



ᠨᠡᠢᠭᠡᠮ
✦2025ᠣᠨ᠎ᠳᠤ ᠪᠦᠬᠦ ᠤᠯᠤᠰ᠎ᠤᠨ ᠠᠮᠤ ᠪᠤᠳᠠᠭᠠᠨ᠎ᠤ
ᠤᠨᠠᠯᠲᠠ 14297.5 ᠳ᠋ᠦᠩᠰᠢᠭᠤᠷ ᠵᠢᠩ᠎ᠳᠦ ᠬᠦᠷᠴᠦ᠂ ᠳᠡᠭᠡᠷ᠎ᠡ ᠵᠢᠯ᠎ᠦᠨ ᠬᠢ᠎ᠡᠴᠡ 167.5 ᠳ᠋ᠦᠩᠰᠢᠭᠤᠷ ᠵᠢᠩ
ᠨᠡᠮᠡᠭᠳᠡᠵᠦ᠂ 1.2% ᠵᠢᠡᠷ ᠨᠡᠮᠡᠭᠳᠡᠵᠡᠢ᠃
✦ᠬᠠᠮᠢᠶ᠎ᠠ ᠪᠦᠬᠦᠢ ᠮᠡᠳᠡᠭᠡ᠎ᠶᠢ ᠦᠨᠳᠦᠰᠦᠯᠡᠪᠡᠯ᠂
ᠣᠲᠣᠬᠠᠨ ᠪᠣᠯᠲᠠᠯ᠎ᠠ ᠪᠥᠬᠥ ᠤᠯᠤᠰ᠎ᠤᠨ 31 ᠮᠤᠵᠢ(ᠥᠪᠡᠷᠲᠡᠭᠡᠨ
ᠵᠠᠰᠠᠬᠤ ᠣᠷᠣᠨ ᠂ ᠰᠢᠭᠤᠳ ᠬᠠᠷᠢᠶ᠎ᠠ ᠬᠣᠲᠠ)ᠴᠥᠮ
ᠬᠡᠦᠬᠡᠳ ᠪᠣᠢᠵᠢᠭᠤᠯᠬᠤ ᠨᠥᠬᠥᠪᠦᠷᠢ ᠳᠠᠷᠬᠠᠭᠠᠵᠤ᠂ ᠲᠠᠷᠬᠠᠭᠠᠭᠰᠠᠨ ᠬᠥᠮᠥᠨ᠎ᠦ ᠲᠣᠭ᠎ᠠ 2400 ᠲᠦᠮᠡ᠎ᠶᠢ
ᠳᠠᠪᠠᠵᠤ᠂ 2025 ᠣᠨ᠎ᠤ ᠬᠡᠦᠬᠡᠳ ᠪᠣᠢᠵᠢᠭᠤᠯᠬᠤ ᠨᠥᠬᠥᠪᠦᠷᠢ ᠳᠠᠷᠬᠠᠭᠠᠭᠰᠠᠨ ᠨᠣᠷᠮ᠎ᠠ 80% ᠣᠷᠴᠢᠮ᠎ᠳᠤ
ᠬᠦᠷᠴᠡᠢ᠃ 2026 ᠣᠨ᠎ᠤ ᠬᠡᠦᠬᠡᠳ ᠪᠣᠢᠵᠢᠭᠤᠯᠬᠤ ᠨᠥᠬᠥᠪᠦᠷᠢ ᠶ᠋ᠢ 1 ᠰᠠᠷ᠎ᠠ ᠶ᠋ᠢᠨ 5᠎ᠤ ᠡᠳᠦᠷ᠎ᠡᠴᠡ
ᠡᠬᠢᠯᠡᠨ ᠪᠥᠬᠥ ᠲᠠᠯ᠎ᠠ᠎ᠪᠠᠷ ᠴᠢᠯᠦᠭᠡᠲᠡᠢ ᠭᠤᠶᠤᠴᠢᠯᠠᠵᠤ ᠪᠤᠯᠤᠨ᠎ᠠ᠃
✦ᠤᠯᠤᠰ᠎ᠤᠨ ᠡᠮ᠎ᠦᠨ ᠪᠦᠯᠦᠭᠯᠡᠯ᠎ᠤᠨ ᠮᠡᠳᠡᠭᠡ ᠵᠢ
ᠦᠨᠳᠦᠰᠦᠯᠡᠪᠡᠯ᠂ ᠲᠤᠰ ᠪᠦᠯᠦᠭᠯᠡᠯ᠎ᠳᠤ ᠬᠠᠷᠢᠶᠠᠯᠠᠭᠳᠠᠬᠤ ᠴᠧᠩᠳᠦ᠋᠎ᠶᠢᠨ ᠠᠮᠢᠳᠤ ᠪᠣᠳᠠᠰ᠎ᠤᠨ ᠦᠢᠯᠡᠳᠬᠦᠨ
ᠤ᠋ ᠰᠤᠳᠤᠯᠭᠠᠨ᠎ᠤ ᠭᠠᠵᠠᠷ ᠪᠠ ᠳᠤᠮᠳᠠᠳᠤ ᠤᠯᠤᠰ᠎ᠤᠨ ᠠᠮᠢᠳᠤ ᠪᠣᠳᠠᠰ ᠤ᠋ᠨ ᠰᠤᠳᠤᠯᠭᠠᠨ᠎ᠤ ᠬᠦᠷᠢᠶᠡᠯᠡᠩ᠎ᠤᠨ
ᠬᠠᠮᠲᠤ ᠪᠠᠷ ᠰᠤᠳᠤᠯᠤᠨ ᠦᠢᠯᠡᠳᠦᠭᠰᠡᠨ ᠤᠯᠤᠰ᠎ᠤᠨ ᠳᠣᠲᠣᠭᠠᠳᠤ᠎ᠶᠢᠨ ᠠᠩᠬᠠᠳᠠᠭ᠍ᠴᠢ ᠳᠥᠷᠪᠡᠨ ᠸᠠᠯᠸᠨ᠋ᠲ ᠤ᠋ᠨ
ᠸᠠᠺᠼᠢᠨ ᠤᠯᠤᠰ᠎ᠤᠨ ᠡᠮ᠎ᠦᠨ ᠵᠦᠢᠯᠡᠰ᠎ᠦᠨ ᠬᠢᠨᠠᠯᠲᠠ ᠬᠠᠮᠢᠶᠠᠷᠤᠯᠲᠠ᠎ᠶᠢᠨ ᠲᠣᠪᠴᠢᠶ᠎ᠠ ᠡᠴᠠ ᠣᠯᠭᠣᠭᠰᠠᠨ
ᠠᠮᠢᠳᠤ ᠪᠣᠳᠠᠰ᠎ᠤᠨ ᠦᠢᠯᠡᠳᠬᠦᠨ ᠤ᠋ ᠭᠡᠷᠡᠴᠢ᠎ᠶᠢ ᠣᠯᠣᠭᠰᠠᠨ ᠪᠥᠭᠡᠳ ᠵᠠᠬ᠎ᠠ ᠳᠡᠯᠭᠡᠭᠦᠷ᠎ᠲᠦ
ᠪᠣᠷᠣᠯᠠᠭᠤᠯᠵᠤ ᠡᠬᠢᠯᠡᠪᠡ᠃
✦ᠣᠢᠷ᠎ᠠ᠎ᠳᠤ ᠬᠦᠳᠡᠭᠡ ᠠᠵᠤ ᠠᠬᠤᠢ ᠬᠥᠳᠡᠭᠡ
ᠲᠣᠰᠬᠣᠨ᠎ᠤ ᠶᠠᠮᠤᠨ ᠵᠡᠷᠭᠡ ᠣᠯᠠᠨ ᠰᠠᠯᠠᠭ᠎ᠠ ᠮᠥᠴᠢᠷ ᠬᠠᠮᠲᠤᠷᠠᠨ《ᠬᠥᠬᠡᠮᠥ᠋ᠷᠡᠨ᠎ᠦ
ᠭᠠᠬᠠᠢ ᠬᠠᠯᠢᠮᠤ᠎ᠶᠢ ᠠᠪᠤᠷᠠᠬᠤ ᠠᠵᠢᠯᠯᠠᠭᠠᠨ᠎ᠤ ᠲᠥᠯᠥᠪᠯᠡᠭᠡ (2026 ︱ 2035 ᠣᠨ)》 ᠶ᠋ᠢ ᠳᠠᠷᠤᠮᠠᠯᠯᠠᠨ ᠲᠠᠷᠬᠠᠭᠠᠵᠤ᠂ ᠬᠥᠬᠡᠮᠥ᠋ᠷᠡᠨ᠎ᠦ ᠭᠠᠬᠠᠢ ᠬᠠᠯᠢᠮᠤ᠎ᠶᠢᠨ ᠰᠢᠰᠲᠧᠮᠲᠦ
ᠴᠢᠨᠠᠷᠲᠠᠢ ᠬᠠᠮᠠᠭᠠᠯᠠᠯᠲᠠ᠎ᠶᠢ ᠬᠠᠮᠲᠤ᠎ᠪᠠᠷ ᠴᠢᠩᠭᠠᠳᠬᠠᠬᠤ ᠪᠣᠯᠣᠨ᠎ᠠ᠃
✦ᠮᠠᠨ᠎ᠤ ᠤᠯᠤᠰ᠎ᠤᠨ ᠰᠢᠨᠵᠢᠯᠡᠬᠦ ᠤᠬᠠᠭᠠᠨᠲᠠᠨ
ᠪᠤᠭᠤᠲᠤ ᠬᠣᠲᠠ᠎ᠶᠢᠨ ᠪᠠᠶᠠᠠᠠᠤᠪᠤᠭ᠎ᠠ ᠠᠭᠤᠷᠬᠠᠢ᠎ᠶᠢᠨ ᠣᠷᠣᠨ᠎ᠠᠴᠠ ᠣᠢᠷ᠎ᠠ᠎ᠳᠤ ᠬᠣᠶᠠᠷ ᠵᠦᠢᠯ᠎ᠦᠨ ᠰᠢᠨ᠎ᠡ
ᠡᠷᠦᠳᠡᠰᠦ᠎ᠶᠢ ᠢᠯᠡᠷᠡᠭᠦᠯᠵᠦ᠂ ᠣᠯᠠᠨ ᠤᠯᠤᠰ᠎ᠤᠨ ᠡᠷᠦᠳᠡᠰᠦ ᠰᠤᠳᠤᠯᠤᠯ ᠤ᠋ᠨ ᠨᠡᠢᠭᠡᠮᠯᠢᠭ᠎ᠦᠨ ᠰᠢᠨ᠎ᠡ
ᠡᠷᠦᠳᠡᠰᠦ᠎ᠶᠢ ᠨᠡᠷᠡᠢᠳᠬᠦ ᠪᠠ ᠲᠥᠷᠥᠯ ᠬᠤᠪᠢᠶᠠᠬᠤ ᠲᠤᠰᠬᠠᠢ ᠮᠡᠷᠭᠡᠵᠢᠯ᠎ᠦᠨ ᠺᠣᠮᠢᠰ᠎ᠤᠨ
ᠰᠢᠯᠭᠠᠷᠠᠭᠤᠯᠤᠯᠲᠠ᠎ᠪᠠᠷ ᠳᠡᠮᠵᠢᠨ ᠵᠢᠩᠬᠢᠨᠢ ᠪᠡᠷ ᠨᠡᠷᠡᠢᠳᠪᠡ᠃ ᠡᠨᠡ ᠪᠣᠯ ᠲᠣᠰ ᠠᠭᠤᠷᠬᠠᠢ᠎ᠶᠢᠨ
ᠣᠷᠣᠨ᠎ᠳ᠋ᠤ 2025 ᠣᠨ᠎ᠤ 12 ᠰᠠᠷ᠎ᠠ᠎ᠶᠢᠨ ᠰᠡᠭᠦᠯᠴᠢ ᠪᠣᠯᠲᠠᠯ᠎ᠠ ᠢᠯᠡᠷᠡᠭᠦᠯᠦᠭᠰᠡᠨ ᠪᠥᠭᠡᠳ
ᠨᠡᠷᠡᠢᠳᠦᠭᠰᠡᠨ 26 ᠪᠠ 27 ᠳ᠋ᠤᠭᠠᠷ ᠰᠢᠨ᠎ᠡ ᠡᠷᠦᠳᠡᠰᠦ ᠪᠣᠯᠣᠨ᠎ᠠ᠃
✦2026 ᠣᠨ᠎ᠳᠤ ᠥᠪᠥᠷ ᠮᠣᠩᠭᠣᠯ《ᠠᠷᠠᠳ᠎ᠤᠨ ᠠᠮᠢᠳᠤᠷᠠᠯ᠎ᠤᠨ ᠠᠷᠪᠠᠨ ᠶᠡᠬᠡ ᠢᠨᠵᠧᠨᠧᠷᠢᠩ》᠎ᠢ᠋ ᠬᠡᠷᠡᠭᠵᠢᠭᠦᠯᠬᠦ᠎ᠪᠡᠷ ᠪᠠᠢᠨ᠎ᠠ᠃ ᠪᠣᠳᠠᠲᠠᠢ᠎ᠪᠠᠷ ᠬᠡᠯᠡᠪᠡᠯ ᠬᠤᠲᠠ ᠬᠥᠳᠡᠭᠡ᠎ᠶᠢᠨ ᠰᠠᠭᠤᠭᠠᠯᠢ
ᠠᠷᠠᠳ᠎ᠤᠨ ᠣᠷᠣᠯᠭ᠎ᠠ᠎ᠶᠢ ᠨᠡᠮᠡᠭᠳᠡᠭᠦᠯᠬᠦ᠂ ᠠᠵᠢᠯ᠎ᠤᠨ ᠪᠠᠢᠷᠢ᠎ᠶᠢ ᠲᠣᠭᠲᠠᠪᠤᠷᠢᠵᠢᠭᠤᠯᠤᠨ ᠪᠠᠭᠲᠠᠭᠠᠮᠵᠢ᠎ᠶᠢ
ᠥᠷᠭᠡᠳᠬᠡᠨ ᠶᠠᠰᠤ ᠴᠢᠨᠠᠷ᠎ᠢ ᠳᠡᠭᠡᠭᠰᠢᠯᠡᠭᠦᠯᠬᠦ᠂ ᠰᠤᠷᠭᠠᠨ ᠬᠥᠮᠦᠵᠢᠯ ᠵᠢᠭᠠᠨ ᠰᠤᠷᠭᠠᠯᠲᠠ᠎ᠶᠢᠨ ᠶᠠᠰᠤ ᠴᠢᠨᠠᠷ᠎ᠢ
ᠳᠡᠭᠡᠭᠰᠢᠯᠡᠭᠦᠯᠬᠦ᠂ ᠡᠮ ᠡᠮᠨᠡᠯᠭᠡ ᠡᠷᠡᠭᠦᠯ ᠬᠠᠮᠠᠭᠠᠯᠠᠯ᠎ᠤᠨ ᠬᠠᠮᠢᠶᠠᠷᠤᠯᠲᠠ ᠶ᠋ᠢᠨ ᠦᠢᠯᠡᠴᠢᠯᠡᠭᠡ᠂ ᠨᠠᠰᠤᠵᠢᠯ᠎ᠤᠨ
ᠦᠨᠳᠦᠰᠦᠨ ᠦᠢᠯᠡᠴᠢᠯᠡᠭᠡᠨ᠎ᠦ ᠰᠢᠰᠲᠧᠮ᠎ᠢ ᠰᠢᠯᠢᠳᠡᠭᠵᠢᠭᠦᠯᠬᠦ᠂ ᠦᠷᠡᠵᠢᠯ᠎ᠦᠨ ᠨᠥᠬᠥᠷᠰᠡᠭ ᠬᠡᠯᠪᠡᠷᠢ᠎ᠶᠢᠨ ᠨᠡᠢᠭᠡᠮ᠎ᠦᠨ
ᠪᠠᠢᠭᠤᠯᠤᠯᠲᠠ᠂ ᠵᠠᠮ ᠬᠠᠷᠢᠯᠴᠠᠭ᠎ᠠ᠎ᠶᠢ ᠰᠠᠭᠠᠳ ᠦᠭᠡᠢ ᠨᠡᠪᠲᠡᠷᠡᠭᠦᠯᠬᠦ᠂ ᠵᠥᠷᠢᠴᠡᠯ ᠵᠠᠭᠤᠷᠠᠯᠳᠤᠭᠠᠨ᠎ᠢ ᠤᠯᠠᠨ
ᠡᠰᠢᠵᠢᠭᠦᠯᠦᠨ ᠰᠢᠢᠳᠪᠦᠷᠢᠯᠡᠬᠦ᠂ ᠬᠡᠷᠡᠭᠯᠡᠭᠴᠢᠳ᠎ᠦᠨ ᠡᠷᠬᠡ ᠠᠰᠢᠭ᠋᠎ᠢ ᠬᠠᠮᠠᠭᠠᠯᠠᠬᠤ᠂ ᠬᠤᠲᠠ ᠬᠥᠳᠡᠭᠡ᠎ᠶᠢᠨ
ᠣᠷᠣᠰᠢᠨ ᠰᠠᠭᠤᠬᠤ ᠣᠷᠴᠢᠨ ᠨᠥᠬᠥᠴᠡᠯ᠎ᠢ ᠰᠠᠢᠵᠢᠷᠠᠭᠤᠯᠬᠤ ᠵᠡᠷᠭᠡ ᠪᠠᠭᠲᠠᠨ᠎ᠠ᠃
✦2026 ᠣᠨ᠎ᠤ 1 ᠰᠠᠷ᠎ᠠ᠎ᠶᠢᠨ 1᠎ᠦ ᠡᠳᠦᠷ᠎ᠡᠴᠡ
ᠡᠬᠢᠯᠡᠨ ᠥᠪᠥᠷ ᠮᠣᠩᠭᠣᠯ ᠤ᠋ᠨ ᠳᠣᠲᠣᠭᠠᠳᠤ᠎ᠶᠢ ᠬᠠᠮᠠᠭᠠᠯᠠᠬᠤ ᠲᠢᠩᠬᠢᠮ᠎ᠦᠨ ᠵᠠᠮ ᠬᠠᠷᠢᠯᠴᠠᠭᠠᠨ᠎ᠤ
ᠬᠠᠮᠢᠶᠠᠷᠤᠯᠲᠠ᠎ᠶᠢᠨ ᠶᠡᠷᠦᠩᠬᠡᠢ ᠠᠩᠭᠢ 5 ᠵᠦᠢᠯ᠎ᠦᠨ ᠵᠠᠮ ᠬᠠᠷᠢᠯᠴᠠᠭᠠᠨ᠎ᠤ ᠬᠠᠮᠢᠶᠠᠷᠤᠯᠲᠠ᠎ᠶᠢᠨ
ᠥᠭᠡᠷᠡᠴᠢᠯᠡᠯᠲᠡ᠎ᠶᠢᠨ ᠠᠷᠠᠳ ᠲᠦ᠍ ᠳᠦᠬᠦᠮ ᠦᠵᠡᠬᠦᠯᠬᠦ ᠰᠢᠨ᠎ᠡ ᠠᠷᠭ᠎ᠠ ᠬᠡᠮᠵᠢᠶ᠎ᠡ᠎ᠶᠢ ᠬᠡᠷᠡᠭᠵᠢᠭᠦᠯᠪᠡ᠃
✦ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠦᠪᠵᠢᠭᠦᠯᠭᠡ᠎ᠶᠢᠨ
ᠬᠤᠭᠤᠴᠠᠭᠠᠨ ᠳ᠋ᠤ᠂ ᠲᠦᠨᠭᠯᠢᠶᠤᠤ ᠬᠣᠲᠠ ᠬᠥᠳᠡᠭᠡ ᠲᠣᠰᠬᠣᠨ᠎ᠤ ᠵᠠᠰᠠᠮᠠᠯ ᠵᠠᠮ᠎ᠢ ᠨᠡᠶ᠋ᠢᠲᠡ 1387 ᠺᠢᠯᠣᠮᠧᠲᠷ
ᠰᠢᠨ᠎ᠡ᠎ᠪᠡᠷ ᠵᠠᠰᠠᠭᠰᠠᠨ ᠪᠠ ᠵᠠᠰᠠᠨ ᠰᠢᠨᠡᠳᠬᠡᠵᠦ᠂ ᠪᠦᠬᠦ ᠬᠤᠲᠠ᠎ᠶᠢᠨ ᠵᠠᠰᠠᠮᠠᠯ ᠵᠠᠮ᠎ᠤᠨ ᠲᠡᠷᠭᠡ ᠨᠡᠪᠲᠡᠷᠡᠭᠰᠡᠨ
ᠶᠡᠷᠦᠩᠬᠡᠢ ᠤᠷᠳᠤ 2.32 ᠲᠦᠮᠡᠨ ᠺᠢᠯᠣᠮᠧᠲᠷ᠎ᠲᠦ ᠬᠥᠷᠪᠡ᠃
ᠠᠵᠦ ᠠᠬᠤᠢ
✦ᠣᠢᠷ᠎ᠠ᠎ᠳᠤ ᠡᠳ᠋᠎ᠦᠨ ᠵᠠᠰᠠᠭ᠎ᠤᠨ ᠶᠠᠮᠤᠨ᠂
ᠬᠤᠳᠠᠯᠳᠤᠭᠠᠨ᠎ᠤ ᠶᠠᠪᠤᠳᠠᠯ ᠤ᠋ᠨ ᠶᠠᠮᠤᠨ᠂ ᠭᠠᠢᠯᠢ᠎ᠶᠢᠨ ᠶᠠᠪᠤᠳᠠᠯ᠎ᠤᠨ ᠶᠡᠷᠦᠩᠬᠡᠢ ᠲᠣᠪᠴᠢᠶ᠎ᠠ ᠬᠠᠮᠲᠤᠷᠠᠨ
ᠮᠡᠳᠡᠭᠳᠡᠯ ᠳᠠᠷᠤᠮᠠᠯᠯᠠᠨ ᠲᠠᠷᠬᠠᠭᠠᠵᠤ᠂ ᠬᠡᠷᠡᠭᠯᠡᠭᠴᠢᠳ᠎ᠦᠨ ᠲᠠᠸᠠᠷ ᠪᠠ ᠦᠢᠯᠡᠴᠢᠯᠡᠭᠡ ᠬᠤᠳᠠᠯᠳᠤᠨ
ᠠᠪᠤᠭᠠᠳ ᠣᠯᠣᠭᠰᠠᠨ ᠭᠠᠢᠯᠢ ᠵᠢᠨ ᠪᠠᠷᠢᠮᠲᠠ᠎ᠠᠴᠠ ᠱᠠᠩᠨᠠᠯ ᠰᠤᠭᠤᠯᠬᠤ ᠠᠵᠢᠯᠯᠠᠭ᠎ᠠ ᠵᠣᠬᠢᠶᠠᠨ
ᠪᠠᠢᠭᠤᠯᠤᠨ᠎ᠠ ᠭᠡᠵᠡᠢ᠃᠂ ᠡᠨᠡ ᠨᠢ ᠵᠢᠵᠢᠭᠯᠡᠨ ᠬᠤᠳᠠᠯᠳᠤᠬᠤ᠂ ᠬᠣᠭᠣᠯᠠ ᠤᠮᠳᠠ᠂ ᠬᠣᠨᠣᠭ ᠪᠠᠭᠤᠳᠠᠯ ᠵᠡᠷᠭᠡ
ᠬᠦᠷᠢᠶᠡᠨ᠎ᠳᠦ ᠪᠣᠳᠠᠲᠠᠢ ᠬᠣᠯᠪᠣᠭᠳᠠᠵᠤ᠂ 6 ᠰᠠᠷ᠎ᠠ ᠦᠷᠬᠦᠯᠵᠢᠯᠡᠨ᠂ 50 ᠣᠷᠴᠢᠮ ᠲᠤᠷᠰᠢᠯᠲᠠ ᠶ᠋ᠢᠨ
ᠴᠡᠭ᠎ᠤᠨ ᠬᠣᠲᠠ᠎ᠳᠤ ᠥᠷᠨᠢᠭᠦᠯᠦᠨ᠎ᠡ᠃
✦ᠲᠦᠷᠦᠭᠦᠬᠡᠨ ᠥᠪᠥᠷ ᠮᠣᠩᠭᠣᠯ᠎ᠤᠨ
ᠬᠤᠳᠠᠯᠳᠤᠭᠠᠨ᠎ᠤ ᠶᠠᠪᠤᠳᠠᠯ᠎ᠤᠨ ᠲᠢᠩᠬᠢᠮ《ᠥᠪᠥᠷ ᠮᠣᠩᠭᠣᠯ᠎ᠤᠨ
ᠥᠪᠡᠷᠲᠡᠭᠡᠨ ᠵᠠᠰᠠᠬᠤ ᠣᠷᠣᠨ᠎ᠤ 2026 ᠣᠨ᠎ᠤ ᠮᠠᠰᠢᠨ ᠲᠡᠷᠭᠡ᠎ᠶᠢᠨ ᠬᠠᠭᠤᠴᠢᠨ᠎ᠢᠶᠠᠷ ᠰᠢᠨ᠎ᠡ᠎ᠶᠢ ᠰᠣᠯᠢᠬᠤ
ᠨᠥᠬᠥᠪᠦᠷᠢ ᠶ᠋ᠢᠨ ᠲᠥᠷᠥ᠎ᠶᠢᠨ ᠪᠣᠳᠣᠯᠭ᠎ᠠ᠎ᠶᠢ ᠬᠡᠷᠡᠭᠵᠢᠭᠦᠯᠬᠦ ᠲᠤᠬᠠᠢ ᠠᠯᠪᠠᠨ ᠵᠠᠷᠯᠠᠯ》ᠨᠡᠢᠲᠡᠯᠡᠵᠦ᠂ 2026 ᠣᠨ᠎ᠤ 1 ᠰᠠᠷ᠎ᠠ᠎ᠶᠢᠨ 1᠎ᠦ ᠡᠳᠦᠷ᠎ᠡᠴᠡ ᠡᠬᠢᠯᠡᠨ ᠮᠠᠰᠢᠨ
ᠲᠡᠷᠭᠡ᠎ᠶᠢ ᠬᠡᠷᠡᠭᠯᠡᠭᠡᠨ᠎ᠡᠴᠡ ᠭᠠᠷᠭᠠᠵᠤ ᠰᠢᠨᠡᠳᠬᠡᠬᠦ ᠲᠥᠷᠥ᠎ᠶᠢᠨ ᠪᠣᠳᠣᠯᠭ᠎ᠠ᠎ᠶᠢ ᠡᠬᠢᠯᠡᠨ
ᠬᠡᠷᠡᠭᠵᠢᠬᠦᠯᠪᠡ᠃
✦ ᠬᠤᠪᠴᠠᠰᠤ ᠬᠤᠨᠠᠷ ᠵᠡᠷᠭᠡ ᠡᠳᠦᠷ ᠲᠤᠲᠤᠮ᠎ᠤᠨ ᠬᠡᠷᠡᠭᠯᠡᠭᠡᠨ᠎ᠦ
ᠪᠠᠷᠠᠭ᠎ᠠ ᠵᠢ ᠲᠡᠭᠡᠭᠡᠭᠰᠠᠨ ᠮᠠᠰᠢᠡ ᠲᠦᠷᠦᠭᠦᠬᠡᠨ ᠡᠷᠢᠶᠡᠨ
ᠬᠣᠲᠠ᠎ᠶᠢᠨ ᠬᠢᠯᠢ᠎ᠶᠢᠨ ᠠᠷᠠᠳ ᠤ᠋ᠨ ᠵᠠᠬ᠎ᠠ ᠳᠡᠯᠭᠡᠭᠦᠷ᠎ᠦᠨ ᠠᠷᠠᠯᠵᠢᠶᠠᠨ᠎ᠤ ᠲᠣᠭᠣᠷᠢᠭ᠋᠎ᠠᠴᠠ ᠭᠠᠷᠤᠭᠰᠠᠨ
ᠨᠢ ᠡᠷᠢᠶᠡᠨ ᠬᠣᠲᠠ᠎ᠶᠢᠨ ᠬᠢᠯᠢ᠎ᠶᠢᠨ ᠠᠷᠠᠳ᠎ᠤᠨ ᠵᠠᠬ᠎ᠠ ᠳᠡᠯᠭᠡᠭᠦᠷ᠎ᠦᠨ ᠠᠷᠠᠯᠵᠢᠶᠠᠨ ᠤ᠋ ᠲᠤᠭᠤᠷᠢᠭ᠎ᠤᠨ ᠭᠠᠳᠠᠭᠠᠳᠤ᠎ᠳᠤ
ᠭᠠᠷᠭᠠᠬᠤ ᠲᠤᠬᠠᠢᠯᠠᠭᠰᠠᠨ ᠠᠵᠢᠯ᠎ᠤᠨ ᠲᠤᠷᠰᠢᠯᠲᠠ ᠳᠠᠭᠤᠰᠴᠤ᠂ ᠭᠠᠳᠠᠭᠠᠳᠤ᠎ᠠᠴᠠ ᠣᠷᠣᠭᠤᠯᠵᠤ ᠭᠠᠳᠠᠭᠠᠳᠤ᠎ᠳᠤ
ᠭᠠᠷᠭᠠᠬᠤ ᠲᠤᠬᠠᠢᠯᠠᠭᠰᠠᠨ ᠠᠵᠢᠯ᠎ᠤᠨ《ᠬᠣᠣᠰ ᠵᠠᠮ》᠎ᠢ ᠵᠡᠷᠭᠡ ᠪᠡᠷ ᠶᠠᠪᠤᠭᠤᠯᠬᠤ ᠵᠠᠭᠪᠤᠷ ᠨᠡᠭᠡᠭᠡᠭᠳᠡᠭᠰᠡᠨᠢ ᠬᠠᠷᠠᠭᠤᠯᠵᠤ ᠪᠠᠢᠨ᠎ᠠ᠃
ᠰᠤᠶᠤᠯ
✦1 ᠰᠠᠷ᠎ᠠ᠎ᠶᠢᠨ 1᠎ᠦ ᠡᠳᠦᠷ᠎ᠡᠴᠡ ᠡᠬᠢᠯᠡᠨ᠂
ᠤᠯᠤᠰ᠎ᠤᠨ ᠷᠠᠳᠢᠣ᠋ ᠲᠧᠯᠸᠢᠰ᠎ᠦᠨ ᠶᠡᠷᠦᠩᠬᠡᠢ ᠲᠣᠪᠴᠢᠶ᠎ᠠ ᠪᠥᠬᠥ ᠤᠯᠤᠰ᠎ᠤᠨ ᠬᠡᠪᠴᠢᠶᠡᠨ᠎ᠳᠦ ᠨᠢᠭᠡ
ᠰᠠᠷ᠎ᠠ᠎ᠶᠢᠨ ᠬᠤᠭᠤᠴᠠᠭ᠎ᠠ᠎ᠲᠠᠢ ᠲᠤᠰᠬᠠᠢ ᠴᠡᠭᠴᠡᠯᠡᠯᠳᠡ ᠵᠢᠨ ᠠᠵᠢᠯᠯᠠᠭ᠎ᠠ ᠥᠷᠨᠢᠭᠦᠯᠵᠦ᠂ ᠳᠥᠷᠪᠡᠨ ᠶᠡᠬᠡ
ᠨᠠᠷᠠᠲᠤ ᠪᠦᠲᠦᠭᠡᠯ᠂ ᠲᠡᠦᠬᠡ᠎ᠶᠢᠨ ᠰᠡᠳᠦᠪ ᠪᠡ ᠬᠤᠪᠢᠰᠬᠠᠯ᠎ᠤᠨ ᠰᠡᠳᠦᠪ ᠲᠡᠢ᠂ ᠪᠠᠭᠠᠲᠤᠷ ᠵᠢᠱ᠌ᠢᠶᠡᠴᠢ
ᠵᠡᠷᠭᠡ ᠵᠢᠨ ᠲᠧᠯᠸᠢᠰ ᠵᠦᠴᠦᠭᠡ᠎ᠶᠢᠨ ᠪᠦᠲᠦᠭᠡᠯ᠎ᠳᠦ ᠰᠠᠭᠤᠷᠢᠯᠠᠨ 《AI ᠥᠭᠡᠷᠡᠴᠢᠯᠡᠯᠲᠡ》ᠬᠢᠭᠰᠡᠨ ᠸᠢᠳᠢᠤ᠋᠎ᠶᠢ
ᠭᠣᠣᠯᠳᠠᠯᠭ᠎ᠠ᠎ᠲᠠᠢ ᠴᠡᠪᠡᠷᠯᠡᠬᠦ ᠪᠠᠷ ᠪᠤᠢ᠃
✦ᠤᠢᠷ᠎ᠠ ᠳ᠋ᠤ ᠳᠡᠭᠦᠯᠢᠯᠲᠡ 2026 ᠥᠪᠥᠷ ᠮᠣᠩᠭᠣᠯ᠎ᠤᠨ
ᠷᠠᠳᠢᠣ᠋ ᠲᠧᠯᠸᠢᠰ ᠬᠣᠷᠢᠶ᠎ᠠ᠎ᠶᠢᠨ ᠮᠣᠩᠭᠣᠯ ᠬᠡᠯᠡᠨ᠎ᠦ ᠤᠳᠬ᠎ᠠ ᠤᠷᠠᠯᠢᠭ᠋᠎ᠤᠨ ᠣᠨᠴᠠᠭᠠᠶ ᠫᠷᠣᠭ᠌ᠷᠠᠮ ᠤ᠋ᠨ ᠳᠤᠮᠳᠠ
ᠪᠦᠰᠡ ᠨᠤᠲᠤᠭ᠎ᠤᠨ ᠬᠤᠪᠢᠶᠠᠷᠢ ᠲᠠᠯᠠᠪᠠᠢ ᠪᠤᠯᠬᠤ ᠮᠣᠷᠢᠨ᠎ᠤ ᠰᠡᠳᠦᠪᠲᠦ ᠲᠤᠰᠬᠠᠢ ᠲᠣᠭᠯᠠᠯᠲᠠ᠎ᠶᠢ ᠰᠢᠩᠭᠡᠬᠡᠵᠦ
ᠳᠠᠭᠤᠰᠬᠠᠯ᠎ᠠ᠃ ᠲᠤᠰ ᠲᠠᠯᠠᠪᠠᠢ ᠲᠣᠭᠯᠠᠯᠲᠠ ᠨᠢ ᠠᠳᠤᠭᠤᠴᠢᠨ ᠠᠰᠤᠷᠤ᠎ᠶᠢᠨ ᠨᠠᠢᠷᠠᠯ᠂ ᠮᠣᠷᠢᠨ᠎ᠤ ᠲᠤᠬᠠᠢ ᠠᠷᠠᠳ᠎ᠤᠨ
ᠳᠠᠭᠤᠤ᠂ ᠰᠢᠨ᠎ᠡ᠎ᠪᠡᠷ ᠵᠣᠬᠢᠶᠠᠭᠳᠠᠭᠰᠠᠨ ᠵᠣᠬᠢᠶᠠᠯ᠎ᠤᠨ ᠳᠠᠭᠤᠤ ᠪᠠ ᠮᠣᠷᠢᠨ᠎ᠤ ᠲᠤᠬᠠᠢ ᠢᠷᠦᠭᠡᠯ ᠮᠠᠭᠲᠠᠭᠠᠯ
ᠵᠡᠷᠭᠡ ᠠᠭᠤᠯᠭ᠎ᠠ ᠪᠦᠬᠦᠢ 22 ᠲᠣᠭᠯᠠᠯᠲᠠ᠎ᠪᠠᠷ ᠪᠦᠷᠢᠯᠳᠦᠵᠦ᠂ ᠴᠠᠭᠠᠨ ᠰᠠᠷ᠎ᠠ ᠵᠢᠨ ᠬᠤᠭᠤᠴᠠᠭᠠᠨ ᠳ᠋ᠤ
ᠦᠵᠡᠭᠴᠢᠳ ᠲᠠᠢ ᠵᠤᠯᠭᠠᠬᠤ ᠪᠤᠯᠤᠨ᠎ᠠ᠃
✦《ᠮᠢᠩᠭᠠᠨ ᠣᠨ᠎ᠤ ᠰᠣᠳᠣᠨ ᠴᠤᠤᠷᠢᠶ᠎ᠠ ᠡᠷᠢᠨ ᠴᠠᠭ᠎ᠤᠨ
ᠢᠷᠠᠭᠤ ᠡᠭᠡᠰᠢᠭ》 ᠭᠡᠮᠡᠬᠦ ᠭᠤᠷᠪᠠᠳᠤᠭᠠᠷ ᠬᠤᠭᠤᠴᠠᠭᠠᠨ ᠤ᠋ 《ᠣᠷᠳᠣᠰ ᠬᠦᠷᠦ ᠳᠠᠭᠤᠤ》᠎ᠶ᠋ᠢᠨ ᠤᠷᠠᠯᠢᠭ᠋᠎ᠤᠨ ᠴᠤᠭᠯᠠᠭᠠᠨ
ᠤᠷᠴᠢᠮᠬᠠᠨ ᠬᠠᠩᠭᠢᠨ ᠬᠣᠰᠢᠭᠤᠨ᠎ᠤ ᠺᠢᠨᠣ᠋ ᠵᠦᠴᠦᠭᠡ᠎ᠶᠢᠨ ᠬᠦᠷᠢᠶᠡᠯᠡᠩ᠎ᠳᠦ ᠶᠠᠪᠤᠭᠳᠠᠵᠤ᠂ ᠮᠥᠨ ᠱᠠᠩᠨᠠᠯ ᠣᠯᠭᠣᠬᠤ
ᠶᠣᠰᠣᠯᠠᠯ ᠪᠠ ᠤᠷᠠᠨ ᠰᠠᠢᠬᠠᠨ᠎ᠤ ᠦᠳᠡᠰᠢᠯᠡᠭᠡ ᠶᠠᠪᠤᠭᠳᠠᠭᠰᠠᠨ ᠪᠠᠢᠨ᠎ᠠ᠃
✦ᠤᠷᠠᠳ᠎ᠤᠨ ᠬᠣᠢᠲᠤ ᠬᠣᠰᠢᠭᠤᠨ᠎ᠤ ᠰᠣᠶᠤᠯ᠎ᠤᠨ ᠣᠷᠳᠣᠨ᠎ᠳᠤ
ᠤᠢᠷ᠎ᠠ ᠳ᠋ᠤ ᠤᠷᠠᠳ ᠬᠠᠳᠬᠤᠮᠠᠯ᠎ᠤᠨ ᠤᠷ᠎ᠠ ᠮᠡᠷᠭᠡᠵᠢᠯ᠎ᠦᠨ ᠰᠣᠯᠢᠯᠴᠠᠭᠠᠨ᠎ᠤ ᠴᠤᠭᠯᠠᠭᠠᠨ ᠠᠮᠵᠢᠯᠲᠠ ᠲᠠᠢ ᠶᠠᠪᠤᠭᠳᠠᠵᠤ᠂
40 ᠭᠠᠷᠤᠢ ᠬᠠᠳᠬᠤᠮᠠᠯᠴᠢᠨ ᠴᠤᠭᠯᠠᠷᠠᠨ ᠲᠤᠷᠰᠢᠯᠭ᠎ᠠ ᠮᠡᠷᠭᠡᠵᠢᠯ᠎ᠢᠶᠡᠨ ᠰᠣᠯᠢᠯᠴᠠᠵᠤ᠂ ᠰᠢᠨ᠎ᠡ ᠣᠨ᠎ᠢᠶᠠᠨ
ᠤᠭᠲᠤᠭᠰᠠᠨ ᠪᠠᠢᠨ᠎ᠠ᠃
ᠲᠡᠯᠡᠬᠡᠢ
✦ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ
ᠶᠡᠬᠡ ᠬᠤᠷᠠᠯ 2025 ᠣᠨ᠎ᠤ 12 ᠰᠠᠷ᠎ᠠ᠎ᠶᠢᠨ 30 ᠤ ᠡᠳᠦᠷ ᠶᠡᠷᠦᠩᠬᠡᠢ ᠲᠣᠭ᠎ᠠ ᠨᠢ 34.5 ᠳ᠋ᠦᠩᠰᠢᠭᠤᠷ
ᠳ᠋ᠣᠯᠯᠠᠷ᠎ᠲᠤ ᠬᠦᠷᠬᠦ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ ᠶ᠋ᠢᠨ 2026 ᠣᠨ᠎ᠤ ᠪᠠᠢᠩᠭᠤ᠎ᠶᠢᠨ
ᠲᠥᠰᠥᠪ᠎ᠢ ᠪᠠᠲᠤᠯᠠᠪᠠ᠃ ᠡᠨᠡ ᠨᠢ ᠡᠭᠦᠨ ᠡᠴᠡ ᠡᠮᠦᠨ᠎ᠡ ᠳᠤᠷᠠᠳᠤᠭᠰᠠᠨ ᠲᠥᠰᠥᠪ ᠢ᠋ 15% ᠪᠡᠷ
ᠪᠠᠭᠤᠷᠠᠭᠤᠯᠵᠤ᠂ ᠠᠵᠢᠯᠲᠠᠨ ᠤ᠋ ᠣᠷᠣᠨ ᠲᠣᠭ᠎ᠠ᠎ᠶᠢ 19% ᠰᠢᠬᠠᠮ᠎ᠢᠶᠠᠷ ᠪᠠᠭᠠᠰᠬᠠᠬᠤ ᠭᠡᠰᠡᠨ᠎ᠢ ᠦᠨᠳᠦᠰᠦᠨ
ᠳ᠋ᠡᠭᠡᠨ ᠪᠠᠳᠤᠯᠠᠵᠠᠢ᠃
✦ᠳ᠋ᠠᠨᠮᠠᠷᠺ᠎ᠤᠨ ᠰᠢᠤᠳᠠᠨ᠎ᠤ ᠠᠵᠢᠯ᠎ᠢ
ᠬᠠᠷᠢᠭᠤᠴᠠᠵᠤ ᠪᠠᠢᠭᠰᠠᠨ ᠤᠮᠠᠷᠠᠲᠤ ᠡᠸᠦ᠋ᠷᠦᠫᠡ᠎ᠶᠢᠨ ᠰᠢᠤᠳᠠᠨ᠎ᠤ ᠺᠣᠮᠫᠠᠨᠢ 2025 ᠣᠨ᠎ᠤ 12 ᠰᠠᠷ᠎ᠠ᠎ᠶᠢᠨ
30᠎ᠤ ᠡᠳᠦᠷ ᠬᠠᠮᠤᠭ ᠰᠡᠭᠦᠯᠴᠢ᠎ᠶᠢᠨ ᠨᠢᠭᠡ ᠪᠦᠯᠦᠭ ᠵᠠᠬᠢᠳᠠᠯ᠎ᠢ ᠬᠦᠷᠭᠡᠵᠡᠢ᠃ ᠡᠭᠦᠨ᠎ᠦ ᠤᠯᠠᠮ ᠡᠴᠠ
ᠳ᠋ᠠᠨᠮᠠᠷᠺ ᠵᠠᠬᠢᠳᠠᠯ ᠬᠦᠷᠭᠡᠬᠦ ᠣᠯᠠᠨ ᠨᠡᠶ᠋ᠢᠲᠡ᠎ᠶᠢᠨ ᠦᠢᠯᠡᠴᠢᠯᠡᠭᠡ ᠵᠢ ᠵᠣᠭᠰᠣᠭᠠᠭᠰᠠᠨ ᠡᠸᠦ᠋ᠷᠦᠫᠡ
ᠲᠢᠪ᠎ᠦᠨ ᠠᠩᠬᠠᠳᠠᠭ᠍ᠴᠢ ᠤᠯᠤᠰ ᠪᠣᠯᠤᠭᠰᠠᠨ ᠪᠠᠢᠨ᠎ᠠ᠃ ᠭᠡᠪᠡᠴᠦ ᠬᠣᠢᠰᠢᠳᠠ ᠳ᠋ᠠᠨᠮᠠᠷᠺ᠎ᠤᠨ ᠠᠷᠠᠳ ᠣᠯᠠᠨ
ᠮᠥᠨ ᠬᠦ᠌ ᠪᠠᠷᠠᠭᠠᠨ᠎ᠤ ᠭᠦᠢᠯᠭᠡᠭᠡᠨ᠎ᠦ ᠠᠵᠤ ᠠᠬᠤᠢᠯᠠᠯ᠎ᠢᠶᠠᠷ ᠳᠠᠮᠵᠢᠭᠤᠯᠤᠨ ᠵᠠᠬᠢᠳᠠᠯ ᠢᠯᠡᠭᠡᠵᠦ
ᠪᠣᠯᠣᠨ᠎ᠠ᠃
ᠦᠢᠯᠡᠴᠢᠯᠡᠭᠡ
✦ᠳᠤᠮᠳᠠᠳᠤ ᠤᠯᠤᠰ᠎ᠤᠨ ᠨᠢᠭᠡᠳᠦᠮᠡᠯ ᠬᠣᠯᠪᠣᠭ᠎ᠠ᠎ᠶᠢᠨ
ᠥᠪᠥᠷ ᠮᠣᠩᠭᠣᠯ ᠳ᠋ᠠᠬᠢ ᠬᠤᠪᠢᠶᠠᠷᠢ ᠺᠣᠮᠫᠠᠨᠢ 120 ᠠᠵᠢᠯᠲᠠᠨ ᠡᠯᠰᠡᠬᠦ ᠪᠡᠷ ᠪᠤᠢ᠃ ᠨᠠᠷᠢᠨ
ᠠᠭᠤᠯᠭ᠎ᠠ ᠶ᠋ᠢ《ᠤᠤᠯ ᠵᠤᠬᠢᠶᠠᠯ᠎ᠢ ᠦᠵᠡᠬᠦ》 (阅读原文)ᠦᠰᠦᠭ᠎ᠢ
ᠳᠤᠪᠴᠢᠳᠠᠵᠤ ᠦᠵᠡᠭᠡᠷᠡᠢ!
ᠦᠢᠯᠡᠴᠢᠯᠡᠭᠡ
✦ᠨᠡᠷᠡᠨ᠎ᠳᠦ ᠡᠭᠡᠭᠡᠬᠦ ᠨᠢ ᠺᠠᠯᠼ᠎ᠢ ᠰᠢᠩᠭᠡᠭᠡᠬᠦ᠎ᠳᠦ
ᠲᠤᠰᠠᠲᠠᠢ ᠪᠠᠢᠳᠠᠭ᠃ ᠸᠢᠲ᠋ᠠᠮᠢᠨ D ᠪᠣᠯ ᠺᠠᠯᠼ᠎ᠤᠨ《ᠵᠥᠭᠡᠭᠡᠪᠦᠷᠢᠯᠡᠭᠴᠢ》 ᠮᠥᠨ᠂ ᠲᠡᠷᠡ ᠨᠢ
ᠺᠠᠯᠼ᠎ᠢ ᠶᠠᠰᠤᠨ᠎ᠳᠤ《ᠬᠦᠷᠭᠡᠳᠡᠭ》᠃ ᠨᠡᠷᠡᠨ᠎ᠳᠦ ᠡᠭᠡᠭᠡᠬᠦ ᠨᠢ
ᠠᠷᠠᠰᠤᠨ ᠳᠣᠲᠣᠷᠠᠬᠢ ᠸᠢᠲ᠋ᠠᠮᠢᠨ D ᠶ᠋ᠢ ᠢᠳᠡᠪᠬᠢᠵᠢᠭᠦᠯᠵᠦ᠂ ᠺᠠᠯᠼ᠎ᠢ ᠨᠡᠩ ᠰᠠᠢᠨ ᠰᠢᠨᠭᠭᠡᠭᠡᠳᠡᠭ᠃ ᠭᠡᠪᠡᠴᠦ ᠨᠡᠷᠡᠨ᠎ᠳᠦ
ᠡᠭᠡᠭᠡᠬᠦ ᠦᠶ᠎ᠡ᠎ᠳᠦ ᠦᠳᠡ ᠵᠢᠨ ᠭᠤᠤᠯ ᠳ᠋ᠤ ᠬᠡᠳᠦ ᠲᠦᠭᠡᠨᠡᠬᠦ ᠪᠤᠶᠤ ᠰᠢᠯ ᠵᠢᠡᠷ ᠳᠠᠮᠵᠢᠭᠰᠠᠨ ᠭᠡᠷᠡᠯ
ᠡᠴᠡ ᠵᠠᠢᠯᠠᠰᠬᠢᠪᠡᠯ ᠵᠤᠬᠢᠬᠤ ᠮᠦᠷᠲᠡᠭᠡᠨ ᠡᠳᠦᠷ ᠪᠦᠷᠢ ᠬᠠᠭᠠᠰ ᠴᠠᠭ ᠤᠷᠴᠢᠮ ᠪᠠᠷᠢᠮᠲᠠᠯᠠᠪᠠᠯ ᠰᠠᠢᠨ
ᠪᠠᠢᠳᠠᠭ᠃
ᠵᠠᠯᠭᠠᠭᠠᠳ 《ᠰᠢᠨ᠎ᠠ ᠤᠨ ᠵᠢᠯ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ ᠳ᠋ᠤ ᠪᠠᠶᠠᠷᠯᠠᠯ᠎ᠠ᠂
ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)