



ᠨᠡᠢᠭᠡᠮ
✦《ᠠᠷᠪᠠᠨ ᠳᠥᠷᠪᠡᠳᠦᠭᠡᠷ ᠲᠠᠪᠤᠨ
ᠵᠢᠯ》᠎ᠤᠨ ᠲᠦᠯᠦᠪᠵᠢᠬᠦᠯᠬᠡ ᠵᠢᠨ ᠬᠤᠭᠤᠴᠠᠭᠠᠨ᠎ᠳᠤ᠂ ᠮᠠᠨ᠎ᠤ ᠤᠯᠤᠰ
ᠤᠯᠤᠰ᠎ᠤᠨ ᠴᠡᠴᠡᠷᠯᠢᠭ᠎ᠢᠶᠡᠷ ᠭᠣᠣᠯ ᠴᠣᠭᠴᠠ ᠪᠣᠯᠭᠠᠭᠰᠠᠨ ᠰᠢᠨ᠎ᠡ ᠬᠡᠯᠪᠡᠷᠢ᠎ᠶᠢᠨ ᠪᠠᠢᠭᠠᠯᠢ᠎ᠶᠢᠨ ᠬᠠᠮᠠᠭᠠᠯᠠᠯᠲᠠ᠎ᠶᠢᠨ
ᠭᠠᠵᠠᠷ᠎ᠤᠨ ᠰᠢᠰᠲ᠋ᠸᠮ᠎ᠢ ᠠᠩᠬ᠎ᠠ ᠠᠯᠬᠤᠮ ᠪᠠᠢᠭᠤᠯᠵᠤ᠂ 90% ᠵᠢᠨ ᠡᠬᠡ ᠬᠠᠭᠤᠷᠠᠢ᠎ᠶᠢᠨ ᠠᠮᠢ ᠠᠬᠤᠢ᠎ᠶᠢᠨ ᠰᠢᠰᠲ᠋ᠸᠮ᠎ᠤᠨ
ᠲᠦᠷᠦᠯ ᠬᠡᠯᠪᠡᠷᠢ ᠪᠠ 74%ᠵᠢᠨ ᠤᠯᠤᠰ᠎ᠤᠨ ᠭᠣᠣᠯᠳᠠᠯᠭ᠎ᠠ᠎ᠲᠠᠢ ᠬᠠᠮᠠᠭᠠᠯᠠᠬᠤ ᠬᠡᠭᠡᠷ᠎ᠡ᠎ᠶᠢᠨ ᠠᠮᠢᠳᠠᠨ ᠤᠷᠭᠤᠮᠠᠯ᠎ᠤᠨ
ᠳᠦᠷᠰᠦ ᠰᠦᠷᠦᠭ᠎ᠢ ᠪᠦᠲᠦᠮᠵᠢᠲᠡᠢ ᠬᠠᠮᠠᠭᠠᠯᠠᠪᠠ᠃

✦ᠤᠯᠤᠰ ᠤᠨ ᠮᠡᠳᠡᠯᠭᠡ
ᠶᠢᠨ ᠦᠮᠴᠢᠯᠡᠯ ᠤᠨ ᠡᠷᠬᠡ ᠶᠢᠨ ᠲᠣᠪᠴᠢᠶ᠎ᠠ᠎ᠶᠢᠨ ᠮᠡᠳᠡᠭᠡ᠎ᠶᠢ ᠦᠨᠳᠦᠰᠦᠯᠡᠪᠡᠯ᠂ 2025 ᠣᠨ᠎ᠤ ᠡᠴᠦᠰ ᠪᠣᠯᠲᠠᠯ᠎ᠠ
ᠮᠠᠨ᠎ᠤ ᠤᠯᠤᠰ᠎ᠤᠨ ᠳᠣᠲᠣᠭᠠᠳᠤ᠎ᠶᠢᠨ ᠡᠭᠦᠳᠦᠯᠲᠡ᠎ᠶᠢᠨ ᠲᠤᠰᠬᠠᠢ ᠠᠰᠢᠭ᠋᠎ᠤᠨ ᠬᠦᠴᠦᠨ ᠪᠦᠬᠦᠢ ᠬᠡᠮᠵᠢᠶ᠎ᠡ 532
ᠲᠦᠮᠡᠨ ᠬᠤᠪᠢ ᠬᠦᠷᠴᠦ᠂ ᠲᠦᠮᠡᠨ ᠬᠥᠮᠥᠨ ᠪᠦᠷᠢᠳᠦ ᠨᠣᠭᠳᠠᠬᠤ ᠥᠨᠳᠥᠷ ᠥᠷᠲᠡᠭᠲᠦ ᠡᠭᠦᠳᠦᠯᠲᠡ᠎ᠶᠢᠨ ᠲᠤᠰᠬᠠᠢ
ᠠᠰᠢᠭ᠋᠎ᠤᠨ ᠲᠣᠭ᠎ᠠ 16 ᠬᠤᠪᠢ᠎ᠳᠤ ᠬᠦᠷᠴᠡᠢ᠃
✦ᠮᠠᠨ ᠤ ᠤᠯᠤᠰ᠎ᠦᠨ ᠰᠢᠨᠵᠢᠯᠡᠬᠦ
ᠤᠬᠠᠭᠠᠨ᠎ᠤ ᠰᠤᠳᠤᠯᠭᠠᠨ᠎ᠤ ᠪᠦᠯᠬᠦᠮ᠎ᠦᠨ ᠬᠢᠨ ᠬᠥᠯᠳᠡᠭᠡᠬᠦ ᠮᠡᠷᠭᠡᠵᠢᠯ᠎ᠦᠨ ᠬᠦᠷᠢᠶᠡᠨ᠎ᠳᠦ ᠰᠢᠨ᠎ᠡ ᠰᠢᠪᠲᠤᠯᠤᠯᠲᠠ᠎ᠲᠠᠢ
ᠪᠣᠯᠵᠤ᠂ ᠡᠨᠧᠷᠭᠢ ᠶᠢᠨ ᠬᠣᠷᠣᠭᠳᠠᠯ ᠶᠡᠬᠡᠲᠡᠢ ᠳ᠋ᠠᠢᠲ᠋ᠠ᠎ᠶᠢᠨ ᠲᠥᠪ ᠵᠡᠷᠭᠡ ᠪᠣᠳᠣᠯᠭ᠎ᠠ᠎ᠶᠢᠨ ᠴᠢᠳᠠᠪᠤᠷᠢ᠎ᠶᠢᠨ
ᠰᠠᠭᠤᠷᠢ ᠲᠥᠬᠦᠭᠡᠷᠦᠮᠵᠢ᠎ᠳᠤ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ᠂ ᠥᠨᠳᠥᠷ ᠪᠦᠲᠦᠮᠵᠢᠲᠡᠶ ᠰᠢᠨ᠎ᠡ
ᠬᠡᠯᠪᠡᠷᠢ ᠶᠢᠨ ᠬᠥᠷᠥᠭᠡᠯᠲᠡ᠎ᠶᠢᠨ ᠰᠢᠢᠳᠪᠦᠷᠢᠯᠡᠬᠦ ᠲᠥᠰᠥᠯ ᠬᠠᠩᠭᠠᠬᠤ ᠪᠣᠯᠣᠮᠵᠢ᠎ᠲᠠᠢ ᠪᠤᠯᠪᠠ᠃
✦ᠠᠷᠠᠳ ᠤᠨ ᠶᠠᠪᠤᠳᠠᠯ᠎ᠤᠨ ᠶᠠᠮᠤᠨ᠂
ᠡᠳ᠋᠎ᠦᠨ ᠵᠠᠰᠠᠭ᠎ᠤᠨ ᠶᠠᠮᠤᠨ ᠲᠦᠷᠦᠭᠦᠬᠡᠨ ᠮᠡᠳᠡᠭᠳᠡᠯ ᠳᠠᠷᠤᠮᠠᠯᠯᠠᠨ ᠲᠠᠷᠬᠠᠭᠠᠵᠤ᠂ ᠡᠨᠡ ᠵᠢᠯ᠎ᠦᠨ 1 ᠰᠠᠷ᠎ᠠ
ᠵᠢᠨ 1᠎ᠦ ᠡᠳᠦᠷ᠎ᠡᠴᠡ ᠡᠬᠢᠯᠡᠨ᠂ ᠨᠢᠭᠡᠳᠦᠯᠲᠡᠢ ᠦᠨᠡᠯᠡᠨ ᠵᠢᠱ᠌ᠢᠯᠲᠡ᠎ᠪᠡᠷ ᠳᠠᠮᠵᠢᠨ ᠳᠤᠮᠳᠠ ᠵᠡᠷᠭᠡ᠂ ᠬᠦᠨᠳᠦ
ᠵᠡᠷᠭᠡ ᠪᠠ ᠪᠦᠷᠢᠮᠦᠰᠦᠨ ᠪᠡᠶ᠎ᠡ᠎ᠪᠡᠨ ᠳᠠᠭᠠᠭᠠᠬᠤ ᠴᠢᠳᠠᠪᠤᠷᠢ᠎ᠪᠠᠨ ᠠᠯᠳᠠᠭᠰᠠᠨ ᠨᠠᠰᠤᠲᠠᠨ᠎ᠢᠶᠠᠷ ᠨᠤᠲᠠᠯᠠᠭᠳᠠᠭᠰᠠᠨ
ᠬᠥᠮᠥᠰ᠂ 《ᠠᠷᠠᠳ᠎ᠤᠨ ᠶᠠᠪᠤᠳᠠᠯ᠎ᠤᠨ ᠨᠡᠪᠲᠡᠷᠡᠯᠴᠡᠭᠡ》
ᠵᠢᠵᠢᠭ ᠫᠷᠣᠭ᠌ᠷᠠᠮ ᠪᠤᠶᠤ APP᠎ᠪᠠᠷ ᠳᠠᠮᠵᠢᠭᠤᠯᠤᠨ ᠰᠠᠷ᠎ᠠ ᠪᠦᠷᠢ ᠬᠠᠮᠤᠭ᠎ᠤᠨ ᠥᠨᠳᠥᠷ
ᠲᠡᠭᠡᠨ 800 ᠲᠥᠭᠥᠷᠢᠭ᠎ᠦᠨ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡᠨ᠎ᠦ ᠬᠡᠷᠡᠭᠯᠡᠭᠡᠨ᠎ᠦ ᠨᠥᠬᠥᠪᠥᠷᠢ
ᠭᠤᠶᠤᠴᠢᠯᠠᠵᠤ ᠪᠣᠯᠣᠨ᠎ᠠ ᠭᠡᠵᠡᠢ᠃
✦ᠠᠶᠠᠨᠴᠢᠳ᠎ᠲᠤ ᠳᠥᠭᠥᠮ ᠦᠵᠡᠭᠦᠯᠬᠦ ᠶᠢᠨ ᠲᠥᠯᠥᠭᠡ᠂ ᠬᠥᠬᠡᠬᠣᠲᠠ᠎ᠶᠢᠨ ᠮᠧᠲᠷᠣ᠋᠎ᠶᠢᠨ ᠬᠢᠨ
ᠬᠠᠮᠲᠤ ᠠᠶᠠᠯᠠᠬᠤ ᠪᠢᠯᠧᠲ ᠭᠠᠷᠭᠠᠪᠠ᠃ ᠬᠠᠮᠲᠤ ᠠᠶᠠᠯᠠᠬᠤ ᠪᠢᠯᠧᠲ᠎ᠢ ᠨᠡᠪᠲᠡᠷᠡᠭᠦᠯᠦᠭᠰᠡᠨ᠎ᠦ ᠳᠠᠷᠠᠭ᠎ᠠ ᠬᠠᠮᠤᠭ
ᠣᠯᠠᠨ᠎ᠳᠠᠭᠠᠨ 4 ᠬᠥᠮᠥᠨ ᠬᠠᠮᠲᠤ᠎ᠪᠠᠷ ᠲᠡᠷᠭᠡᠨ᠎ᠳᠦ ᠰᠠᠭᠤᠬᠤ᠎ᠶᠢ ᠳᠠᠮᠵᠢᠨ᠎ᠠ᠂ ᠲᠤᠬᠠᠢᠯᠠᠪᠠᠯ ᠨᠢᠭᠡ ᠬᠡᠷᠡᠭᠯᠡᠭᠴᠢ
ᠬᠠᠮᠤᠭ ᠣᠯᠠᠨ᠎ᠳᠠᠭᠠᠨ 3 ᠬᠠᠮᠲᠤ ᠠᠶᠠᠯᠠᠬᠤ ᠪᠢᠯᠧᠲ ( ᠳᠡᠳ᠋ ᠺᠣᠳ᠋ )᠎ᠢ ᠨᠠᠪᠲᠠᠷᠡᠭᠦᠯᠵᠦ ᠪᠣᠯᠣᠨ᠎ᠠ᠃

✦1 ᠰᠠᠷ᠎ᠠ᠎ᠶᠢᠨ 22᠎ᠤᠨ ᠡᠳᠦᠷ᠂
ᠶᠡᠬᠡ ᠲᠦᠷᠭᠡᠨ ᠭᠣᠣᠯ᠎ᠤᠨ ᠴᠡᠷᠢᠭ᠎ᠦᠨ ᠶᠠᠪᠤᠳᠠᠯ᠎ᠤᠨ ᠰᠣᠶᠣᠯ᠎ᠤᠨ ᠬᠦᠷᠢᠶᠡᠯᠡᠩ᠎ᠦᠨ ᠪᠦᠬᠦ ᠠᠷᠠᠳ᠎ᠤᠨ ᠤᠯᠤᠰ᠎ᠤᠨ
ᠪᠠᠲᠤᠯᠠᠨ ᠬᠠᠮᠠᠭᠠᠯᠠᠯᠲᠠ᠎ᠶᠢᠨ ᠬᠥᠮᠦᠵᠢᠯ᠎ᠦᠨ ᠬᠠᠷᠪᠤᠯᠲᠠ ᠵᠢ ᠪᠡᠶᠡᠴᠢᠯᠡᠨ ᠣᠢᠯᠠᠭᠠᠬᠤ ᠣᠷᠳᠣᠨ᠎ᠢ ᠨᠡᠭᠡᠭᠡᠪᠡ᠃
ᠲᠤᠰ ᠪᠡᠶᠡᠴᠢᠯᠡᠨ ᠣᠢᠯᠠᠭᠠᠬᠤ ᠣᠷᠳᠣᠨ᠎ᠤ ᠶᠡᠷᠦᠩᠬᠡᠢ ᠪᠠᠷᠢᠯᠭ᠎ᠠ᠎ᠶᠢᠨ ᠲᠠᠯᠠᠪᠠᠢ ᠨᠢ ᠪᠠᠷᠤᠭ 1800 ᠬᠠᠪᠲᠠᠭᠠᠢ
ᠳᠥᠷᠪᠡᠯᠵᠢᠨ ᠮᠧᠲᠷ ᠪᠠᠢᠵᠤ᠂ ᠳᠠᠭᠤᠷᠢᠶᠠᠮᠠᠯ ᠬᠠᠷᠪᠤᠯᠲᠠ ᠪᠠ ᠴᠡᠷᠢᠭ᠎ᠦᠨ ᠶᠠᠪᠤᠳᠠᠯ᠎ᠤᠨ ᠰᠣᠶᠣᠯ᠎ᠤᠨ ᠦᠵᠡᠭᠦᠯᠭᠡ᠎ᠶᠢ
ᠠᠭᠤᠰᠤᠯᠴᠠᠭᠤᠯᠵᠤ᠂ ᠲᠣᠭᠣᠷᠢᠨ ᠦᠵᠡᠭᠴᠢᠳ᠎ᠲᠦ ᠴᠡᠷᠢᠭ᠎ᠦᠨ ᠶᠠᠪᠤᠳᠠᠯ᠎ᠤᠨ ᠪᠣᠯᠪᠠᠰᠤᠷᠠᠯ᠎ᠤᠨ ᠪᠠᠴᠢᠮ ᠲᠤᠯᠭᠠᠮᠳᠠᠭᠤ
ᠪᠠᠢᠳᠠᠯ᠎ᠢ ᠣᠢᠯᠠᠭᠠᠭᠤᠯᠵᠤ᠂ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠰᠢᠨᠵᠢᠯᠡᠬᠦ ᠤᠬᠠᠭᠠᠨ ᠲᠸᠭᠨᠢᠭ
ᠮᠡᠷᠭᠡᠵᠢᠯ᠎ᠤᠨ ᠳᠤᠬᠠᠢ ᠬᠠᠮᠢᠶ᠎ᠠ ᠪᠦᠬᠦᠢ ᠵᠤᠢᠯ᠎ᠢ ᠲᠠᠨᠢᠯᠴᠠᠭᠤᠯᠵᠤ ᠪᠠᠢᠨ᠎ᠠ᠃

✦ᠤᠢᠷ᠎ᠠ᠎ᠳᠤ ᠳᠤᠮᠳᠠᠳᠤ ᠤᠯᠤᠰ᠎ᠤᠨ
ᠳᠠᠯᠠᠢ᠎ᠶᠢᠨ ᠴᠡᠷᠢᠭ᠎ᠦᠨ《ᠲᠦᠩᠯᠢᠶᠣᠣ ᠨᠡᠷᠡᠮᠵᠢᠲᠦ ᠬᠥᠯᠭᠡ ᠣᠩᠭᠣᠴᠠ》 (054A ᠵᠠᠯᠠᠭᠤᠷᠲᠤ ᠰᠤᠮᠤ᠎ᠶᠢᠨ ᠬᠠᠮᠠᠭᠠᠯᠠᠯᠲᠠ᠎ᠶᠢᠨ ᠬᠥᠯᠭᠡ ᠣᠩᠭᠣᠴᠠ)᠎ᠶᠢᠨ ᠤᠤᠯ ᠬᠡᠯᠪᠡᠷᠢ᠎ᠶᠢᠨ
1᠄ 10᠎ᠶᠢᠨ ᠬᠠᠷᠢᠴᠠᠯ᠎ᠢᠶᠠᠷ ᠨᠠᠷᠢᠯᠢᠭ᠋ ᠵᠣᠬᠢᠶᠠᠨ ᠪᠦᠲᠦᠭᠡᠭᠰᠡᠨ ᠬᠥᠯᠭᠡ ᠣᠩᠭᠣᠴᠠᠨ᠎ᠤ ᠵᠠᠭᠪᠤᠷ ᠲᠦᠩᠯᠢᠶᠤᠤ
ᠬᠤᠲᠠ᠎ᠶᠢᠨ ᠬᠣᠶᠠᠷ᠎ᠢ ᠬᠦᠷᠢᠶᠡᠯᠡᠬᠦ ᠠᠭᠤᠳᠠᠮ ᠲᠠᠯᠠᠪᠠᠢ᠎ᠳᠤ ᠪᠣᠰᠬᠠᠭᠳᠠᠪᠠ᠃

✦ᠦᠤᠰᠢᠨ ᠬᠤᠰᠢᠭᠤᠨ᠎ᠤ 《ᠭᠠᠯᠠᠭᠤᠲᠤ ᠳ᠋ᠣᠺᠲ᠋ᠣᠷ᠎ᠤᠨ ᠠᠵᠢᠯᠯᠠᠬᠤ ᠥᠷᠲᠡᠭᠡ》 2023 ᠣᠨ᠎ᠳᠤ ᠪᠠᠢᠭᠤᠯᠤᠭᠳᠠᠭᠰᠠᠨ᠎ᠠᠴᠠ ᠨᠠᠭᠠᠰᠢ ᠤᠯᠤᠰ ᠪᠠ ᠣᠷᠣᠨ᠎ᠤ ᠣᠢ ᠰᠢᠭᠤᠢ᠎ᠶᠢᠨ
ᠰᠢᠨᠵᠢᠯᠡᠬᠦ ᠤᠬᠠᠭᠠᠨ᠎ᠤ ᠰᠤᠳᠤᠯᠭᠠᠨ᠎ᠤ ᠬᠦᠷᠢᠶᠡᠯᠡᠩ ᠵᠢᠴᠢ ᠶᠡᠬᠡ ᠰᠤᠷᠭᠠᠭᠠᠥᠯᠢᠶᠢᠨ ᠳ᠋ᠣᠺᠲ᠋ᠣᠷ ᠪᠠ
ᠲᠤᠰᠬᠠᠢ ᠮᠡᠷᠭᠡᠵᠢᠯᠲᠡᠨ᠎ᠲᠠᠢ ᠬᠠᠮᠲᠤᠷᠠᠨ ᠠᠮᠢ ᠠᠬᠤᠢ᠎ᠶᠢᠨ ᠵᠠᠰᠠᠯᠲᠠ᠂ ᠠᠵᠤ ᠦᠢᠯᠡᠰ᠎ᠦᠨ ᠬᠥᠭᠵᠢᠯᠲᠡ ᠵᠡᠷᠭᠡ
ᠬᠦᠷᠢᠶ᠎ᠡ ᠴᠠᠷᠠᠭᠠᠨ᠎ᠳᠤ ᠰᠢᠯᠢᠳᠡᠭ ᠦᠷ᠎ᠡ ᠪᠦᠲᠦᠮᠵᠢ ᠡᠭᠦᠳᠦᠭᠰᠡᠨ ᠪᠠᠢᠨ᠎ᠠ᠃ ᠣᠷᠴᠢᠮ᠎ᠤᠨ ᠬᠤᠭᠤᠴᠠᠭᠠᠨ᠎ᠳᠤ
ᠲᠤᠰ ᠠᠵᠢᠯᠯᠠᠬᠤ ᠥᠷᠲᠡᠭᠡ ᠨᠢ ᠲᠣᠷᠯᠣᠭ ᠬᠠᠷᠠᠭᠠᠨ᠎ᠠ᠂ ᠪᠤᠷᠭᠠᠰᠤ ᠵᠡᠷᠭᠡ ᠤᠷᠭᠤᠮᠠᠯ᠎ᠢ ᠠᠰᠢᠭ᠍ᠯᠠᠵᠤ ᠰᠢᠪᠠᠭᠤᠨ
ᠴᠢᠬᠢ ᠪᠣᠢᠵᠢᠭᠤᠯᠤᠨ ᠲᠠᠷᠢᠬᠤ ᠲᠤᠷᠰᠢᠯᠲᠠ᠎ᠶᠢ ᠡᠬᠢᠯᠡᠨ ᠬᠢᠵᠦ᠂ ᠡᠨᠡ ᠵᠢᠯ 3 ᠲᠦᠮᠡᠨ ᠪᠣᠭᠣᠯᠲᠠ ᠰᠢᠪᠠᠭ᠎ᠦᠨ
ᠴᠢᠬᠢ᠎ᠶᠢ ᠪᠣᠢᠵᠢᠭᠤᠯᠬᠤ ᠪᠡᠷ ᠪᠤᠢ᠃

ᠠᠵᠤ ᠠᠬᠤᠢ
✦2026 ᠣᠨ᠎ᠤ 1 ᠰᠠᠷ᠎ᠠ᠎ᠳᠤ
ᠲᠦᠩᠯᠢᠶᠤᠤ ᠬᠣᠲᠠ ᠮᠠᠰᠢᠨ ᠲᠡᠷᠭᠡᠨ᠎ᠦ ᠨᠥᠬᠥᠪᠦᠷᠢ᠎ᠶᠢᠨ ᠬᠢᠷᠢ ᠬᠡᠮ᠎ᠦᠨ ᠲᠡᠮᠳᠡᠭᠲᠦ᠎ᠶᠢ 6800 ᠬᠤᠪᠢ ᠲᠠᠷᠬᠠᠭᠠᠬᠤ᠎ᠪᠠᠷ
ᠲᠥᠯᠥᠪᠯᠡᠵᠦ ᠪᠣᠶ᠃ ᠡᠭᠦᠨ᠎ᠳᠦ ᠮᠠᠰᠢᠨ ᠲᠡᠷᠭᠡ᠎ᠶᠢ ᠬᠡᠷᠡᠭᠯᠡᠭᠡᠨ᠎ᠡᠴᠡ ᠭᠠᠷᠭᠠᠵᠤ ᠰᠢᠨᠡᠳᠬᠡᠬᠦ ᠲᠡᠮᠳᠡᠭᠲᠦ
800 ᠬᠤᠪᠢ᠂ ᠮᠠᠰᠢᠨ ᠲᠡᠷᠭᠡ᠎ᠶᠢ ᠰᠣᠯᠢᠵᠤ ᠰᠢᠨᠡᠳᠬᠡᠬᠦ ᠲᠡᠮᠳᠡᠭᠲᠦ 6000 ᠬᠤᠪᠢ ᠪᠣᠶ᠃ 2026 ᠣᠨ᠎ᠤ 2 ᠰᠠᠷ᠎ᠠ᠎ᠠᠴᠠ
ᠡᠬᠢᠯᠡᠨ᠂ ᠰᠠᠷ᠎ᠠ ᠪᠦᠷᠢ᠎ᠶᠢᠨ 15᠎ᠤ ᠡᠳᠤᠷ᠎ᠤᠨ ᠦᠳᠡ ᠵᠢᠨ ᠡᠮᠦᠨᠡᠬᠢ 9 ᠴᠠᠭ᠎ᠲᠦ ᠬᠢᠷᠢ ᠬᠡᠮ᠎ᠤᠨ
ᠳᠡᠮᠳᠡᠭᠳᠤ ᠵᠢ ᠲᠦᠪᠯᠡᠷᠡᠬᠦᠯᠦᠨ ᠳᠠᠷᠬᠠᠭᠠᠬᠤ ᠪᠤᠯᠤᠨ᠎ᠠ᠃
ᠰᠤᠶᠤᠯ
✦ᠣᠢᠷ᠎ᠠ᠎ᠳᠦ ᠬᠡᠰᠢᠭᠲᠡᠨ ᠬᠣᠰᠢᠭᠤᠨ᠎ᠤ
ᠡᠪᠦᠯ᠎ᠦᠨ ᠤᠯᠠᠷᠢᠯ᠎ᠤᠨ ᠴᠠᠰᠤ ᠮᠦᠰᠦᠨ᠎ᠤ ᠰᠣᠶᠣᠯ ᠵᠢᠭᠤᠯᠴᠢᠯᠠᠯ᠎ᠤᠨ ᠠᠵᠢᠯᠯᠠᠭᠠᠨ᠎ᠤ ᠳᠠᠯᠠᠢ ᠨᠠᠭᠤᠷ᠎ᠤᠨ ᠡᠪᠦᠯ᠎ᠤᠨ
ᠵᠢᠭᠠᠰᠤ ᠠᠩᠨᠠᠬᠤ ᠨᠠᠢᠷ ᠡᠬᠢᠯᠡᠵᠦ᠂ ᠡᠪᠦᠯ᠎ᠦᠨ ᠤᠯᠠᠷᠢᠯ᠎ᠤᠨ ᠵᠢᠭᠠᠰᠤ ᠠᠩᠨᠠᠯ᠎ᠤᠨ ᠶᠣᠰᠣᠯᠠᠯ᠂ ᠤᠯᠠᠨ ᠤᠯᠤᠰ᠎ᠤᠨ
ᠮᠥᠰᠥᠨ ᠳᠡᠭᠡᠷᠡᠬᠢ ᠳᠠᠷᠪᠠᠭᠤᠯᠲᠤ ᠣᠩᠭᠣᠴᠠ᠎ᠶᠢᠨ ᠤᠷᠤᠯᠳᠤᠭᠠᠨ ᠪᠠ ᠬᠡᠭᠡᠷᠡᠯᠡᠨ ᠠᠶᠠᠯᠠᠬᠤ ᠲᠡᠷᠭᠡᠨ᠎ᠦ ᠮᠥᠰᠥᠲᠦ
ᠭᠣᠣᠯ᠎ᠤᠨ ᠰᠠᠭᠠᠳ ᠳᠠᠪᠠᠬᠤ ᠤᠷᠤᠯᠳᠤᠭᠠᠨ ᠵᠡᠷᠭᠡ ᠵᠢ ᠡᠷᠭᠢᠯᠡᠪᠡ᠃

✦ᠠᠪᠠᠭ᠎ᠠ ᠬᠣᠰᠢᠭᠤᠨ᠎ᠤ《ᠤᠷᠤᠭᠰᠢᠯᠠᠯᠲᠠ᠎ᠶᠢᠨ ᠳᠠᠭᠤᠨ》 ᠰᠢᠨ᠎ᠡ ᠤᠨ
ᠢᠶᠠᠨ ᠤᠭᠲᠤᠬᠤ ᠵᠠᠯᠠᠭᠤᠴᠤᠳ ᠪᠠᠭᠠᠴᠤᠳ᠎ᠤᠨ ᠤᠷᠠᠨ ᠰᠠᠢᠬᠠᠨ᠎ᠤ ᠲᠣᠭᠯᠠᠯᠲᠠ ᠤᠷᠴᠢᠮᠬᠠᠨ ᠠᠪᠠᠭ᠎ᠠ
ᠬᠣᠰᠢᠭᠤᠨ᠎ᠤ ᠠᠵᠢᠯ ᠮᠡᠷᠭᠡᠵᠢᠯ᠎ᠦᠨ ᠰᠤᠷᠭᠠᠨ ᠬᠥᠮᠦᠵᠢᠯ᠎ᠦᠨ ᠶᠡᠷᠦᠩᠬᠡᠢᠯᠡᠭᠰᠡᠨ ᠦᠢᠯᠡᠴᠢᠯᠡᠭᠡᠨ᠎ᠦ ᠲᠥᠪ᠎ᠲᠤ
ᠶᠠᠪᠤᠭᠳᠠᠪᠠ ᠃


ᠲᠠᠮᠢᠷ
✦ᠪᠦᠬᠡᠴᠤᠳ᠎ᠦᠨ ᠰᠣᠷᠢᠭ᠎ᠠ ᠪᠣᠯᠪᠠᠰᠤᠷᠠᠯ᠎ᠢ
ᠴᠢᠩᠭᠠᠳᠬᠠᠵᠤ᠂ ᠪᠥᠬᠡ᠎ᠶᠢᠨ ᠤᠷᠤᠯᠳᠤᠭᠠᠨ ᠲᠡᠮᠡᠴᠡᠭᠡᠨ᠎ᠳᠦ ᠤᠯᠠᠮ ᠰᠠᠢᠨ ᠬᠢᠷᠢ ᠪᠦᠲᠦᠮᠵᠢ ᠣᠯᠬᠤ᠎ᠶᠢ ᠠᠬᠢᠭᠤᠯᠬᠤ
ᠶᠢᠨ ᠲᠥᠯᠥᠭᠡ᠂ ᠬᠥᠪᠡᠭᠡᠲᠦ ᠰᠢᠷ᠎ᠠ ᠬᠣᠰᠢᠭᠤᠨ᠎ᠤ ᠰᠣᠶᠣᠯ ᠲᠠᠮᠢᠷ ᠵᠢᠭᠤᠯᠴᠢᠯᠠᠯ᠎ᠤᠨ ᠦᠢᠯᠡᠰ᠎ᠦᠨ ᠬᠥᠭᠵᠢᠭᠦᠯᠦᠯᠲᠡ᠎ᠶᠢᠨ
ᠲᠥᠪ᠎ᠡᠴᠡ ᠭᠣᠣᠯᠯᠠᠨ ᠡᠷᠬᠢᠯᠡᠭᠰᠡᠨ ᠬᠥᠪᠡᠭᠡᠲᠦ ᠰᠢᠷ᠎ᠠ ᠬᠣᠰᠢᠭᠤᠨ᠎ᠤ ᠡᠪᠦᠯ᠎ᠦᠨ ᠤᠯᠠᠷᠢᠯ᠎ᠤᠨ ᠥᠰᠪᠦᠷᠢ ᠵᠠᠯᠠᠭᠤᠴᠤᠳ᠎ᠤᠨ
ᠮᠣᠩᠭᠣᠯ ᠪᠥᠬᠡ᠎ᠶᠢᠨ 45 ᠡᠳᠤᠷ᠎ᠤᠨ ᠬᠤᠭᠤᠴᠠᠭ᠎ᠠ ᠲᠠᠢ ᠰᠣᠷᠢᠭ᠎ᠠ ᠪᠣᠯᠪᠠᠰᠤᠷᠠᠯ ᠨᠢ ᠣᠳᠣᠬᠠᠨ᠎ᠳᠤ ᠶᠠᠭ
ᠬᠦᠪᠡᠭᠡᠳᠤ ᠰᠢᠷ᠎ᠠ ᠬᠤᠰᠢᠭᠤᠨ᠎ᠤ ᠪᠦᠬᠦ ᠠᠷᠠᠳ᠎ᠤᠨ ᠪᠡᠶ᠎ᠡ ᠴᠢᠭᠢᠷᠠᠭᠵᠢᠭᠤᠯᠬᠤ ᠬᠥᠳᠡᠯᠭᠡᠭᠡᠨ᠎ᠦ ᠲᠥᠪ᠎ᠲᠦ ᠢᠳᠡ
ᠬᠥᠭ᠎ᠲᠠᠢ ᠶᠠᠪᠤᠭᠳᠠᠵᠤ ᠪᠣᠢ᠃
ᠳᠡᠯᠡᠬᠡᠢ
✦ᠰᠢᠨᠬᠤᠸᠠ ᠬᠤᠷᠢᠶ᠎ᠠ ᠵᠢᠨ
ᠮᠡᠳᠡᠭᠡ ᠵᠢ ᠦᠨᠳᠦᠰᠦᠯᠡᠪᠡᠯ᠂ ᠹᠷᠠᠨᠼᠢ᠎ᠶᠢᠨ ᠶᠡᠷᠦᠩᠬᠡᠢᠯᠡᠭᠴᠢ ᠮᠠᠢᠺᠷᠤᠨ 22 ᠤᠨ ᠡᠳᠦᠷ ᠪᠷᠦ᠋ᠰᠧᠯ᠎ᠳᠦ ᠶᠠᠪᠤᠭᠳᠠᠭᠰᠠᠨ
ᠡᠸᠦ᠋ᠷᠦᠫᠡ ᠲᠢᠪ᠎ᠦᠨ ᠤᠯᠤᠰ᠎ᠤᠳ᠎ᠤᠨ ᠬᠣᠯᠪᠣᠭ᠎ᠠ᠎ᠶᠢᠨ ᠲᠦᠷᠦᠭᠦᠴᠦᠳ᠎ᠦᠨ ᠪᠠᠴᠢᠮ ᠬᠤᠷᠠᠯ ᠬᠤᠷᠠᠯᠳᠤᠬᠤ᠎ᠠᠴᠠ ᠡᠮᠦᠨ᠎ᠡ᠂
ᠡᠸᠦ᠋ᠷᠦᠫᠡ ᠲᠢᠪ᠎ᠦᠨ ᠤᠯᠤᠰ᠎ᠤᠳ᠎ᠤᠨ ᠬᠣᠯᠪᠣᠭ᠎ᠠ ᠡᠷᠬᠡᠪᠰᠢ ᠳᠡᠭᠡᠳᠦ ᠬᠡᠮᠵᠢᠶᠡᠨ᠎ᠦ ᠰᠣᠨᠣᠷ ᠰᠡᠷᠡᠮᠵᠢ᠎ᠲᠠᠢ
ᠪᠠᠢᠬᠤ ᠬᠡᠷᠡᠭᠲᠡᠢ ᠪᠥᠭᠡᠳ ᠰᠢᠨ᠎ᠡ ᠰᠦᠷᠳᠡᠭᠦᠯᠦᠯ ᠭᠠᠷᠬᠤ ᠦᠶ᠎ᠡ᠎ᠳᠦ ᠡᠷᠡᠰ ᠬᠠᠷᠢᠭᠤ ᠥᠭᠬᠦ᠎ᠪᠡᠷ ᠪᠡᠯᠡᠳᠬᠡᠬᠦ
ᠬᠡᠷᠡᠭᠲᠡᠢ ᠭᠡᠵᠦ ᠢᠯᠡᠳᠬᠡᠪᠡ᠃
✦ᠠᠮᠧᠷᠢᠺᠠ ᠶᠢᠨ ᠫᠧᠩᠪᠦ᠋ᠸᠧ
ᠬᠣᠷᠢᠶ᠎ᠠ ᠶᠢᠨ ᠮᠡᠳᠡᠭᠡᠯᠡᠯ᠎ᠢ ᠦᠨᠳᠦᠰᠦᠯᠡᠪᠡᠯ᠂ ᠪᠦᠬᠦ ᠪᠥᠮᠪᠥᠷᠴᠡᠭ᠎ᠦᠨ ᠬᠡᠭᠡᠨᠴᠢᠷ ᠡᠳ᠋᠎ᠦᠨ ᠬᠡᠷᠡᠭᠯᠡᠭᠡᠨ᠎ᠦ
ᠵᠠᠬ᠎ᠠ ᠳᠡᠯᠭᠡᠭᠦᠷ᠎ᠦᠨ ᠬᠦᠭᠵᠢᠶᠡᠨᠳᠤ ᠪᠠᠢᠳᠠᠯ ᠨᠡᠮᠳᠡᠵᠤ᠂ ᠬᠢᠮᠡᠯ ᠠᠯᠮᠠᠰ ᠡᠳᠦᠷ ᠢᠷᠡᠬᠦᠶ᠎ᠡ ᠳᠡᠯᠭᠡᠷᠡᠵᠦ
ᠪᠠᠢᠬᠤ ᠵᠡᠷᠭᠡ ᠬᠦᠴᠦᠨ ᠵᠦᠢᠯ᠎ᠦᠨ ᠨᠥᠯᠥᠭᠡ᠎ᠡᠴᠡ ᠪᠣᠯᠵᠤ᠂ ᠣᠯᠠᠨ ᠤᠯᠤᠰ᠎ᠤᠨ ᠠᠯᠮᠠᠰ ᠴᠢᠯᠠᠭᠤᠨ᠎ᠤ ᠲᠣᠮᠣ᠌ ᠠᠵᠤ
ᠠᠬᠤᠢᠯᠠᠯ ᠪᠤᠯᠬᠤ ᠳ᠋ᠠᠶ᠋ᠢᠪᠢᠯᠰ ᠪᠦᠯᠦᠭᠯᠡᠯ ᠵᠢᠯ ᠭᠠᠷᠤᠢ᠎ᠶᠢᠨ ᠳᠠᠷᠠᠭ᠎ᠠ ᠳᠠᠬᠢᠨᠲᠠ ᠠᠯᠮᠠᠰ ᠴᠢᠯᠠᠭᠤᠨ᠎ᠤ
ᠦᠨ᠎ᠡ᠎ᠪᠡᠨ ᠪᠠᠭᠤᠷᠠᠭᠤᠯᠪᠠ᠃

ᠦᠢᠯᠡᠴᠢᠯᠡᠭᠡ
✦ᠤᠷᠠᠳ᠎ᠤᠨ ᠬᠤᠢᠳᠤ ᠬᠤᠰᠢᠭᠤᠨ᠎ᠤ
ᠠᠷᠠᠳ᠎ᠤᠨ ᠡᠮᠨᠡᠯᠭᠡ ᠵᠢᠨ ᠬᠤᠷᠢᠶ᠎ᠠ ᠠᠵᠢᠯᠳᠠᠨ ᠡᠯᠰᠡᠵᠤ ᠪᠤᠢ᠃
ᠲᠠᠨ᠎ᠤ ᠲᠤᠰᠠ᠎ᠳᠤ
✦ᠱᠦᠯᠦ ᠬᠢᠬᠦ ᠦᠶᠡᠰ ᠬᠡᠷᠪᠡ
ᠳᠠᠪᠤᠰᠤ ᠨᠢ ᠶᠡᠬᠡᠳᠦᠭᠰᠡᠨ ᠪᠠᠢᠪᠠᠯ ᠲᠥᠮᠥᠰᠥ ᠵᠢ ᠴᠡᠪᠡᠷᠬᠡᠨ ᠤᠬᠢᠶᠠᠵᠤ ᠬᠡᠰᠡᠭᠯᠡᠨ ᠬᠡᠷᠴᠢᠭᠡᠳ ᠱᠥᠯᠥᠨ᠎ᠳᠡᠭᠡᠨ
ᠬᠢᠵᠦ ᠬᠡᠳᠦᠨ ᠮᠢᠨᠦ᠋ᠲ ᠴᠢᠨᠠᠪᠠᠯ ᠱᠣᠷᠪᠣᠭ ᠠᠮᠲᠠ᠎ᠶᠢ ᠪᠠᠭᠤᠷᠠᠭᠤᠯᠵᠤ ᠲᠠᠢᠯᠤᠨ᠎ᠠ᠃

ᠵᠠᠯᠭᠠᠭᠠᠳ 《ᠳᠠᠭᠤᠤ
ᠪᠡᠷ ᠤᠴᠠᠷᠠᠬᠰᠠᠨ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠲᠠ ᠪᠦᠬᠦᠨ ᠤ ᠬᠦᠯᠢᠶᠡᠨ ᠠᠪᠴᠤ᠌ ᠰᠤᠨᠤᠰᠤᠬ᠍ᠰᠠᠨ ᠳ᠋ᠦ ᠪᠠᠶᠠᠷᠯᠠᠯ᠎ᠠ᠂ ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)