



ᠨᠡᠢᠭᠡᠮ
✦ ᠤᠯᠤᠰ᠎ᠤᠨ ᠰᠠᠨᠰᠠᠷ᠎ᠤᠨ ᠠᠶᠠᠯᠠᠯ᠎ᠤᠨ ᠲᠣᠪᠴᠢᠶ᠎ᠠ᠎ᠶᠢᠨ
ᠮᠡᠳᠡᠭᠡ᠎ᠶᠢ ᠦᠨᠳᠦᠰᠦᠯᠡᠪᠡᠯ᠂ 2025 ᠣᠨ᠎ᠳᠤ ᠳᠤᠮᠳᠠᠳᠤ ᠤᠯᠤᠰ᠎ᠤᠨ ᠰᠠᠨᠰᠠᠷ᠎ᠤᠨ ᠠᠶᠠᠯᠠᠯ᠎ᠤᠨ ᠪᠥᠬᠥ ᠵᠢᠯ᠎ᠦᠨ
ᠬᠠᠷᠪᠤᠬᠰᠠᠨ ᠲᠣᠭ᠎ᠠ 92 ᠤᠳᠠᠭ᠎ᠠ ᠳ᠋ᠤ ᠬᠦᠷᠴᠦ᠂ ᠲᠡᠦᠬᠡ᠎ᠶᠢᠨ ᠰᠢᠨ᠎ᠡ ᠲᠡᠮᠳᠡᠭᠯᠡᠯ᠎ᠢ ᠡᠭᠦᠳᠴᠠᠢ᠃

✦ ᠤᠯᠤᠰ᠎ᠤᠨ ᠭᠠᠮᠰᠢᠭ᠋᠎ᠡᠴᠡ ᠰᠡᠷᠭᠡᠢᠯᠡᠵᠦ ᠭᠠᠮᠰᠢᠭ᠋᠎ᠢ
ᠪᠠᠭᠠᠰᠬᠠᠨ ᠭᠠᠮᠰᠢᠭ᠋ ᠡᠴᠠ ᠠᠪᠤᠷᠠᠬᠤ ᠵᠥᠪᠯᠡᠯ ᠣᠢᠷ᠎ᠠ᠎ᠳᠤ ᠮᠡᠳᠡᠭᠳᠡᠯ ᠳᠠᠷᠤᠮᠠᠯᠯᠠᠨ ᠲᠠᠷᠬᠠᠭᠠᠵᠤ᠂ ᠡᠪᠦᠯ
ᠬᠠᠪᠤᠷ᠎ᠤᠨ ᠪᠠᠢᠭᠠᠯᠢ᠎ᠶᠢᠨ ᠭᠠᠮᠰᠢᠭ᠋᠎ᠤᠨ ᠣᠨᠴᠠᠯᠢᠭ᠋ ᠪᠣᠯᠣᠨ ᠪᠠᠢᠳᠠᠯ᠎ᠲᠠᠢ ᠤᠶᠠᠯᠳᠤᠭᠤᠯᠵᠤ᠂ ᠭᠠᠮᠰᠢᠭ᠋ ᠡᠴᠡ
ᠰᠡᠷᠭᠡᠢᠯᠡᠵᠦ ᠭᠠᠮᠰᠢᠭ᠋ ᠢ᠋ ᠪᠠᠭᠠᠰᠬᠠᠨ ᠭᠠᠮᠰᠢᠭ᠋᠎ᠠᠴᠠ ᠠᠪᠤᠷᠠᠬᠤ ᠬᠠᠷᠢᠭᠤᠴᠠᠯᠭ᠎ᠠ ᠶ᠋ᠢ ᠨᠠᠷᠢᠨ ᠬᠢᠨᠠᠮᠠᠭᠠᠢ
ᠨᠠᠢᠳᠠᠪᠤᠷᠢᠵᠢᠭᠤᠯᠵᠤ᠂ ᠬᠦᠨᠳᠦ ᠣᠨᠴᠠ ᠶᠡᠬᠡ ᠭᠠᠮᠰᠢᠭ᠋᠎ᠢ ᠰᠡᠷᠭᠡᠢᠯᠡᠨ ᠠᠷᠭᠠᠴᠠᠭᠠᠬᠤ ᠪᠡᠯᠡᠳᠬᠡᠯ᠎ᠢ ᠴᠢᠩᠭᠠᠳᠬᠠᠵᠤ᠂
ᠠᠷᠠᠳ ᠤᠯᠠᠨ᠎ᠤ ᠠᠮᠢ ᠨᠠᠰᠤ ᠡᠳ᠋ ᠬᠥᠷᠥᠩᠭᠡ᠎ᠶᠢᠨ ᠠᠮᠤᠷ ᠲᠦᠪᠰᠢᠨ ᠪᠣᠯᠣᠨ ᠨᠡᠢᠭᠡᠮ᠎ᠦᠨ ᠶᠡᠬᠡ ᠲᠠᠯ᠎ᠠ᠎ᠶᠢᠨ
ᠲᠣᠭᠲᠠᠭᠤᠨ᠎ᠢ ᠪᠠᠲᠤᠯᠠᠬᠤ ᠬᠡᠷᠡᠭᠲᠡᠢ ᠭᠡᠵᠦ ᠱᠠᠭᠠᠷᠳᠠᠪᠠ᠃
✦ ᠬᠦᠳᠡᠭᠡ ᠠᠵᠤ ᠠᠬᠤᠢ ᠬᠥᠳᠡᠭᠡ ᠲᠣᠰᠬᠣᠨ᠎ᠤ ᠶᠠᠮᠤᠨ᠎ᠤ
ᠮᠡᠳᠡᠭᠡ ᠵᠢ ᠦᠨᠳᠦᠰᠦᠯᠡᠪᠡᠯ᠂ 2021 ᠣᠨ᠎ᠤ 1 ᠰᠠᠷ᠎ᠠ᠎ᠶᠢᠨ 1᠎ᠦ ᠡᠳᠦᠷ᠎ᠡᠴᠡ ᠬᠥᠬᠡᠮᠥ᠋ᠷᠡᠨ ᠳ᠋ᠤ ᠵᠢᠭᠠᠰᠤ
ᠠᠨᠭᠨᠠᠬᠤ ᠬᠤᠷᠢᠭ᠎ᠠ ᠲᠠᠯᠪᠢᠬᠤ 10 ᠵᠢᠯ᠎ᠤᠨ ᠠᠵᠢᠯᠯᠠᠭ᠎ᠠ ᠶ᠋ᠢ ᠪᠥᠬᠥ ᠲᠠᠯ᠎ᠠ᠎ᠪᠠᠷ ᠬᠡᠷᠡᠭᠵᠢᠭᠦᠯᠦᠭᠰᠡᠨ᠎ᠡᠴᠡ
ᠨᠠᠭᠠᠰᠢ ᠱᠠᠲᠤᠴᠢ ᠴᠢᠨᠠᠷᠲᠠᠢ ᠦᠷ᠎ᠡ ᠪᠦᠲᠦᠮᠵᠢ ᠤᠯᠵᠠᠢ᠃ 5 ᠵᠢᠯ᠎ᠦᠨ ᠲᠤᠷᠰᠢ᠂ ᠵᠢᠭᠠᠰᠤᠨ᠎ᠤ ᠶᠠᠪᠤᠳᠠᠯ᠎ᠤᠨ
ᠣᠩᠭᠣᠴᠠ ᠰᠠᠯ᠂ ᠵᠢᠯᠣᠭᠣᠴᠢ ᠦᠭᠡᠢ ᠨᠢᠰᠬᠡᠯ᠂ ᠷᠠᠳᠠᠷ ᠵᠡᠷᠭᠡ ᠳᠡᠭᠡᠳᠦ ᠰᠢᠨ᠎ᠠ ᠮᠡᠷᠭᠡᠵᠢᠯ᠎ᠦᠨ ᠲᠣᠨᠣᠭ ᠲᠥᠬᠦᠭᠡᠷᠦᠮᠵᠢ
ᠭᠣᠣᠯᠳᠠᠯᠭ᠎ᠠ᠎ᠲᠠᠢ ᠤᠰᠤᠨ ᠣᠷᠣᠨ᠎ᠢ ᠦᠨᠳᠦᠰᠦᠨ᠎ᠳᠡᠭᠡᠨ ᠬᠠᠮᠤᠷᠪᠠ᠃

✦ ᠲᠥᠷᠥ᠎ᠶᠢᠨ ᠶᠠᠪᠤᠳᠠᠯ᠎ᠤᠨ ᠬᠣᠷᠢᠶ᠎ᠠ ᠵᠢᠨ ᠠᠯᠪᠠᠨ
ᠲᠢᠩᠬᠢᠮ᠎ᠤᠨ ᠨᠡᠢᠲᠡᠯᠡᠭᠰᠡᠨ 《2026 ᠣᠨ᠎ᠤ ᠬᠡᠰᠡᠭ ᠪᠠᠶᠠᠷ ᠳᠤᠷᠠᠰᠬᠠᠯ᠎ᠤᠨ ᠠᠮᠠᠷᠠᠯᠲᠠ᠎ᠶᠢᠨ
ᠡᠳᠦᠷ ᠦ᠋ᠨ ᠲᠣᠬᠢᠷᠠᠭᠤᠯᠤᠯᠲᠠ᠎ᠶᠢᠨ ᠲᠤᠬᠠᠢ ᠮᠡᠳᠡᠭᠳᠡᠯ》᠎ᠢ
ᠦᠨᠳᠦᠰᠦᠯᠡᠪᠡᠯ᠂ 2026 ᠣᠨ᠎ᠤ ᠰᠢᠨ᠎ᠡ ᠤᠨ᠂ ᠴᠠᠭᠠᠨ ᠰᠠᠷ᠎ᠠ᠂ ᠬᠠᠩᠰᠢ ᠶ᠋ᠢᠨ ᠡᠳᠦᠷ᠂ ᠬᠥᠳᠡᠯᠮᠦᠷᠢᠴᠢᠳ ᠦ᠋ᠨ
ᠪᠠᠶᠠᠷ᠂ ᠲᠠᠪᠤᠨ ᠰᠠᠷ᠎ᠠ᠎ᠶᠢᠨ ᠰᠢᠨ᠎ᠡ ᠶ᠋ᠢᠨ ᠲᠠᠪᠤᠨ᠎ᠤ ᠪᠠᠶᠠᠷ᠂ ᠨᠠᠢ᠍ᠮᠠᠨ ᠰᠠᠷ᠎ᠠ᠎ᠶᠢᠨ ᠲᠡᠷᠭᠡᠯ ᠪᠠᠶᠠᠷ
ᠪᠠ ᠤᠯᠤᠰ᠎ᠤᠨ ᠪᠠᠶᠠᠷ᠎ᠤᠨ ᠠᠮᠠᠷᠠᠯᠲᠠ᠎ᠶᠢᠨ ᠡᠳᠦᠷ ᠨᠡᠶ᠋ᠢᠲᠡ 33 ᠡᠳᠦᠷ ᠪᠠᠢᠵᠤ᠂ 2025 ᠣᠨ᠎ᠤ ᠬᠢ ᠡᠴᠡ 5
ᠡᠳᠦᠷ ᠨᠡᠮᠡᠭᠳᠡᠵᠡᠢ᠃
✦ ᠣᠷᠣᠨ ᠰᠠᠭᠤᠴᠠ ᠪᠠ ᠬᠣᠲᠠ ᠬᠥᠳᠡᠭᠡ᠎ᠶᠢᠨ ᠪᠦᠲᠦᠭᠡᠨ
ᠪᠠᠢᠭᠤᠯᠤᠯᠲᠠ ᠶ᠋ᠢᠨ ᠶᠠᠮᠤᠨ ᠣᠢᠷ᠎ᠠ᠎ᠳᠤ ᠣᠷᠣᠨ ᠰᠠᠭᠤᠴᠠ᠎ᠶᠢᠨ ᠴᠢᠨᠠᠷ ᠴᠢᠨᠰᠠᠭ᠎ᠠ᠎ᠶᠢ ᠳᠡᠭᠡᠭᠰᠢᠯᠡᠭᠦᠯᠬᠦ
ᠲᠤᠬᠠᠢ ᠰᠠᠨᠠᠯ ᠨᠡᠢᠲᠡᠯᠡᠵᠦ᠂ 2030 ᠣᠨ ᠪᠣᠯᠬᠤ᠎ᠳᠤ ᠭᠡᠷ ᠪᠠᠢᠰᠢᠩ᠎ᠤᠨ ᠴᠢᠨᠠᠷ ᠴᠢᠨᠰᠠᠭ᠎ᠠ᠎ᠶᠢ ᠳᠡᠭᠡᠭᠰᠢᠯᠡᠭᠦᠯᠬᠦ
ᠢᠨᠵᠧᠨᠧᠷᠢᠩ᠎ᠢ ᠢᠯᠡᠳᠲᠡ ᠠᠬᠢᠴᠠ᠎ᠲᠠᠢ ᠪᠣᠯᠭᠠᠵᠤ᠂ ᠣᠷᠣᠨ ᠰᠠᠭᠤᠴᠠ᠎ᠶᠢᠨ ᠪᠠᠷᠢᠮᠵᠢᠶ᠎ᠠ᠂ ᠵᠢᠷᠤᠭ ᠲᠥᠯᠥᠪᠯᠡᠭᠡ᠂
ᠮᠠᠲᠧᠷᠢᠶᠠᠯ᠂ ᠪᠠᠷᠢᠵᠤ ᠪᠠᠶ᠋ᠢᠭᠤᠯᠬᠤ᠂ ᠠᠵᠢᠯᠯᠠᠭᠤᠯᠵᠤ ᠪᠠᠲᠤᠯᠠᠬᠤ ᠬᠢᠷᠢ ᠲᠦᠪᠰᠢᠨ᠎ᠢ ᠶᠡᠬᠡᠪᠡᠷ ᠳᠡᠭᠡᠭᠰᠢᠯᠡᠭᠦᠯᠦᠨ᠎ᠡ
ᠬᠡᠵᠡᠢ᠃
✦ 2025 ᠣᠨ᠎ᠳᠤ᠂ ᠪᠥᠬᠥ ᠤᠯᠤᠰ᠎ᠤᠨ ᠳᠤᠮᠳᠠᠴᠢ ᠠᠭᠠᠷ᠎ᠤᠨ
ᠳᠤᠯᠠᠭᠠᠨ 11.0 ᠭᠷᠡᠳᠦ᠋ᠰ ᠪᠠᠢᠵᠤ᠂ ᠡᠩ᠎ᠦᠨ ᠵᠢᠯ (9.9 ᠭᠷᠡᠳᠦ᠋ᠰ)᠎ᠤᠨ ᠬᠢ᠎ᠡᠴᠡ 1.1 ᠭᠷᠡᠳᠦ᠋ᠰ
ᠥᠨᠳᠥᠷ ᠪᠤᠯᠵᠥ᠂ 2024 ᠣᠨ᠎ᠤ 10.9 ᠭᠷᠡᠳᠦ᠋ᠰ
ᠤ᠋ᠨ ᠲᠡᠮᠳᠡᠭᠯᠡᠯ᠎ᠢ ᠳᠠᠪᠠᠵᠤ᠂ 1961 ᠣᠨ᠎ᠠᠴᠠ ᠨᠠᠭᠠᠰᠢᠬᠢ ᠲᠡᠦᠬᠡ ᠶ᠋ᠢᠨ ᠲᠡᠮᠳᠡᠭᠯᠡᠯ᠎ᠢ ᠳᠠᠬᠢᠨᠲᠠ
ᠰᠢᠨᠡᠳᠬᠡᠵᠡᠢ᠃
✦ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ
ᠪᠠᠴᠢᠮ ᠪᠠᠢᠳᠠᠯ᠎ᠢ ᠠᠷᠭᠠᠴᠠᠭᠠᠬᠤ ᠬᠠᠮᠢᠶᠠᠷᠤᠯᠳᠠ ᠵᠢᠨ ᠲᠢᠨᠭᠬᠢᠮ᠎ᠤᠨ ᠮᠡᠳᠡᠭᠡ ᠵᠢ ᠦᠨᠳᠦᠰᠦᠯᠡᠪᠡᠯ᠂
2025 ᠣᠨ᠎ᠳᠤ ᠥᠪᠥᠷ ᠮᠣᠩᠭᠣᠯ ᠠᠮᠢ ᠠᠬᠤᠢ᠎ᠶᠢᠨ ᠬᠠᠮᠠᠭᠠᠯᠠᠯᠠᠳᠠ᠎ᠶᠢᠨ ᠭᠣᠣᠯᠳᠠᠯᠭ᠎ᠠ ᠲᠠᠢ ᠭᠠᠵᠠᠷ ᠣᠷᠣᠨ᠂
ᠴᠠᠭ ᠬᠤᠭᠤᠴᠠᠭ᠎ᠠ᠎ᠶᠢ ᠴᠢᠩᠭ᠎ᠠ ᠠᠩᠬᠠᠷᠴᠤ᠂ ᠪᠦᠬᠦ ᠵᠢᠯ᠎ᠳᠦ ᠠᠶᠤᠩᠭ᠎ᠠ᠎ᠡᠴᠡ ᠪᠤᠯᠤᠭᠰᠠᠨ ᠤᠢ ᠰᠢᠭᠤᠢ ᠶ᠋ᠢᠨ
ᠲᠦᠢᠮᠡᠷ ᠭᠤᠷᠪᠠᠬᠠᠨ ᠤᠳᠠᠭ᠎ᠠ ᠡᠭᠦᠰᠦᠭᠰᠡᠨ ᠪᠥᠭᠡᠳ ᠴᠥᠮ 2 ᠴᠠᠭ᠎ᠤᠨ ᠳᠣᠲᠣᠷ᠎ᠠ ᠤᠨᠲᠠᠷᠠᠭᠠᠵᠤ᠂
ᠬᠥᠮᠥᠨ ᠡᠴᠡ ᠰᠢᠯᠲᠠᠭᠠᠯᠠᠭᠰᠠᠨ ᠲᠦᠢᠮᠡᠷ ᠦ᠋ᠨ ᠭᠠᠮᠰᠢᠭ᠋ ᠡᠭᠦᠰᠦᠭᠰᠡᠨ ᠦᠭᠡᠢ ᠪᠠᠢᠵᠤ᠂ ᠲᠦᠢᠮᠡᠷ᠎ᠦᠨ
ᠭᠠᠮᠰᠢᠭ᠋᠎ᠤᠨ ᠤᠳᠠᠭ᠎ᠠ ᠪᠠᠷ ᠬᠠᠮᠤᠭ᠎ᠤᠨ ᠴᠥᠭᠡᠨ ᠣᠨ ᠪᠤᠯᠤᠭᠰᠠᠨ ᠪᠠᠢᠨ᠎ᠠ᠃
✦ ᠦᠢᠷᠠᠳ᠋ᠤ ᠵᠡᠭᠦᠨ ᠦᠵᠦᠮᠦᠴᠢᠨ ᠬᠣᠰᠢᠭᠤᠨ᠎ᠤ ᠮᠠᠨᠳᠤᠬᠤᠪᠤᠯᠠᠭ
ᠪᠠᠯᠭᠠᠰᠤ ᠵᠢᠨ ᠮᠠᠨᠳᠤᠬᠤᠪᠤᠯᠠᠭ ᠭᠠᠴᠠᠭ᠎ᠠ ᠵᠢᠨ ᠮᠠᠯᠴᠢᠨ ᠬᠣᠣᠰᠪᠠᠶᠠᠷ ᠮᠥᠩᠭᠦᠨᠴᠡᠴᠡᠭ᠎ᠦᠨ ᠬᠢ 《ᠴᠠᠭᠠᠨ ᠰᠢᠷᠡᠭᠡᠲᠦ᠎ᠶᠢᠨ ᠡᠪᠦᠯᠵᠢᠶ᠎ᠡ》 ᠳᠠᠯᠠᠨ
ᠭᠠᠵᠠᠷ ᠤ᠋ᠨ ᠮᠣᠷᠢᠲᠠᠢ ᠠᠶᠠᠯᠠᠯ ᠶᠠᠪᠤᠭᠳᠠᠭᠤᠯᠵᠦ᠂ ᠠᠵᠢᠯᠯᠠᠭ᠎ᠠ
ᠳ᠋ᠤ ᠪᠠᠷᠠᠭᠤᠨ ᠦᠵᠦᠮᠦᠴᠢᠨ ᠬᠣᠰᠢᠭᠤ ᠪᠠ ᠵᠡᠭᠦᠨ ᠦᠵᠦᠮᠦᠴᠢᠨ ᠬᠣᠰᠢᠭᠤᠨ᠎ᠤ ᠡᠯ᠎ᠡ ᠰᠤᠮᠤ ᠪᠠᠯᠭᠠᠰᠤ᠎ᠠᠴᠠ
60 ᠭᠠᠷᠤᠢ ᠮᠣᠷᠢᠲᠠᠨ ᠬᠦᠷᠦᠯᠴᠡᠨ ᠢᠷᠡᠵᠦ ᠣᠷᠣᠯᠴᠠᠵᠠᠢ᠃

ᠠᠵᠤ ᠠᠬᠤᠢ
✦ ᠣᠢᠷ᠎ᠠ᠎ᠳᠤ ᠡᠳ᠋᠎ᠦᠨ ᠵᠠᠰᠠᠭ᠎ᠤᠨ ᠶᠠᠮᠤᠨ᠂ ᠬᠦᠳᠡᠭᠡ
ᠠᠵᠤ ᠠᠬᠤᠢ ᠬᠥᠳᠡᠭᠡ ᠲᠣᠰᠬᠣᠨ᠎ᠤ ᠶᠠᠮᠤᠨ᠎ᠲᠠᠢ ᠬᠠᠮᠲᠤᠷᠠᠨ ᠲᠥᠪ᠎ᠦᠨ ᠡᠳ᠋᠎ᠦᠨ ᠵᠠᠰᠠᠭ᠎ᠤᠨ ᠲᠠᠷᠢᠶᠠᠯᠠᠩ᠎ᠤᠨ
ᠦᠢᠯᠡᠳᠪᠦᠷᠢᠯᠡᠯ᠎ᠦᠨ ᠭᠠᠮᠰᠢᠭ᠋᠎ᠡᠴᠡ ᠰᠡᠷᠭᠡᠢᠯᠡᠨ ᠭᠠᠮᠰᠢᠭ᠋
ᠠ᠋ᠴᠠ ᠠᠪᠤᠷᠠᠬᠤ ᠪᠡᠯᠡ ᠮᠥᠩᠭᠥ᠎ᠶᠢ 5.12 ᠳ᠋ᠦᠩᠰᠢᠭᠤᠷ ᠲᠥᠭᠥᠷᠢᠭ ᠪᠠᠭᠤᠯᠭᠠᠵᠤ᠂ ᠥᠪᠥᠷ ᠮᠣᠩᠭᠣᠯ᠂
ᠰᠧᠴᠦᠸᠠᠨ᠂ ᠶᠦᠨᠨᠠᠨ᠂ ᠲᠥᠪᠡᠳ᠂ ᠭᠠᠨᠰᠤ᠂ ᠬᠥᠬᠡᠨᠠᠭᠤᠷ᠂ ᠨᠢᠩᠰᠢᠶᠠ᠂ ᠰᠢᠨᠵᠢᠶᠠᠩ ᠵᠡᠷᠭᠡ 8 ᠮᠠᠯᠵᠢᠬᠤ ᠮᠤᠵᠢ
ᠣᠷᠣᠨ᠎ᠤ ᠡᠪᠦᠯ᠎ᠤᠨ ᠡᠪᠡᠰᠦ ᠪᠣᠷᠳᠣᠭ᠎ᠠ ᠨᠥᠭᠡᠴᠡᠯᠡᠬᠦ ᠶᠢ ᠭᠣᠣᠯᠳᠠᠯᠭ᠎ᠠ ᠲᠠᠢ ᠳᠡᠮᠵᠢᠪᠡ᠃

✦ ᠵᠠᠮ ᠬᠠᠷᠯᠴᠠᠭᠠ ᠲᠡᠭᠡᠭᠡᠪᠦᠷᠢ ᠶᠢᠨ ᠶᠠᠮᠤᠨ᠎ᠤ
ᠮᠡᠳᠡᠭᠡ ᠶᠢ ᠦᠨᠳᠦᠰᠦᠯᠡᠪᠡᠯ᠂ ᠰᠢᠨ᠎ᠡ ᠤᠨ᠎ᠤ ᠠᠮᠠᠷᠠᠯᠲᠠ᠎ᠶᠢᠨ ᠬᠤᠭᠤᠴᠠᠭᠠᠨ᠎ᠳᠤ ᠵᠢᠱ᠌ᠢᠯᠲᠡ ᠪᠡᠷ ᠪᠥᠬᠥ ᠨᠡᠢᠭᠡᠮ᠎ᠦᠨ
ᠣᠷᠣᠨ ᠪᠦᠰᠡ ᠠᠯᠤᠰᠯᠠᠭᠰᠠᠨ ᠬᠥᠮᠥᠰ᠎ᠦᠨ ᠰᠢᠯᠵᠢᠯᠲᠡ᠎ᠶᠢᠨ ᠬᠡᠮᠵᠢᠶ᠎ᠠ ᠨᠡᠶ᠋ᠢᠲᠡ 5.9 ᠳ᠋ᠦᠩᠰᠢᠭᠤᠷ ᠬᠥᠮᠥᠨ
ᠤᠳᠠᠭ᠎ᠠ᠎ᠳᠤ ᠬᠦᠷᠴᠦ᠂ ᠡᠳᠦᠷ ᠳᠤᠮᠳᠠᠴᠢ᠎ᠪᠠᠷ 1.98 ᠳ᠋ᠦᠩᠰᠢᠭᠤᠷ ᠬᠥᠮᠥᠨ ᠤᠳᠠᠭ᠎ᠠ᠎ᠵᠢ ᠳᠠᠪᠠᠵᠤ᠂ ᠠᠳᠠᠯᠢ ᠬᠤᠭᠤᠴᠠᠭᠠᠨ᠎ᠤ
ᠬᠢ᠎ᠡᠴᠡ 19.5% ᠪᠡᠷ ᠨᠡᠮᠡᠭᠳᠡᠪᠡ᠃

✦ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ
ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠨᠡᠢᠲᠡᠯᠡᠭᠰᠡᠨ ᠲᠤᠭ᠎ᠠ ᠪᠠᠷᠢᠮᠳᠠ ᠵᠢ ᠦᠨᠳᠦᠰᠦᠯᠡᠪᠡᠯ᠂ 2025
ᠣᠨ᠎ᠳ᠋ᠤ ᠥᠪᠥᠷ ᠮᠣᠩᠭᠣᠯ᠎ᠤᠨ ᠪᠥᠬᠥ ᠵᠢᠯ᠎ᠦᠨ ᠭᠥᠯᠢᠶᠡᠨ ᠠᠪᠤᠭᠰᠠᠨ ᠵᠢᠭᠤᠯᠴᠢᠯᠠᠭᠰᠠᠳ᠎ᠤᠨ ᠬᠡᠮᠵᠢᠶ᠎ᠠ 3 ᠳ᠋ᠦᠩᠰᠢᠭᠤᠷ
ᠬᠥᠮᠥᠨ ᠤᠳᠠᠭ᠎ᠠ᠎ᠳᠤ ᠬᠦᠷᠴᠦ᠂ ᠤᠯᠤᠰ᠎ᠤᠨ ᠳᠣᠲᠣᠭᠠᠳᠤ᠎ᠶᠢᠨ ᠵᠢᠭᠤᠯᠴᠢᠯᠠᠭᠰᠠᠳ᠎ᠤᠨ ᠪᠥᠬᠥ ᠵᠠᠷᠤᠳᠠᠯ 4500 ᠳ᠋ᠦᠩᠰᠢᠭᠤᠷ
ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 8.93% ᠪᠡᠷ ᠨᠡᠮᠡᠭᠳᠡᠪᠡ᠃ ᠠᠷᠪᠠᠨ ᠳᠥᠷᠪᠡᠳᠦᠭᠡᠷ
ᠲᠠᠪᠤᠨ ᠵᠢᠯ᠎ᠦᠨ ᠲᠥᠯᠦᠪᠵᠢᠭᠦᠯᠭᠡ᠎ᠶᠢᠨ ᠬᠤᠭᠤᠴᠠᠭᠠᠨ᠎ᠳᠤ ᠤᠯᠤᠰ᠎ᠤᠨ ᠳᠣᠲᠣᠭᠠᠳᠤ᠎ᠶᠢᠨ ᠵᠢᠭᠤᠯᠴᠢᠯᠠᠭᠰᠠᠳ᠎ᠢ
ᠨᠡᠢ᠍ᠢᠲᠡ ᠪᠠᠷᠤᠭ 10 ᠳ᠋ᠦᠩᠰᠢᠭᠤᠷ ᠬᠥᠮᠥᠨ ᠤᠳᠠᠭ᠎ᠠ ᠬᠦᠯᠢᠶᠡᠨ ᠠᠪᠴᠤ᠂ ᠵᠢᠭᠤᠯᠴᠢᠯᠠᠯ᠎ᠤᠨ ᠪᠦᠬᠦ ᠣᠷᠣᠯᠭ᠎ᠠ
1.5 ᠲᠦᠮᠡᠨ ᠳ᠋ᠦᠩᠰᠢᠭᠤᠷ ᠲᠥᠭᠥᠷᠢᠭ ᠲᠦ᠍ ᠬᠦᠷᠴᠠᠢ᠃
✦ ᠣᠢᠷ᠎ᠠ᠎ᠳᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ
ᠣᠷᠣᠨ᠎ᠤ ᠡᠳ᠋᠎ᠦᠨ ᠵᠠᠰᠠᠭ᠎ᠤᠨ ᠲᠢᠩᠬᠢᠮ᠎ᠡᠴᠡ 2026 ᠣᠨ᠎ᠤ ᠪᠥᠬᠥ ᠣᠷᠣᠨ᠎ᠤ ᠠᠮᠤ ᠲᠣᠰᠣᠨ᠎ᠤ ᠦᠢᠯᠡᠳᠪᠦᠷᠢᠯᠡᠯ᠎ᠦᠨ
ᠪᠠᠲᠤᠯᠠᠭ᠎ᠠ᠎ᠶᠢᠨ ᠪᠡᠯᠡ ᠮᠥᠩᠭᠥ᠎ᠶᠢ 1.15 ᠳ᠋ᠦᠩᠰᠢᠭᠤᠷ ᠲᠥᠭᠥᠷᠢᠭ ᠪᠠᠭᠤᠯᠭᠠᠵᠤ᠂ ᠪᠥᠬᠥ ᠣᠷᠣᠨ᠎ᠤ ᠠᠮᠤ ᠲᠣᠰᠣᠨ᠎ᠤ
ᠲᠠᠷᠢᠮᠠᠯ᠎ᠤᠨ ᠲᠠᠯᠠᠪᠠᠶ ᠨᠢᠭᠡᠴᠢ᠎ᠶᠢᠨ ᠤᠨᠠᠯᠲᠠ᠎ᠶᠢ ᠳᠡᠭᠡᠭᠰᠢᠯᠡᠭᠦᠯᠬᠦ᠎ᠳᠦ ᠪᠡᠯᠡ ᠮᠥᠩᠭᠥᠨ ᠤ᠋ ᠪᠠᠲᠤᠯᠠᠭ᠎ᠠ
ᠬᠠᠩᠭᠠᠪᠠ᠃ ᠵᠢᠱ᠌ᠢᠯᠲᠡ᠎ᠪᠡᠷ ᠪᠥᠬᠥ ᠣᠷᠣᠨ᠎ᠤ ᠪᠤᠭᠤᠳᠠᠢ᠎ᠶᠢᠨ ᠤᠨᠠᠯᠲᠠ᠎ᠶᠢ 3 ᠲᠦᠮᠡᠨ ᠲᠣᠨ ᠨᠡᠮᠡᠭᠳᠡᠭᠦᠯᠵᠦ᠂
ᠳᠠᠷᠢᠮᠠᠯ ᠤ᠋ᠨ ᠡᠷᠦᠬᠡ᠎ᠶᠢᠨ ᠳᠤᠮᠳᠠᠴᠢ ᠣᠷᠣᠯᠭ᠎ᠠ᠎ᠶᠢ ᠮᠦ᠍ ᠪᠦᠷᠢ 100 ᠲᠥᠭᠥᠷᠢᠭ᠎ᠡᠴᠡ ᠳᠡᠭᠡᠭᠰᠢ ᠨᠡᠮᠡᠭᠳᠡᠭᠦᠯᠦᠨ᠎ᠡ᠃
ᠰᠣᠶᠣᠯ
✦ ᠲᠦᠷᠦᠭᠦᠬᠡᠨ ᠰᠢᠯᠢᠩᠬᠣᠲᠠ᠎ᠶᠢᠨ 《ᠴᠠᠰᠤᠲᠤ᠎ᠶᠢᠨ ᠤᠷᠤᠨ᠎ᠤ ᠬᠡᠷᠡᠯ ᠰᠡᠭᠦᠳᠡᠷ》 ᠬᠡᠷᠡᠯ
ᠵᠢᠷᠤᠭ᠎ᠤᠨ ᠤᠷᠤᠯᠳᠤᠭᠠᠨ ᠡᠬᠢᠯᠡᠪᠡ᠃ ᠤᠷᠤᠯᠳᠤᠭᠠᠨ᠎ᠳᠤ 59000 ᠲᠦᠬᠦᠷᠢᠭ ᠤ᠋ᠨ ᠱᠠᠩᠨᠠᠯ᠎ᠤᠨ ᠮᠥᠩᠭᠥ
ᠳᠤᠬᠢᠷᠠᠭᠤᠯᠵᠤ᠂ ᠪᠥᠬᠥ ᠤᠯᠤᠰ᠎ᠤᠨ ᠬᠡᠪᠴᠢᠶᠡᠨ ᠳ᠋ᠤ 2 ᠰᠠᠷ᠎ᠠ᠎ᠶᠢᠨ 5᠎ᠤ ᠡᠳᠦᠷ ᠪᠣᠯᠲᠠᠯ᠎ᠠ ᠡᠬᠡ ᠪᠢᠴᠢᠭ ᠡᠯᠰᠡᠨ᠎ᠡ᠃
✦ ᠤᠢᠷ᠎ᠠ ᠳ᠋ᠤ ᠤᠷᠠᠳ᠎ᠤᠨ ᠡᠮᠦᠨᠡᠲᠦ ᠬᠣᠰᠢᠭᠤᠨ᠎ᠤ ᠡᠷᠳᠡᠨᠢᠪᠤᠯᠠᠭ
ᠰᠤᠮᠤ ᠵᠢᠨ ᠪᠠᠶᠠᠨᠬᠤᠸᠠ ᠭᠠᠴᠠᠭᠠᠨ᠎ᠳᠤ ᠤᠷᠠᠳ ᠠᠷᠠᠳ᠎ᠤᠨ ᠳᠠᠭᠤᠤ᠎ᠶᠢᠨ ᠤᠷᠤᠯᠳᠤᠭᠠᠨ ᠵᠢᠴᠢ ᠪᠠᠶᠠᠨᠬᠤᠸᠠ ᠭᠠᠴᠠᠭᠠᠨ᠎ᠤ
ᠪᠣᠯᠪᠠᠰᠤᠷᠠᠨ ᠰᠤᠷᠬᠤ ᠰᠠᠭᠤᠷᠢᠨ ᠪᠠᠢᠭᠤᠯᠤᠭᠳᠠᠭᠰᠠᠨ 10 ᠵᠢᠯ᠎ᠦᠨ ᠣᠢ᠎ᠶᠢ ᠪᠡᠯᠭᠡᠯᠡᠬᠦ ᠠᠵᠢᠯᠯᠠᠭ᠎ᠠ ᠶᠠᠪᠤᠭᠳᠠᠯ᠎ᠠ᠃
ᠠᠵᠢᠯᠯᠠᠭ᠎ᠠ᠎ᠳᠤ ᠳᠠᠭᠤᠴᠢᠳ ᠤᠷᠠᠳ ᠠᠷᠠᠳ᠎ᠤᠨ ᠳᠠᠭᠤᠤ᠎ᠪᠠᠨ ᠤᠶᠠᠩᠭᠠᠯᠠᠨ ᠳᠠᠭᠤᠯᠠᠵᠤ᠂ ᠰᠢᠨ᠎ᠡ ᠣᠨ᠎ᠳᠤ ᠬᠥᠷ
ᠬᠥᠭᠵᠢᠶᠡᠨ ᠪᠠᠶᠠᠷ ᠪᠠᠶᠠᠰᠤᠯ ᠨᠡᠮᠡᠷᠢᠯᠡᠵᠡᠢ᠃

ᠲᠠᠮᠢᠷ
✦ 1 ᠰᠠᠷ᠎ᠠ ᠵᠢᠨ 2᠎ᠤᠨ ᠡᠳᠦᠷ᠂ 2025 ᠣᠨ᠎ᠤ ᠥᠪᠥᠷ
ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ᠎ᠤ ᠪᠥᠬᠥ ᠠᠷᠠᠳ᠎ᠤᠨ ᠪᠡᠶ᠎ᠡ ᠴᠢᠭᠢᠷᠠᠭᠵᠢᠭᠤᠯᠬᠤ ᠴᠠᠰᠤ ᠮᠦᠰᠦᠨ᠎ᠤ
ᠤᠷᠤᠯᠳᠤᠭᠠᠨ᠎ᠤ ᠴᠠᠰᠤᠲᠤ ᠲᠠᠯᠠᠪᠤᠷ᠎ᠤᠨ ᠬᠥᠯ ᠪᠥᠮᠪᠥᠭᠡ᠎ᠶᠢᠨ ᠰᠢᠢᠳᠪᠦᠷᠢᠲᠦ ᠤᠷᠤᠯᠳᠤᠭᠠᠨ ᠵᠢᠴᠢ ᠬᠢᠩᠭᠠᠨ ᠠᠢᠮᠠᠭ᠎ᠤᠨ
ᠴᠠᠰᠤᠲᠤ ᠲᠠᠯᠠᠪᠤᠷ᠎ᠤᠨ ᠬᠥᠯ ᠪᠥᠮᠪᠥᠭᠡ᠎ᠶᠢᠨ ᠬᠣᠯᠪᠣᠭᠠᠲᠤ ᠤᠷᠤᠯᠳᠤᠭᠠᠨ ᠷᠠᠰᠢᠶᠠᠨ ᠬᠣᠲᠠ ᠳ᠋ᠤ ᠦᠨᠳᠦᠷᠯᠡᠵᠦ᠂
ᠬᠢᠩᠭᠠᠨ ᠠᠢᠮᠠᠭ᠎ᠤᠨ ᠲᠥᠯᠥᠭᠡᠯᠡᠭᠴᠢᠳ᠎ᠦᠨ ᠠᠩᠭᠢ᠂ ᠲᠦᠩᠯᠢᠶᠣᠣ ᠬᠣᠲᠠ᠎ᠶᠢᠨ ᠲᠥᠯᠥᠭᠡᠯᠡᠭᠴᠢᠳ ᠦ᠋ᠨ ᠠᠩᠭᠢ᠂ ᠮᠠᠨᠵᠤᠤᠷ
ᠬᠣᠲᠠ᠎ᠶᠢᠨ ᠲᠥᠯᠥᠭᠡᠯᠡᠭᠴᠢᠳ᠎ᠦᠨ ᠠᠩᠭᠢ ᠲᠤᠰ ᠤᠳᠠᠭᠠᠨ᠎ᠤ ᠤᠷᠤᠯᠳᠤᠭᠠᠨ᠎ᠤ ᠲᠡᠷᠢᠬᠦᠨ ᠳᠡᠳ᠋ ᠭᠤᠳᠠᠭᠠᠷ ᠪᠠᠢᠷᠢ ᠳ᠋ᠤ
ᠤᠷᠤᠪᠠ᠃

ᠳᠡᠯᠡᠬᠡᠢ
✦ ᠰᠢᠨᠬᠤᠸᠠ ᠬᠤᠷᠢᠶ᠎ᠠ ᠵᠢᠨ ᠮᠡᠳᠡᠭᠡ ᠵᠢ
ᠦᠨᠳᠦᠰᠦᠯᠡᠪᠡᠯ᠂ ᠠᠮᠧᠷᠢᠺᠠ ᠶ᠋ᠢᠨ ᠶᠡᠷᠦᠩᠬᠡᠢᠯᠡᠭᠴᠢ ᠲᠸᠷᠠᠮᠫᠦ᠋ 3᠎ᠤ ᠡᠳᠦᠷ ᠢᠯᠡᠷᠬᠡᠢᠯᠡᠭᠰᠡᠨ ᠵᠢᠡᠷ᠂ ᠠᠮᠧᠷᠢᠺᠠ
ᠶ᠋ᠢᠨ ᠬᠢᠨ ᠸᠧᠨᠧᠽᠦ᠋ᠧᠯᠠ᠎ᠳᠤ ᠠᠪᠤᠭᠰᠠᠨ ᠠᠵᠢᠯᠯᠠᠭ᠎ᠠ ᠳᠤᠮᠳᠠ᠎ᠪᠠᠨ ᠸᠧᠨᠧᠽᠦ᠋ᠧᠯᠠ ᠶ᠋ᠢᠨ ᠶᠡᠷᠦᠩᠬᠡᠢᠯᠡᠭᠴᠢ
ᠮᠠᠳᠦ᠋ᠷᠤ᠋ ᠵᠢᠴᠢ ᠲᠡᠭᠦᠨ᠎ᠦ ᠬᠠᠲᠤᠨ᠎ᠢ ᠪᠠᠷᠢᠪᠴᠢᠯᠠᠭᠰᠠᠨ ᠪᠥᠭᠡᠳ ᠲᠡᠳᠡᠨ᠎ᠢ ᠨᠢᠭᠡᠨᠳᠡ ᠠᠮᠧᠷᠢᠺᠠ ᠳ᠋ᠤ
ᠠᠪᠴᠢᠷᠠᠵᠠᠢ ᠭᠡᠪᠡ᠃

✦ ᠰᠢᠨᠬᠤᠸᠠ ᠬᠤᠷᠢᠶ᠎ᠠ ᠵᠢᠨ ᠮᠡᠳᠡᠭᠡ ᠵᠢ
ᠦᠨᠳᠦᠰᠦᠯᠡᠪᠡᠯ᠂ ᠣᠷᠣᠰ᠎ᠤᠨ ᠭᠠᠳᠠᠭᠠᠳᠤ ᠬᠠᠷᠢᠯᠴᠠᠭᠠᠨ᠎ᠤ ᠶᠠᠮᠤᠨ᠎ᠤ ᠥᠭᠦᠯᠡᠭᠴᠢ 2᠎ᠤᠨ ᠡᠳᠦᠷ ᠶᠠᠫᠤᠨ᠎ᠤ ᠳᠠᠶ᠋ᠢᠨ᠎ᠦ 20 ᠶᠠᠯᠠᠲᠠᠨ᠎ᠤ ᠨᠡᠷᠡᠰ ᠢ᠋ ᠨᠡᠢᠲᠡᠯᠡᠭᠰᠡᠨ ᠪᠥᠭᠡᠳ ᠣᠷᠣᠰ᠎ᠤᠨ ᠬᠢᠨ ᠶᠠᠫᠤᠨ᠎ᠤ ᠴᠡᠷᠢᠭᠵᠢᠬᠦᠯᠬᠦ ᠦᠵᠡᠯᠲᠡᠳ᠎ᠦᠨ
ᠶᠠᠯᠠᠲᠤ ᠠᠵᠢᠯᠯᠠᠭ᠎ᠠ ᠶ᠋ᠢ ᠦᠷᠭᠦᠯᠵᠢᠯᠡᠨ ᠢᠯᠡᠴᠢᠯᠡᠵᠦ ᠨᠡᠢᠲᠡᠯᠡᠨ᠎ᠡ ᠭᠡᠵᠡᠢ᠃
ᠦᠢᠯᠡᠴᠢᠯᠡᠭᠡ
✦ ᠲᠣᠭᠲᠠᠬᠤ ᠰᠢᠶᠠᠨ 40 ᠨᠡᠢᠭᠡᠮ
ᠲᠣᠭᠣᠷᠢᠭ᠋᠎ᠤᠨ ᠲᠤᠰᠬᠠᠢ ᠲᠤᠰᠢᠶᠠᠯᠲᠤ ᠠᠵᠢᠯᠲᠠᠨ ᠡᠯᠰᠡᠨ᠎ᠠ᠃
ᠲᠠᠨ᠎ᠤ ᠲᠤᠰᠠ᠎ᠳᠤ
✦ ᠡᠪᠦᠯ᠎ᠦᠨ ᠤᠯᠠᠷᠢᠯ᠎ᠳᠤ ᠠᠷᠠᠰᠤ ᠬᠠᠭᠤᠷᠠᠢᠰᠢᠬᠤᠶᠢᠨ
ᠭᠣᠣᠯ ᠰᠢᠯᠲᠠᠭᠠᠨ ᠨᠢ ᠭᠤᠤᠯᠳᠠᠭᠤ ᠠᠭᠤᠷ ᠠᠮᠢᠰᠬᠤᠯ ᠭᠠᠩ ᠬᠠᠭᠤᠷᠠᠢ᠎ᠠᠴᠠ ᠪᠣᠯᠤᠭᠰᠠᠨ ᠪᠠᠢᠵᠤ ᠮᠡᠳᠡᠨ᠎ᠠ᠃ ᠡᠨᠡ
ᠦᠶ᠎ᠡ᠎ᠳᠦ ᠪᠡᠶ᠎ᠡ ᠤᠬᠢᠶᠠᠬᠤ ᠤᠳᠠᠭ᠎ᠠ᠎ᠪᠠᠨ ᠨᠡᠮᠡᠭᠳᠡᠭᠦᠯᠬᠦ ᠦᠭᠡᠢ ᠪᠤᠯ ᠰᠠᠢᠨ᠃ ᠬᠡᠲᠦᠷᠬᠡᠢ ᠤᠯᠠᠨ
ᠤᠳᠠᠭ᠎ᠠ ᠤᠬᠢᠶᠠᠪᠠᠯ ᠵᠥᠪᠬᠡᠨ ᠣᠬᠣᠷ ᠬᠤᠭᠤᠴᠠᠭᠠᠨ᠎ᠤ ᠬᠠᠭᠤᠷᠠᠢᠰᠢᠬᠤᠶᠢ ᠵᠣᠭᠰᠤᠭᠠᠬᠤ ᠦᠢᠯᠡᠳᠦᠯ᠎ᠲᠠᠢ ᠪᠠᠢᠵᠤ᠂
ᠵᠠᠯᠭᠠᠭᠠᠳ ᠨᠡᠩ ᠬᠦᠨᠳᠦ ᠨᠣᠴᠢᠲᠠᠢ ᠠᠷᠠᠰᠤᠨ᠎ᠤ ᠠᠰᠠᠭᠤᠳᠠᠯ᠎ᠢ ᠡᠭᠦᠰᠬᠡᠵᠦ ᠮᠡᠳᠡᠨ᠎ᠡ᠃

ᠵᠠᠯᠭᠠᠭᠠᠳ 《ᠲᠠᠪᠤᠨ ᠬᠠᠨ᠎ᠤ ᠦᠯᠦᠭᠡᠢ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ ᠳ᠋ᠤ ᠪᠠᠶᠠᠷᠯᠠᠯ᠎ᠠ᠂
ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)