠥ ᠦᠭᠡᠢ ᠪᠥᠷᠲᠥᠭᠡᠨᠡᠨ᠎ᠡ᠃ ᠴᠠᠳᠤᠪ ᠡᠪᠦᠭᠡᠨ᠄ 《ᠶᠠᠭᠤ ᠎ᠪᠡᠨ ᠯᠡ ᠬᠢᠵᠦ ᠮᠤᠩᠭᠠᠨᠢᠵᠤ ᠪᠠᠢᠭ᠎ᠠ ᠶᠤᠮ᠂ ᠮᠠᠭᠤ ᠬᠦᠦ ᠮᠢᠨᠢ》 ᠭᠡᠵᠦ ᠳᠦᠳᠦᠭᠡᠨᠡᠨ ᠪᠠᠢᠨ ᠳᠠᠬᠢᠨ ᠬᠠᠷᠠᠭᠰᠠᠨ᠎ᠵᠢᠡᠨ᠄ 《ᠮᠢᠨᠤ ᠡᠨᠡ ᠮᠠᠭᠤ ᠬᠤᠶᠠᠷ ᠤᠩᠭᠤᠢᠮᠠᠷ᠎ᠴᠤ ᠨᠦᠬᠡ ᠪᠤᠯᠵᠤ ᠳᠠ᠂ ᠵᠠᠢᠯᠠᠭᠤᠯ᠃ ᠡᠭᠦᠳᠡ ᠬᠤᠢᠮᠤᠷ᠎ᠤᠨ ᠶᠠᠭᠤᠮ᠎ᠠ᠎ᠶᠢ᠎ᠴᠤ ᠤᠯᠵᠤ ᠬᠠᠷᠠᠬᠤ ᠎ᠪᠡᠨ ᠪᠤᠯᠢᠵᠠᠢ》 ᠬᠡᠰᠡᠨ ᠪᠤᠳᠤᠯ᠎ᠳᠦ ᠠᠪᠲᠠᠵᠤ᠂ ᠭᠠᠩᠰᠠ᠎ᠪᠡᠨ ᠬᠦᠴᠦᠲᠡᠢ ᠭᠡᠭᠴᠢ ᠬᠡᠳᠦ ᠰᠤᠷᠤᠭᠰᠠᠨ᠎ᠵᠢᠡᠨ ᠭᠤᠲᠤᠯ᠎ᠤᠨ ᠲᠦᠷᠡᠢ᠎ᠳᠦ ᠲᠤᠭᠰᠢᠨ᠄ 《ᠬᠥᠭᠡᠷᠦᠬᠦᠢ᠂ ᠮᠠᠭᠤ ᠤᠮᠪᠤᠯᠤ ᠮᠢᠨᠢ᠂ ᠬᠠᠷ᠎ᠠ ᠪᠠᠭ᠎ᠠ᠎ᠡᠴᠡ᠎ᠪᠡᠨ ᠯᠠ ᠨᠠᠳᠠ ᠲᠠᠢ ᠵᠠᠭᠤᠷᠠᠯᠳᠤᠨ ᠡᠳᠦᠢ᠎ᠳᠦ ᠬᠦᠷᠦᠯ᠎ᠡ᠃ ᠦ᠂ ᠲᠡᠭᠡᠭᠡᠳ᠎ᠴᠤ ᠶᠠᠭᠠᠬᠢᠬᠤ ᠪᠤᠢ᠂ ᠰᠠᠢᠬᠠᠨ ᠯᠠ ᠬᠦᠦ ᠪᠤᠯᠵᠤ ᠲᠤᠮᠤᠭᠠᠵᠢᠵᠤ ᠪᠠᠢᠨ᠎ᠠ᠃ ᠶᠤᠰᠤ ᠲᠠᠢ ᠪᠤᠯ ᠶᠤᠰᠤ ᠲᠠᠢ᠂ ᠨᠤᠮ ᠲᠠᠢ ᠪᠤᠯ ᠨᠤᠮ ᠲᠠᠢ᠂ ᠪᠡᠶ᠎ᠡ ᠪᠢᠯᠳᠠᠷ ᠭᠡᠳ ᠶᠠᠭᠤ᠎ᠪᠡᠷ᠎ᠴᠤ ᠭᠠᠵᠠᠷᠳᠠᠬᠤ ᠦᠭᠡᠢ ᠰᠠᠢᠬᠠᠨ ᠡᠷ᠎ᠡ ᠪᠤᠯᠵᠤ ᠶᠠᠪᠤᠭ᠎ᠠ ᠶᠤᠮ ᠰᠢᠦ ᠳᠠ᠃ ᠠᠯᠤᠰ᠎ᠲᠠᠭᠠᠨ ᠯᠡ ᠡᠨᠡ ᠮᠠᠭᠤ ᠡᠴᠢᠭᠡ᠎ᠪᠡᠨ ᠳᠠᠭᠤᠷᠢᠶᠠᠵᠤ ᠤᠰᠤᠨ ᠲᠤᠯᠤᠭᠠᠢᠯᠠᠴᠢᠬᠠᠬᠤ ᠦᠭᠡᠢ ᠪᠤᠯ ᠡᠨᠡ ᠢᠷᠭᠠᠢᠲᠤ᠎ᠵᠢᠨ ᠬᠥᠨᠳᠡᠢ᠎ᠡᠴᠡ ᠠᠮᠢᠲᠠᠨ ᠱᠤᠤᠭᠢᠭᠰᠠᠨ ᠡᠷᠳᠡᠮᠳᠡᠢ ᠬᠦᠮᠦᠨ ᠪᠤᠯᠤᠨ᠎ᠠ᠎ᠳᠠ!》 ᠭᠡᠵᠦ ᠤᠮᠪᠤᠯᠤ ᠬᠦᠦ ᠨᠢᠮᠪᠠ᠎ᠵᠢᠨ ᠲᠤᠬᠠᠢ᠎ᠳᠦ ᠪᠤᠳᠤᠯ ᠨᠢ ᠠᠯᠳᠠᠭᠤᠷᠠᠵᠤ ᠰᠠᠭᠤᠳᠠᠯ᠎ᠠ ᠭᠡᠨᠡᠳᠳᠡ ᠮᠠᠰᠢᠨ ᠳᠦᠩᠬᠢᠨᠡᠨ ᠢᠷᠭᠠᠢᠲᠤ ᠎ᠵᠢᠨ ᠬᠥᠨᠳᠡᠢ ᠥᠭᠰᠥᠨ ᠴᠠᠭᠠᠨ ᠲᠤᠭᠤᠰᠤ ᠳᠠᠳᠠᠭᠤᠯᠤᠨ ᠨᠠᠭᠠᠰᠢ ᠎ᠪᠡᠨ ᠢᠷᠠᠵᠤ ᠶᠠᠪᠤᠭ᠎ᠠ ᠨᠢ ᠬᠠᠷᠠᠭᠳᠠᠯ᠎ᠠ᠃ ᠬᠥᠭᠡᠷᠦᠬᠦᠢ ᠮᠠᠭᠤ ᠤᠮᠪᠤᠯᠤ ᠎ᠵᠢᠨ ᠮᠢᠨᠢ ᠰᠤᠷᠭᠠᠭᠤᠯᠢ᠎ᠵᠢᠨ ᠮᠡᠳᠡᠭᠳᠡᠯ ᠎ᠢ ᠬᠦᠷᠭᠡᠵᠦ ᠶᠠᠪᠤᠭ᠎ᠠ ᠶᠤᠮ ᠪᠤᠯᠪᠠ᠎ᠤᠤ ! ᠭᠡᠵᠦ ᠪᠤᠳᠤᠨ ᠴᠠᠳᠤᠪ ᠵᠠᠯᠠᠭᠤ ᠬᠦᠮᠦᠨ ᠰᠢᠭ ᠥᠨᠳᠡᠰᠬᠢᠨ ᠪᠤᠰᠬᠤ᠎ᠳᠦ ᠡᠪᠦᠳᠦᠭ᠎ᠵᠢᠡᠷ ᠨᠢ ᠬᠦᠢᠲᠡ ᠤᠷᠬᠢᠨ ᠱᠠᠷᠬᠢᠯ᠎ᠠ᠂ ᠲᠡᠭᠡᠭᠡᠳ ᠭᠡᠷ ᠤᠷᠤᠭᠤ᠎ᠪᠡᠨ ᠰᠢᠭᠤᠳᠬᠠᠨ ᠯᠠ ᠴᠢᠭᠯᠡᠪᠡ᠃ ᠮᠠᠰᠢᠨ᠎ᠤ ᠳᠠᠭᠤ ᠎ᠪᠡᠷ ᠨᠢᠮᠪᠠ ᠦᠵᠡᠵᠦ ᠪᠠᠢᠭᠰᠠᠨ ᠨᠤᠮ᠎ᠵᠢᠡᠨ ᠴᠢᠯᠠᠭᠤᠳᠠᠭᠠᠳ ᠨᠠᠭᠠᠰᠢᠯᠠᠵᠤ ᠶᠠᠪᠤᠭ᠎ᠠ ᠮᠠᠰᠢᠨ᠎ᠢ ᠠᠮᠠᠳᠠᠭᠠᠳ ᠭᠦᠶᠦᠴᠢᠬᠡᠮᠡᠷ ᠰᠠᠨᠠᠭᠳᠠᠨ᠎ᠠ᠃ ᠵᠠᠯᠬᠠᠭᠤᠲᠠᠢ ᠬᠡᠪᠲᠡᠵᠦ ᠪᠠᠢᠭᠰᠠᠨ ᠰᠢᠷ᠎ᠠ ᠨᠤᠬᠠᠢ᠎ᠴᠤ ᠤᠴᠤᠢᠵᠤ ᠰᠠᠭᠤᠭᠰᠠᠨ᠎ᠵᠢᠡᠨ ᠳᠤᠷ᠎ᠠ ᠲᠠᠢ ᠳᠤᠷ᠎ᠠ ᠦᠭᠡᠢ ᠬᠤᠶᠠᠷ ᠬᠤᠴᠠᠪᠠ᠃ ᠲᠡᠷᠡᠬᠡᠨ ᠭᠱᠠᠨ᠎ᠳᠦ ᠨᠢᠮᠪᠠ ᠨᠢᠭᠡ ᠯᠡ ᠲᠤᠭᠲᠠᠪᠤᠷᠢ ᠠᠯᠳᠠᠨ᠂ ᠪᠡᠶ᠎ᠡ ᠰᠡᠳᠬᠢᠯ ᠎ᠵᠢᠡᠨ ᠡᠵᠡᠮᠳᠡᠵᠦ ᠴᠢᠳᠠᠯ ᠦᠭᠡᠢ 《ᠰᠢᠯᠭᠠᠯᠲᠠ᠎ᠪᠡᠨ᠎ᠴᠤ ᠰᠠᠢᠨ ᠰᠢᠯᠭᠠᠭᠤᠯᠤᠭᠰᠠᠨ ᠶᠤᠮ ᠰᠠᠨ᠂ ᠶᠠᠮᠠᠷ ᠰᠤᠷᠭᠠᠭᠤᠯᠢ᠎ᠳᠦ ᠡᠯᠰᠡᠭᠳᠡᠭᠰᠡᠨ ᠪᠤᠯ ᠳᠠ? ᠦᠭᠡᠢ ᠶᠡᠷᠦ ᠨᠢ ᠠᠷᠠᠢ ᠯᠠ ᠬᠠᠶᠠᠭᠳᠠᠭᠰᠠᠨ ᠦᠭᠡᠢ ᠪᠢᠵᠡ ᠳᠡ᠃ ᠲᠡᠭᠡᠭᠡᠳ᠎ᠴᠤ ᠪᠢ ᠠᠩᠭᠢ ᠎ᠳᠠᠭᠠᠨ ᠬᠡᠳᠦᠳᠦᠬᠡᠷ ᠎ᠲᠦ ᠤᠷᠤᠭᠰᠠᠨ ᠪᠤᠯ ?》 ᠭᠡᠳ ᠰᠢᠯᠭᠠᠯᠲᠠ᠎ᠵᠢᠨ᠎ᠵᠢᠡᠨ ᠲᠤᠬᠠᠢ᠎ᠳᠦ ᠰᠢᠨᠠᠯᠵᠤ ᠰᠠᠭᠤᠯ᠎ᠠ᠃


nature-landscape-grasslands-plains.jpg


ᠥᠨᠥ ᠮᠠᠰᠢᠨ ᠭᠡᠷ ᠤᠷᠤᠭᠤ ᠤᠢᠷᠠᠳᠬᠤ ᠳᠤᠰᠤᠮ ᠴᠠᠳᠤᠪ ᠶᠠᠭᠠᠷᠠᠨ ᠲᠠᠪᠢ ᠭᠠᠷᠤᠭᠰᠠᠨ ᠬᠦᠮᠦᠨ ᠭᠡᠬᠦ ᠎ᠪᠡᠷ ᠦᠭᠡᠢ ᠬᠥᠩᠭᠡᠭᠡᠨ ᠠᠯᠬᠤᠯᠠᠨ᠎ᠠ᠃ ᠮᠠᠰᠢᠨ ᠭᠠᠳᠠᠭ᠎ᠠ ᠢᠷᠡᠲᠡᠯ᠎ᠡ ᠨᠢᠮᠪᠠ ᠰᠤᠮᠤ ᠎ᠵᠢᠨ ᠰᠢᠤᠳᠠᠨᠴᠢ ᠰᠦᠬᠡ ᠠᠬ᠎ᠠ᠎ᠶᠢ ᠶᠠᠭᠠᠬᠢᠯᠲᠠ ᠦᠭᠡᠢ ᠲᠠᠨᠢᠯ᠎ᠠ᠃ ᠰᠦᠬᠡ᠎ᠶᠢ ᠠᠮᠤᠷ ᠠᠰᠠᠭᠤᠬᠤ᠎ᠡᠴᠡ ᠤᠷᠢᠳᠠᠵᠤ᠄

— ᠨᠠᠳᠠ᠎ᠳᠦ ᠶᠠᠭᠤᠮ᠎ᠠ ᠢᠷᠡᠭᠰᠡᠨ᠎ᠤᠤ ? ᠭᠡᠵᠦ ᠪᠠᠴᠢᠮᠳᠠᠨ ᠦᠭᠦᠯᠡᠪᠡᠯ᠂ ᠰᠦᠬᠡ ᠬᠠᠷᠢᠨ ᠨᠢᠭᠤᠷ᠎ᠵᠢᠡᠨ ᠦᠷᠴᠢᠢᠯᠭᠡᠨ ᠢᠨᠢᠶᠡᠭᠡᠳ ᠳᠤᠤᠭᠠᠷᠤᠯ ᠦᠭᠡᠢ ᠭᠡᠷ᠎ᠲᠦ ᠤᠷᠤᠪᠠ᠃ ᠨᠢᠮᠪᠠ ᠡᠨᠡ᠎ᠬᠦ ᠢᠨᠢᠶᠡᠳᠦ ᠎ᠶᠢ ᠶᠡᠬᠡ ᠯᠡ ᠭᠠᠳᠠᠷᠯᠠᠵᠤ᠂ ᠲᠤᠳᠤᠷ᠎ᠠ᠎ᠪᠡᠨ ᠰᠡᠮ ᠪᠠᠶᠠᠷᠯᠠᠨ ᠠᠷᠤ᠎ᠡᠴᠡ ᠨᠢ ᠳᠠᠭᠠᠵᠤ ᠤᠷᠤᠯ᠎ᠠ᠃

ᠬᠤᠢᠮᠤᠷ᠎ᠲᠦ ᠥᠭᠡᠳᠡ ᠥᠭᠡᠳᠡ᠎ᠡᠴᠡ ᠨᠢ ᠵᠢᠰᠢᠭᠦᠦ ᠬᠠᠨᠳᠤᠭᠤᠯᠵᠤ ᠲᠠᠯᠪᠢᠭᠰᠠᠨ ᠬᠠᠯᠴᠠᠷᠬᠠᠢ ᠪᠤᠳᠤᠭ ᠲᠠᠢ ᠤᠯᠠᠭᠠᠨ ᠠᠪᠳᠠᠷ᠎ᠠ ᠎ᠵᠢᠨ ᠡᠮᠦᠨ᠎ᠡ ᠲᠠᠪᠠᠳᠠᠢ ᠵᠠᠪᠢᠯᠠᠵᠤ ᠰᠠᠭᠤᠭᠰᠠᠨ ᠎ᠵᠢᠡᠨ᠄

— ᠡᠪᠦᠭᠡ ᠴᠢᠨᠢ ᠬᠠᠮᠢᠭ᠎ᠠ ᠶᠠᠪᠤᠭᠰᠠᠨ ᠶᠤᠮ?  ᠭᠡᠳ ᠭᠡᠷ ᠲᠤᠳᠤᠷᠠᠬᠢ ᠲᠠᠪᠢᠯᠭ᠎ᠠ᠎ᠶᠢ ᠠᠯᠭᠤᠷᠬᠠᠨ ᠨᠢᠭᠡ ᠰᠢᠷᠪᠢᠵᠦ ᠬᠠᠷᠠᠭᠰᠠᠨ᠎ᠵᠢᠡᠨ ᠡᠭᠦᠷᠴᠦ ᠶᠠᠪᠤᠭ᠎ᠠ ᠪᠤᠭᠴᠤ ᠎ᠪᠡᠨ ᠠᠪᠴᠤ ᠲᠠᠯᠪᠢᠯ᠎ᠠ᠃

— ᠮᠠᠯ ᠎ᠤᠨ ᠵᠠᠬ᠎ᠠ᠎ᠳᠦ ᠭᠠᠷᠤᠭᠰᠠᠨ ᠡ ᠭᠡᠵᠦ ᠨᠢᠮᠪᠠ ᠬᠦᠯᠢᠶᠡᠵᠦ ᠶᠠᠳᠠᠭᠰᠠᠨ ᠭᠤᠷᠢᠳᠠᠯᠭ᠎ᠠ ᠲᠠᠢ ᠶᠠᠷᠢᠭᠠᠳ ᠰᠦᠬᠡ᠎ᠳᠦ ᠴᠠᠢ ᠪᠠᠷᠢᠯ᠎ᠠ᠃ ᠭᠠᠳᠠᠨ᠎ᠠ᠎ᠡᠴᠡ ᠬᠦᠯ ᠎ᠤᠨ ᠴᠢᠮᠡᠭᠡ᠂ ᠠᠭᠰᠠᠭᠠᠳᠠᠨ ᠬᠠᠨᠢᠶᠠᠬᠤ ᠳᠠᠭᠤ ᠵᠡᠷᠭᠡ ᠳᠤᠭᠤᠯᠳᠠᠬᠤ ᠰᠢᠬᠠᠭᠤ ᠪᠠᠷᠠᠭᠤᠨ ᠬᠠᠶᠠᠭᠠᠨ᠎ᠡᠴᠡ ᠬᠥᠭᠰᠢᠨ ᠨᠤᠬᠠᠢ ᠤᠬᠤᠰᠬᠢᠨ ᠪᠤᠰᠴᠤ ᠡᠵᠡᠨ᠎ᠤ᠎ᠪᠡᠨ ᠥᠭᠡᠳᠡ᠎ᠡᠴᠡ ᠰᠡᠭᠦᠯ ᠎ᠵᠢᠡᠨ ᠰᠢᠷᠪᠠᠵᠤ ᠡᠷᠬᠡᠯᠡᠨ ᠴᠠᠳᠤᠪ᠎ᠢ ᠳᠠᠭᠠᠨ ᠱᠤᠭᠰᠢᠪᠠ᠃ ᠴᠠᠳᠤᠪ ᠭᠡᠷ᠎ᠲᠦ ᠤᠷᠤᠭᠠᠳ ᠮᠠᠯᠠᠭᠠᠢ᠎ᠪᠡᠨ ᠠᠪᠴᠤ ᠬᠠᠨ᠎ᠠ᠎ᠵᠢᠨ ᠳᠤᠯᠤᠭᠠᠢ᠎ᠳᠦ ᠡᠯᠭᠦᠭᠰᠡᠨ᠎ᠵᠢᠡᠨ ᠰᠦᠬᠡ ᠲᠠᠢ ᠮᠡᠨᠳᠦᠴᠢᠯᠡᠪᠡ᠃ ᠨᠢᠮᠪᠠ ᠠᠶᠠᠭ᠎ᠠ ᠬᠦᠢᠲᠡᠨ ᠴᠠᠢ ᠡᠪᠦᠭᠡ᠎ᠳᠡᠭᠡᠨ ᠪᠠᠷᠢᠯ᠎ᠠ᠃ ᠭᠡᠷ᠎ᠲᠦ ᠭᠱᠠᠨ ᠵᠠᠭᠤᠷ᠎ᠠ ᠨᠠᠮ ᠪᠤᠯᠪᠠ᠃

ᠴᠠᠳᠤᠪ ᠤᠷᠤᠭᠰᠢ ᠎ᠪᠡᠨ ᠰᠢᠷᠡᠭᠡᠨ᠎ᠳᠦ ᠲᠥᠬᠥᠵᠦ ᠠᠶᠠᠭ᠎ᠠ᠎ᠪᠡᠨ ᠳᠠᠯᠪᠢᠭᠠᠳ᠄

— ᠵᠠ! ᠬᠦᠦ ᠮᠢᠨᠢ᠂ ᠬᠠᠮᠢᠭᠠᠰᠢ᠎ᠪᠡᠨ ᠶᠠᠮᠠᠷ ᠬᠡᠷᠡᠭ᠎ᠵᠢᠡᠷ ᠶᠠᠪᠤᠨ᠎ᠠ ᠪᠤᠢ? ᠭᠡᠵᠦ ᠨᠢᠮᠪᠠ᠎ᠵᠢᠨ ᠪᠤᠳᠤᠯ ᠎ᠢ ᠨᠡᠪᠲᠡ ᠬᠠᠷᠠᠭᠰᠠᠨ ᠰᠢᠭ᠋ ᠰᠢᠭᠤᠳᠬᠠᠨ ᠠᠰᠠᠭᠤᠯ᠎ᠠ᠃ ᠰᠦᠬᠡ ᠨᠥᠭᠥᠭᠡ ᠡᠭᠦᠷᠴᠦ ᠶᠠᠪᠤᠳᠠᠭ ᠰᠢᠤᠳᠠᠨᠴᠢ᠎ᠵᠢᠨ ᠪᠤᠭᠴᠤ ᠎ᠪᠡᠨ ᠠᠭᠤᠳᠠᠯᠵᠤ᠄

— ᠴᠠᠳᠤᠪ ᠭᠤᠸᠠᠢ᠎ᠴᠤ ᠮᠠᠩᠨᠠᠢ ᠲᠡᠨᠢᠢᠬᠦ ᠴᠠᠭ ᠢᠷᠡᠵᠦ ᠳᠠ᠃ ᠪᠥᠭᠡᠮ ᠪᠠᠶᠠᠷ ᠰᠢᠦ ! ᠭᠡᠳ ᠰᠤᠷᠭᠠᠭᠤᠯᠢ᠎ᠳᠦ ᠡᠯᠰᠡᠬᠦ ᠤᠯᠠᠭᠠᠨ ᠭᠠᠳᠠᠷ ᠲᠠᠢ ᠤᠷᠢᠯᠭ᠎ᠠ᠎ᠵᠢᠨ ᠪᠢᠴᠢᠭ᠎ᠢ ᠨᠢᠮᠪᠠ᠎ᠳᠦ ᠭᠠᠷᠳᠠᠭᠤᠯᠤᠭᠰᠠᠨ᠎ᠵᠢᠡᠨ᠄

—  ᠮᠠᠨ ᠎ᠤ ᠨᠢᠮᠪᠠ᠎ᠴᠤ ᠶᠤᠰᠤᠳᠠᠢ ᠭᠢᠯᠠᠷᠠᠭᠤᠯᠵᠤ ᠪᠠᠢᠨ᠎ᠠ ᠳᠠ᠃ ᠪᠦᠷ ᠲᠥᠪ ᠠᠢᠮᠠᠭ ᠎ᠲᠦ ᠤᠴᠢᠵᠤ ᠰᠤᠷᠤᠯᠴᠠᠨ᠎ᠠ ᠭᠡᠵᠦ᠂ ᠮᠠᠨ᠎ᠤ ᠬᠢ᠎ᠡᠴᠡ ᠤᠷᠢᠳᠤ ᠨᠢ ᠡᠢᠮᠦ ᠬᠦᠮᠦᠨ ᠭᠠᠷᠤᠭᠰᠠᠨ ᠲᠡᠦᠬᠡ ᠦᠭᠡᠢ ᠰᠢᠦ ᠭᠡᠵᠦ ᠬᠡᠯᠡᠭᠰᠡᠨ᠎ᠢ ᠨᠢ ᠤᠷᠢᠯᠭ᠎ᠠ᠎ᠵᠢᠨ ᠪᠢᠴᠢᠭ᠎ᠵᠢᠡᠨ ᠦᠵᠡᠭᠡᠳ ᠤᠬᠠᠭ᠎ᠠ ᠠᠯᠳᠠᠭᠰᠠᠨ ᠨᠢᠮᠪᠠ ᠲᠠᠭ ᠰᠤᠨᠤᠰᠤᠭᠰᠠᠨ ᠦᠭᠡᠢ᠃


mountains-landscape-nature-cows-livestock-grassland-scenic-scenery-风景-山脉.jpg


《ᠲᠤᠰ ᠰᠤᠷᠤᠭᠴᠢ᠎ᠶᠢ ᠰᠤᠷᠭᠠᠭᠤᠯᠢ᠎ᠡᠴᠡ ᠤᠨᠴᠠᠭᠠᠢᠯᠠᠨ ᠤᠷᠢᠪᠠ》 ᠭᠡᠰᠡᠨ ᠳᠤᠷᠠᠢᠭᠰᠠᠨ ᠪᠦᠳᠦᠭᠦᠨ ᠬᠠᠷ᠎ᠠ ᠦᠰᠦᠭ ᠤᠯᠠᠭᠠᠨ ᠲᠠᠮᠠᠭ᠎ᠠ᠎ᠶᠢ ᠨᠢ ᠬᠠᠷᠠᠬᠤ ᠲᠤᠰᠤᠮ ᠰᠡᠳᠬᠢᠯ ᠵᠢᠷᠦᠬᠡᠨ᠎ᠳᠤ ᠨᠢ ᠪᠠᠶᠠᠷ᠎ᠤᠨ ᠤᠴᠢ ᠳᠦᠷᠡᠯᠵᠡᠵᠦ᠂ ᠬᠥᠯ ᠨᠢ ᠬᠥᠩᠭᠡᠷᠡᠨ᠂ ᠤᠷᠮ᠎ᠠ ᠨᠢ ᠰᠡᠷᠭᠦᠨ ᠶᠤᠰᠤᠲᠠᠢ ᠯᠠ ᠶᠠᠪᠡᠭᠠᠨ᠎ᠵᠢᠡᠷ ᠰᠤᠮᠤ ᠤᠷᠤᠬᠤ ᠨᠢ ᠶᠠᠭᠤ᠎ᠴᠤ ᠪᠢᠰᠢ ᠮᠡᠳᠦ ᠪᠠᠢᠯ᠎ᠠ᠃ ᠨᠢᠮᠪᠠ ᠡᠪᠦᠭᠡ ᠤᠷᠤᠭᠤ ᠎ᠪᠡᠨ ᠬᠠᠷᠠᠨ ᠢᠨᠢᠶᠡᠳᠦ ᠠᠯᠳᠠᠪᠠ᠃ ᠤᠮᠪᠤᠯᠤ᠎ᠵᠢᠨ᠎ᠵᠢᠡᠨ ᠢᠩᠭᠢᠵᠦ ᠶᠡᠬᠡ ᠪᠠᠶᠠᠷᠯᠠᠵᠤ ᠪᠠᠢᠭ᠎ᠠ᠎ᠶᠢ ᠨᠢ ᠬᠠᠷᠠᠭᠰᠠᠨ ᠴᠠᠳᠤᠪ ᠭᠤᠸᠠᠢ ᠰᠡᠮᠬᠡᠨ ᠪᠠᠶᠠᠷᠯᠠᠨ᠎ᠠ᠃ ᠭᠡᠪᠡᠴᠦ ᠬᠤᠯᠠ᠎ᠵᠢᠨ ᠬᠤᠯᠠ ᠬᠦᠮᠦᠨ᠎ᠤ ᠭᠠᠵᠠᠷ ᠶᠠᠪᠤᠨ᠎ᠠ ᠭᠡᠬᠦ ᠎ᠳᠤ ᠯᠠ ᠨᠢᠳᠦ ᠨᠢ ᠬᠠᠷᠠᠩᠭᠤᠢᠯᠠᠨ ᠭᠠᠭᠴᠠᠭᠠᠷᠳᠠᠬᠤ ᠰᠢᠭ᠋ ᠪᠤᠯᠤᠨ᠎ᠠ᠃ ᠬᠥᠭᠡᠷᠦᠬᠦᠢ ᠤᠮᠪᠤᠯᠤ ᠮᠢᠨᠢ᠂ ᠬᠦᠮᠦᠨ᠎ᠤ ᠭᠠᠵᠠᠷ ᠶᠠᠭᠠᠬᠢᠳᠠᠭ ᠯᠠ ᠪᠤᠯ ᠳᠠ᠃ ᠥᠰᠴᠥ ᠲᠥᠷᠥᠭᠰᠡᠨ ᠥᠯᠥᠭᠡᠢ ᠨᠤᠲᠤᠭ᠎ᠵᠢᠡᠨ ᠬᠡᠨ ᠨᠢ᠎ᠴᠤ ᠭᠡᠰᠡᠨ ᠰᠠᠨᠠᠬᠤ ᠯᠠ ᠪᠠᠢᠬ᠎ᠠ ᠳᠠ᠃ ᠠᠯᠢ ᠨᠢᠭᠡ ᠡᠳᠦᠷ ᠡᠷᠭᠢᠭᠡᠳ ᠢᠷᠡᠬᠦ᠎ᠳᠤ ᠨᠢ ᠡᠵᠡᠭᠦᠢ ᠬᠠᠷ᠎ᠠ ᠪᠠᠭᠤᠳᠠᠯ ᠯᠠ ᠦᠯᠡᠳᠡᠵᠦ ᠬᠤᠴᠤᠷᠤᠭᠰᠠᠨ ᠪᠠᠢᠬᠤ ᠪᠤᠢ ᠳᠠ᠃ ᠲᠡᠭᠡᠬᠦ ᠎ᠳᠦ ᠨᠠᠳᠠ ᠎ᠳᠦ ᠶᠠᠳᠠᠵᠤ ᠤᠮᠪᠤᠯᠤ ᠎ᠳᠠᠭᠠᠨ ᠦᠯᠡᠳᠡᠭᠡᠴᠢᠬᠡᠬᠦ ᠤᠯᠢᠭᠲᠠᠢ ᠬᠥᠷᠥᠩᠭᠡ ᠬᠤᠭᠰᠢᠯ ᠎ᠴᠤ ᠭᠡᠮᠡᠷ ᠶᠠᠭᠤᠮ᠎ᠠ ᠪᠠᠢᠬᠤ ᠦᠭᠡᠢ ᠭᠡᠵᠦ ᠪᠤᠳᠤᠬᠤ᠎ᠡᠴᠡ᠎ᠪᠡᠨ ᠴᠠᠳᠤᠪ ᠪᠦᠷ ᠠᠶᠤᠬᠤ ᠰᠢᠭ᠋ ᠪᠤᠯᠪᠠ᠃ ᠪᠠᠶᠠᠰᠴᠤ ᠰᠠᠭᠤᠭᠠᠳ ᠡᠪᠦᠭᠡᠨ ᠎ᠤ ᠴᠢᠷᠠᠢ ᠲᠡᠷᠡᠬᠡᠨ᠎ᠵᠢᠡᠨ ᠬᠤᠪᠢᠰᠬᠢᠵᠤ᠂ ᠭᠡᠷ ᠲᠤᠳᠤᠷ᠎ᠠ ᠨᠠᠮᠵᠢᠭᠤᠨ ᠪᠤᠯᠤᠭᠰᠠᠨ᠎ᠢ ᠰᠦᠬᠡ ᠠᠵᠢᠵᠤ ᠭᠠᠷᠤᠯ᠎ᠠ᠃ ᠲᠡᠭᠡᠭᠰᠡᠨ᠎ᠴᠤ ᠰᠦᠬᠡ ᠪᠠᠶᠠᠷᠯᠠᠯᠳᠤᠨ ᠰᠠᠭᠤᠭ᠎ᠠ ᠡᠪᠦᠭᠡ ᠤᠮᠪᠤᠯᠤ ᠬᠤᠶᠠᠷ᠎ᠢ ᠬᠠᠷᠠᠨ ᠪᠠᠶᠠᠰᠴᠤ᠄

— ᠡᠨᠡ ᠵᠢᠯ ᠲᠠᠨ᠎ᠤ᠎ᠳᠦ ᠠᠮᠢᠳᠤᠷᠠᠯ᠎ᠤᠨ ᠳᠡᠳᠬᠦᠪᠦᠷᠢ ᠬᠠᠷᠠᠭᠠᠯᠵᠠᠭᠤᠯᠬᠤ ᠶᠤᠮ ᠭᠡᠰᠡᠨ ᠭᠡᠵᠦ ᠪᠤᠳᠤᠯ ᠎ᠳᠦ ᠠᠪᠳᠠᠨ ᠴᠢᠮᠡᠭᠡ ᠦᠭᠡᠢ ᠰᠠᠭᠤᠭ᠎ᠠ ᠴᠠᠳᠤᠪ᠎ᠤᠨ ᠰᠡᠳᠬᠢᠯ ᠎ᠢ ᠵᠠᠰᠠᠬᠤ ᠠᠶ᠎ᠠ ᠲᠠᠢ ᠦᠭᠡ ᠥᠳᠥᠪᠡ᠃

— ᠬᠠᠷᠢᠨ᠎ᠤᠤ? ᠶᠠᠭᠤᠨ ᠲᠠᠭᠠᠳᠠᠢ ᠶᠤᠮ᠃ ᠵᠥᠩᠳᠡᠭᠡᠨ ᠯᠡ ᠰᠠᠢᠨ ᠴᠢᠮᠡᠭᠡ ᠳᠤᠭᠤᠯᠭᠠᠵᠤ ᠢᠷᠡᠬᠦ ᠶᠤᠮ᠃ ᠰᠠᠢᠬᠠᠨ᠎ᠴᠤ ᠠᠵᠢᠯ ᠲᠠᠢ ᠬᠦᠦ ᠶᠤᠮ ᠰᠢᠦ! ᠭᠡᠵᠦ ᠰᠦᠬᠡ᠎ᠳᠦ ᠲᠠᠯᠠᠷᠬᠠᠬᠤ ᠠᠶ᠎ᠠ ᠲᠠᠢ ᠬᠠᠷᠢᠭᠤ ᠥᠴᠢᠪᠡ᠃

ᠳᠡᠳᠡ ᠬᠥᠭᠡᠷᠡᠯᠳᠦᠨ ᠪᠠᠶᠠᠷᠯᠠᠯᠳᠤᠵᠤ ᠰᠠᠭᠤᠲᠠᠯ᠎ᠠ ᠦᠳᠡ᠎ᠵᠢᠨ ᠨᠠᠷᠠᠨ ᠵᠡᠭᠦᠨᠰᠢ ᠳᠡᠰᠢᠵᠤ ᠪᠠᠢᠯ᠎ᠠ᠃ ᠰᠦᠬᠡ ᠴᠠᠭ᠎ᠵᠢᠡᠨ ᠬᠠᠷᠠᠭᠰᠠᠨ᠎ᠵᠢᠡᠨ ᠰᠢᠤᠳᠠᠨᠴᠢ᠎ᠵᠢᠨ ᠪᠤᠭᠴᠤ᠎ᠪᠡᠨ ᠮᠥᠷᠥᠪᠴᠢᠯᠡᠨ ᠴᠠᠳᠤᠪ ᠲᠠᠢ ᠲᠠᠯ᠎ᠠ ᠵᠠᠰᠠᠭᠠᠳ ᠶᠠᠪᠤᠬᠤ᠎ᠪᠡᠷ ᠭᠠᠷᠬᠤ᠎ᠳᠦ ᠨᠢᠮᠪᠠ ᠡᠪᠦᠭᠡ ᠲᠠᠢ᠎ᠪᠡᠨ ᠠᠷᠤ ᠠᠷᠤ᠎ᠡᠴᠡ᠎ᠪᠡᠨ ᠴᠤᠪᠤᠷᠠᠯᠳᠤᠨ ᠭᠠᠷᠴᠠᠭᠠᠪᠠ᠃ ᠰᠦᠬᠡ ᠮᠠᠰᠢᠨ᠎ᠳᠦ ᠭᠠᠷᠬᠤ ᠵᠠᠭᠤᠷ᠎ᠠ᠎ᠪᠡᠨ᠄

— ᠵᠠ᠂ ᠴᠠᠳᠤᠪ ᠭᠤᠸᠠᠢ ᠡ᠂ ᠰᠠᠢᠨ ᠰᠠᠭᠤᠵᠤ ᠪᠠᠢᠭᠠᠷᠠᠢ᠃ ᠨᠢᠮᠪᠡ ᠡ᠂ ᠡᠪᠦᠭᠡ᠎ᠳᠡᠭᠡᠨ ᠰᠠᠢᠨ ᠲᠤᠰᠠ ᠪᠤᠯᠤᠭᠠᠷᠠᠢ! ᠰᠤᠷᠭᠠᠭᠤᠯᠢ ᠎ᠳᠦ ᠤᠴᠢᠭᠠᠳ ᠪᠢᠴᠢᠭ ᠨᠤᠮ᠎ᠵᠢᠡᠨ ᠰᠠᠢᠨ ᠰᠤᠷᠤᠨ᠎ᠠ ᠰᠢᠦ ᠭᠡᠳ ᠮᠠᠰᠢᠨ᠎ᠵᠢᠡᠨ ᠳᠦᠷᠴᠢᠭᠢᠨᠡᠭᠦᠯᠦᠨ ᠬᠥᠳᠡᠯᠦᠯ᠎ᠡ᠃

ᠰᠦᠬᠡ᠎ᠶᠢ ᠦᠳᠡᠭᠡᠳ ᠭᠡᠷ᠎ᠲᠡᠭᠡᠨ ᠤᠷᠤᠭᠰᠠᠨ ᠴᠠᠳᠤᠪ ᠳᠠᠪᠤᠷ᠎ᠠ ᠲᠠᠢ ᠬᠦᠢᠲᠡᠨ ᠴᠠᠢ᠎ᠡᠴᠡ ᠵᠠᠯᠭᠢᠯᠠᠭᠠᠳ ᠲᠠᠮᠠᠬᠢ ᠎ᠪᠡᠨ ᠮᠠᠨᠠᠯᠵᠠᠭᠤᠯᠤᠨ᠎ᠠ᠃ ᠭᠡᠷ᠎ᠤᠨ ᠪᠠᠷᠠᠭᠤᠨ ᠲᠠᠯ᠎ᠠ᠎ᠳᠦ ᠨᠢᠮᠪᠡ ᠤᠯᠠᠭᠠᠨ ᠭᠠᠳᠠᠷ ᠲᠠᠢ ᠪᠢᠴᠢᠭ᠎ᠵᠢᠡᠨ ᠪᠠᠢᠨ ᠪᠠᠢᠨ ᠪᠠᠷᠢᠨ ᠰᠢᠨᠵᠢᠵᠦ ᠰᠠᠭᠤᠭᠰᠠᠨ᠎ᠵᠢᠡᠨ᠄

— ᠡᠪᠦᠭᠡ ᠡ᠂ ᠤᠷᠤᠢ᠎ᠵᠢᠨ ᠬᠤᠭᠤᠯᠠ ᠶᠠᠭᠤ ᠢᠳᠡᠬᠦ ᠪᠤᠢ? ᠭᠡᠵᠦ ᠳᠠᠢᠳᠬᠤᠷᠠᠭᠤᠯᠬᠤ ᠶᠠᠩᠵᠤᠳᠠᠢ ᠶᠠᠷᠢᠶ᠎ᠠ ᠡᠭᠦᠰᠬᠡᠬᠦ᠎ᠳᠦ᠄

— ᠥᠨᠥᠳᠥᠷ ᠤᠯᠠᠨ ᠪᠠᠶᠠᠷ ᠳᠠᠪᠬᠤᠴᠠᠭᠰᠠᠨ ᠥᠯᠵᠡᠢ ᠪᠡᠯᠭᠡᠲᠡᠢ ᠰᠠᠢᠨ ᠡᠳᠦᠷ ᠪᠠᠢᠨ᠎ᠠ᠃ ᠬᠤᠶᠠᠭᠤᠯᠠ᠎ᠪᠡᠨ ᠬᠡᠳᠦᠨ ᠶᠠᠰᠤ ᠪᠤᠴᠠᠯᠭᠠᠶ᠎ᠠ ᠳᠠ᠂ ᠥᠭᠡᠷ᠎ᠡ ᠶᠠᠭᠠᠬᠢᠵᠤ᠎ᠴᠤ ᠳᠡᠮᠳᠡᠭᠯᠡᠬᠦ ᠪᠤᠢ ᠭᠡᠵᠦ ᠤᠮᠪᠤᠯᠤ ᠎ᠵᠢᠨ᠎ᠵᠢᠡᠨ ᠪᠠᠶᠠᠷᠯᠠᠭᠰᠠᠨ ᠰᠡᠳᠬᠢᠯ ᠎ᠢ ᠬᠥᠷᠥᠭᠡᠬᠦ ᠦᠭᠡᠢ ᠯᠡ ᠭᠡᠮᠡᠨ ᠴᠢᠷᠮᠠᠢᠭᠰᠠᠨ᠎ᠤ ᠬᠢ ᠶᠤᠮ᠎ᠤᠤ᠂ ᠡᠰᠡᠭᠦᠯ᠎ᠡ ᠶᠠᠭᠤᠮ᠎ᠠ ᠪᠤᠳᠤᠵᠤ ᠲᠠᠢᠪᠤᠰᠢᠷᠠᠭᠰᠠᠨ ᠎ᠤ ᠬᠢ ᠶᠤᠮ᠎ᠤᠤ᠂ ᠶᠠᠭᠤ ᠎ᠴᠤ ᠪᠤᠯᠤᠭᠰᠠᠨ ᠢᠨᠢᠶᠡᠰᠬᠢᠨ ᠬᠠᠷᠢᠭᠤ ᠥᠴᠢᠭᠰᠡᠨ᠎ᠵᠢᠡᠨ ᠲᠠᠮᠠᠬᠢ᠎ᠪᠡᠨ ᠤᠨᠲᠠᠷᠠᠭᠠᠪᠠ᠃

ᠠᠭᠤᠯᠠ᠎ᠵᠢᠨ ᠰᠡᠭᠦᠳᠡᠷ ᠬᠡᠦᠰᠢᠯᠡᠵᠦ᠂ ᠡᠳᠦᠷᠵᠢᠨ ᠪᠡᠯᠴᠢᠭᠰᠡᠨ ᠰᠦᠷᠦᠭ ᠭᠡᠷ ᠤᠷᠤᠭᠤ ᠎ᠪᠡᠨ ᠡᠷᠭᠢᠵᠦ ᠠᠢᠰᠤᠢ᠃ ᠢᠷᠭᠠᠢᠲᠤ ᠎ᠵᠢᠨ ᠬᠥᠨᠳᠡᠢ᠎ᠳᠦ ᠡᠢᠮᠦ ᠨᠢᠭᠡᠨ ᠬᠥᠭᠰᠢᠨ ᠨᠢᠯᠬ᠎ᠠ ᠬᠤᠶᠠᠷ ᠬᠥᠭᠡᠷᠦᠯᠳᠦᠭᠰᠡᠭᠡᠷ᠂ ᠰᠤᠷᠭᠠᠭᠤᠯᠢ ᠎ᠳᠦ ᠡᠯᠰᠡᠬᠦ ᠤᠯᠠᠭᠠᠨ ᠭᠠᠳᠠᠷ ᠲᠠᠢ ᠤᠷᠢᠯᠭ᠎ᠠ ᠎ᠵᠢᠨ ᠪᠢᠴᠢᠭ ᠳᠡᠷᠭᠡᠳᠡ ᠨᠢ ᠮᠢᠰᠢᠪᠡᠯᠵᠡᠭᠰᠡᠭᠡᠷ᠁

(《ᠴᠤᠯᠮᠤᠨ ᠰᠤᠳᠤᠨ ᠦᠭᠦᠯᠡᠯᠭᠡ᠎ᠵᠢᠨ ᠰᠢᠯᠢᠮᠡᠯ》ᠨᠤᠮ ᠡᠴᠡ ᠰᠤᠩᠭᠤᠪᠠ)

ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号