



ᠨᠡᠢᠭᠡᠮ
✦ᠵᠢᠭᠤᠯᠴᠢᠯᠠᠯ ᠤᠨ ᠵᠠᠭᠠᠯᠳᠤᠯᠭ᠎ᠠ᠎ᠶᠢ ᠬᠠᠤᠯᠢ ᠶᠣᠰᠣᠭᠠᠷ ᠲᠥᠪ ᠭᠤᠤᠯᠴᠢ ᠪᠠᠷ ᠰᠢᠢᠳᠪᠦᠷᠢᠯᠡᠵᠦ᠂
ᠵᠢᠭᠤᠯᠴᠢᠯᠠᠭ᠍ᠴᠢ ᠪᠠ ᠵᠢᠭᠤᠯᠴᠢᠯᠠᠯ ᠡᠵᠡᠩᠨᠡᠭᠴᠢ᠎ᠶᠢᠨ ᠬᠠᠤᠯᠢ ᠶᠣᠰᠣᠨ᠎ᠤ ᠡᠷᠬᠡ ᠠᠰᠢᠭ᠋ ᠢ ᠬᠠᠮᠠᠭᠠᠯᠠᠬᠤ᠎ᠶᠢᠨ
ᠲᠥᠯᠥᠭᠡ᠂ ᠰᠣᠶᠣᠯ ᠪᠠ ᠵᠢᠭᠤᠯᠴᠢᠯᠠᠯ ᠤᠨ ᠶᠠᠮᠤᠨ ᠤᠢᠷ᠎ᠠ᠎ᠳᠦ 《ᠵᠢᠭᠤᠯᠴᠢᠯᠠᠯ᠎ᠤᠨ
ᠵᠠᠭᠠᠯᠳᠤᠯᠭ᠎ᠠ ᠶᠢ ᠰᠢᠢᠳᠪᠦᠷᠢᠯᠡᠬᠦ ᠠᠷᠭ᠎ᠠ》 ᠵᠢ ᠨᠡᠢᠲᠡᠯᠡᠵᠦ᠂
2026 ᠣᠨ᠎ᠤ 3 ᠰᠠᠷ᠎ᠠ᠎ᠶᠢᠨ 15᠎ᠤ ᠡᠳᠦᠷ᠎ᠡᠴᠡ ᠡᠬᠢᠯᠡᠵᠦ ᠬᠡᠷᠡᠭᠵᠢᠭᠦᠯᠦᠨ᠎ᠡ᠃
✦2 ᠰᠠᠷ᠎ᠠ᠎ᠶᠢᠨ 11᠎ᠦ ᠡᠳᠦᠷ᠂ ᠠᠭᠠᠷ᠎ᠤᠨ ᠠᠶᠠᠯᠠᠯ᠎ᠤᠨ ᠵᠢᠭᠤᠯᠴᠢᠯᠠᠯ᠎ᠤᠨ
ᠠᠷᠠᠳ᠎ᠤᠨ ᠠᠭᠠᠷ᠎ᠤᠨ ᠲᠡᠭᠡᠭᠡᠪᠦᠷᠢ᠎ᠶᠢᠨ ᠠᠯᠪᠠᠨ ᠲᠠᠯ᠎ᠠ᠎ᠶᠢᠨ ᠰᠢᠭᠤᠳ ᠪᠣᠷᠣᠯᠠᠭᠤᠯᠬᠤ ᠲᠠᠪᠴᠠᠩ ᠴᠠᠭᠠᠨ ᠰᠠᠷ᠎ᠠ᠎ᠶᠢᠨ
ᠵᠥᠭᠡᠭᠡᠪᠦᠷᠢ᠎ᠶᠢᠨ ᠨᠢᠰᠬᠡᠯ᠎ᠦᠨ ᠪᠢᠯᠧᠲ᠎ᠲᠦ 《ᠰᠦᠢᠳᠬᠡᠯ ᠬᠤᠷᠢᠶᠠᠬᠤ ᠦᠭᠡᠢ᠎ᠪᠡᠷ ᠪᠤᠴᠠᠭᠠᠬᠤ》ᠦᠢᠯᠡᠴᠢᠯᠡᠭᠡᠬᠠᠩᠭᠠᠬᠤ ᠪᠤᠯᠪᠠ᠃ ᠠᠶᠠᠨᠴᠢᠳ
《ᠬᠤᠳᠠᠯᠳᠤᠨ
ᠠᠪᠬᠤ ᠪᠠ ᠪᠤᠴᠠᠭᠠᠬᠤ》ᠲᠡᠮᠳᠡᠭ᠎ᠲᠠᠢ ᠨᠢᠰᠬᠡᠯ᠎ᠦᠨ ᠪᠢᠯᠧᠲ ᠬᠤᠳᠠᠯᠳᠤᠨ ᠠᠪᠴᠤ᠂ ᠪᠢᠯᠧᠲ
ᠭᠠᠷᠭᠠᠭᠰᠠᠨ᠎ᠤ ᠳᠠᠷᠠᠭ᠎ᠠ 24 ᠴᠠᠭ᠎ᠤᠨ ᠳᠣᠲᠣᠷ᠎ᠠ ᠠᠳᠠᠯᠢ ᠨᠢᠭᠡ ᠡᠭᠡᠯᠵᠢ᠎ᠶᠢᠨ ᠨᠢᠰᠬᠡᠯ᠎ᠦᠨ
ᠪᠢᠯᠧᠲ ᠨᠠᠩ ᠬᠢᠮᠳᠠ ᠪᠠᠢᠪᠠᠯ ᠪᠢᠯᠧᠲᠵᠢᠡᠨ ᠪᠤᠴᠠᠭᠠᠬᠤ ᠭᠤᠶᠤᠴᠢᠯᠠᠯ ᠲᠤᠰᠢᠶᠠᠵᠤ ᠪᠣᠯᠣᠨ᠎ᠠ᠃

✦2 ᠰᠠᠷ᠎ᠠ᠎ᠶᠢᠨ 11᠎ᠦ ᠡᠳᠦᠷ᠂ ᠨᠠᠨ ᠹᠠᠩ ᠠᠭᠠᠷ᠎ᠤᠨ ᠠᠶᠠᠯᠠᠯ᠎ᠤᠨ ᠺᠣᠮᠫᠠᠨᠢ᠎ᠶᠢᠨ ᠬᠠᠮᠤᠭ᠎ᠤᠨ
ᠰᠢᠨ᠎ᠡ ᠭᠥᠯᠢᠶᠡᠨ ᠠᠪᠤᠭᠰᠠᠨ ᠤᠯᠤᠰ᠎ᠲᠠᠭᠠᠨ ᠦᠢᠯᠡᠳᠪᠦᠷᠢᠯᠡᠭᠰᠡᠨ ᠶᠢᠰᠦᠳᠦᠭᠡᠷ ᠲᠣᠮᠣ᠌ ᠨᠢᠰᠬᠡᠯ C919 ᠠᠰᠢᠭ᠍ᠯᠠᠯᠲᠠ᠎ᠳᠤ ᠣᠷᠣᠪᠠ᠃
✦2025 ᠣᠨ ᠳᠤ ᠲᠣᠮᠣ᠌ ᠮᠠᠯᠤᠷ ᠥᠲᠡᠭᠡ᠎ᠶᠢᠨ ᠤᠯᠤᠰ᠎ᠤᠨ ᠬᠠᠮᠠᠭᠠᠯᠠᠯᠲᠠ᠎ᠶᠢᠨ
ᠰᠤᠳᠤᠯᠭᠠᠨ᠎ᠤ ᠲᠥᠪ ᠨᠡᠶ᠋ᠢᠲᠡ 45 ᠲᠣᠮᠣ᠌ ᠮᠠᠯᠤᠷ ᠥᠲᠡᠭᠡ᠎ᠶᠢ ᠦᠷᠡᠵᠢᠭᠦᠯᠦᠨ ᠪᠣᠢᠵᠢᠭᠤᠯᠪᠠ᠃
✦ᠥᠪᠡᠷᠲᠡᠭᠡᠨ ᠵᠠᠰᠠᠬᠤ ᠤᠷᠤᠨ ᠤ
ᠤᠯᠠᠭᠠᠨ ᠵᠠᠭᠠᠯᠮᠠᠢᠲᠠᠨ᠎ᠤ ᠨᠡᠢᠭᠡᠮᠯᠢᠭ᠎ᠤᠨ ᠮᠡᠳᠡᠭᠡ᠎ᠶᠢ ᠦᠨᠳᠦᠰᠦᠯᠡᠪᠡᠯ᠂ ᠤᠳᠤᠬᠠᠨ᠎ᠳᠦ ᠪᠦᠬᠦ ᠤᠷᠤᠨ᠎ᠳᠦ
ᠤᠯᠠᠭᠠᠨ ᠵᠠᠭᠠᠯᠮᠠᠢᠲᠠᠨ᠎ᠤ ᠡᠳ᠋ ᠪᠤᠳᠠᠰᠨᠥᠭᠡᠴᠡᠯᠡᠭᠦ ᠬᠥᠮᠥᠷᠭᠡ᠎ᠶᠢ 34 ᠪᠠᠢᠭᠤᠯᠪᠠ᠃

✦ᠥᠪᠥᠷ ᠮᠣᠩᠭᠣᠯ ᠪᠣᠭᠣᠮᠲᠠ᠎ᠶᠢᠨ 2 ᠰᠠᠷ᠎ᠠ᠎ᠶᠢᠨ 11᠎ᠦ ᠡᠳᠦᠷ᠎ᠦᠨ ᠮᠡᠳᠡᠭᠡ᠎ᠶᠢ
ᠦᠨᠳᠦᠰᠦᠯᠡᠪᠡᠯ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠵᠠᠰᠠᠭ᠎ᠤᠨ
ᠣᠷᠳᠣᠨ ᠪᠣᠯᠣᠨ ᠮᠣᠩᠭᠣᠯ ᠤᠯᠤᠰ᠎ᠤᠨ ᠵᠠᠰᠠᠭ᠎ᠤᠨ ᠣᠷᠳᠣᠨ᠎ᠤ ᠳᠤᠮᠳᠠᠳᠤ ᠮᠣᠩᠭᠣᠯ᠎ᠤᠨ ᠬᠢᠯᠢ᠎ᠶᠢᠨ ᠪᠣᠭᠣᠮᠲᠠ ᠵᠢᠴᠢ
ᠬᠠᠮᠢᠶᠠᠷᠤᠯᠲᠠ᠎ᠶᠢᠨ ᠳᠦᠷᠢᠮ᠎ᠦᠨ ᠲᠤᠬᠠᠢ ᠬᠡᠯᠡᠯᠴᠡᠭᠡᠷ》 ᠢ ᠦᠨᠳᠦᠰᠦᠯᠡᠪᠡᠯ᠂ 2 ᠰᠠᠷ᠎ᠠ᠎ᠶᠢᠨ 17᠎ᠤ ᠡᠳᠦᠷ᠎ᠡᠴᠡ 20᠎ᠤ ᠡᠳᠦᠷ ᠪᠣᠯᠲᠠᠯ᠎ᠠ ᠭᠠᠭᠴᠠᠮᠣᠳᠤ ᠬᠢᠯᠢ᠎ᠵᠢᠨ
ᠪᠣᠭᠣᠮᠲᠠ 4 ᠡᠳᠦᠷ ᠡᠭᠦᠳᠡ᠎ᠪᠡᠨ ᠬᠠᠭᠠᠬᠤ ᠪᠣᠯᠣᠨ᠎ᠠ᠃

✦2 ᠰᠠᠷ᠎ᠠ᠎ᠶᠢᠨ 10᠎ᠦ ᠡᠳᠦᠷ᠂ ᠠᠷᠪᠠᠳᠤᠭᠠᠷ ᠬᠤᠭᠤᠴᠠᠭᠠᠨ ᠤ 《ᠨᠤᠮ᠎ᠤᠨ ᠦᠨᠦᠷ ᠬᠠᠩᠬᠤᠯᠤᠭᠰᠠᠨ ᠴᠠᠭᠠᠨ ᠰᠠᠷ᠎ᠠ》 ᠲᠤᠮᠤ ᠬᠡᠯᠪᠡᠷᠢ᠎ᠵᠢᠨ ᠪᠦᠬᠦ ᠠᠷᠠᠳ᠎ᠤᠨ ᠤᠩᠰᠢᠯᠭ᠎ᠠ᠎ᠵᠢᠨ
ᠰᠤᠶᠤᠯ᠎ᠤᠨ ᠨᠡᠢᠲᠡ᠎ᠵᠢᠨ ᠠᠰᠠᠷᠠᠮᠵᠢ᠎ᠵᠢᠨ ᠠᠵᠢᠯᠯᠠᠭ᠎ᠠ ᠬᠦᠬᠡᠬᠤᠲᠠ᠎ᠳᠦ ᠡᠬᠢᠯᠡᠵᠦ᠂ 3 ᠰᠠᠷ᠎ᠠ᠎ᠵᠢᠨ 3᠎ᠤ ᠡᠳᠦᠷ ᠪᠤᠯᠲᠠᠯ᠎ᠠ ᠦᠷᠭᠦᠯᠵᠢᠯᠡᠨ᠎ᠡ᠃

✦2 ᠰᠠᠷ᠎ᠠ᠎ᠵᠢᠨ 10᠎ᠤ ᠡᠳᠦᠷ᠂
ᠠᠷᠪᠠᠳᠤᠭᠠᠷ ᠬᠤᠭᠤᠴᠠᠭᠠᠨ ᠤ 《ᠨᠤᠮ᠎ᠤᠨ ᠬᠡᠰᠢᠭᠲᠦ ᠴᠠᠭᠠᠨ ᠰᠠᠷ᠎ᠠ》ᠵᠢᠨ ᠠᠵᠢᠯᠯᠠᠭ᠎ᠠ ᠪᠠᠶᠠᠨᠨᠠᠭᠤᠷ᠎ᠤᠨ ᠲᠦᠷᠭᠡᠨ ᠤ
ᠲᠡᠮᠦᠷ ᠵᠠᠮ᠎ᠤᠨ ᠥᠷᠲᠡᠭᠡ᠎ᠳᠦ ᠶᠠᠪᠤᠭᠳᠠᠵᠤ᠂ ᠲᠤᠬᠠᠢ᠎ᠵᠢᠨ ᠲᠠᠯᠠᠪᠠᠢ᠎ᠳᠦ ᠲᠡᠮᠦᠷ ᠵᠠᠮ᠎ᠤᠨ ᠠᠵᠢᠯᠲᠠᠨ
ᠠᠵᠢᠯᠴᠢᠨ᠎ᠤ ᠲᠥᠯᠥᠭᠡᠯᠡᠭᠴᠢᠳ᠎ᠲᠦ ᠨᠤᠮ ᠪᠢᠴᠢᠭ ᠬᠦᠷᠭᠡᠵᠡᠢ᠃
ᠠᠵᠤ ᠠᠬᠤᠢ
✦ᠬᠤᠳᠠᠯᠳᠤᠭᠠᠨ ᠤ ᠶᠠᠪᠤᠳᠠᠯ ᠤᠨ ᠶᠠᠮᠤᠨ᠎ᠤ ᠬᠠᠮᠢᠶ᠎ᠠ ᠪᠦᠬᠦᠢ ᠬᠠᠷᠢᠭᠤᠴᠠᠯᠭᠠᠲᠠᠨ 2 ᠰᠠᠷ᠎ᠠ᠎ᠶᠢᠨ 11᠎ᠦ ᠡᠳᠦᠷ ᠲᠠᠨᠢᠯᠴᠠᠭᠤᠯᠬᠤ᠎ᠳᠠᠭᠠᠨ᠂ ᠡᠯ᠎ᠡ ᠭᠠᠵᠠᠷ᠎ᠤᠨ ᠬᠢᠨ ᠨᠢᠭᠡᠨᠲᠡ 20.5 ᠳ᠋ᠦᠩᠰᠢᠭᠤᠷ ᠲᠥᠭᠥᠷᠢᠭ᠎ᠦᠨ ᠪᠡᠯᠡ ᠮᠥᠩᠭᠥ ᠲᠣᠬᠢᠷᠠᠭᠤᠯᠵᠤ᠂
9 ᠡᠳᠦᠷ ᠦᠨ ᠠᠮᠠᠷᠠᠯᠲᠠ᠎ᠶᠢᠨ ᠬᠤᠭᠤᠴᠠᠭᠠᠨ᠎ᠳᠤ ᠬᠡᠷᠡᠭᠯᠡᠭᠡᠨ ᠦ
ᠲᠡᠮᠳᠡᠭᠲᠦ᠂ ᠨᠥᠬᠥᠪᠦᠷᠢ᠂ ᠤᠯᠠᠭᠠᠨ ᠪᠠᠭᠯᠠᠭ᠎ᠠ ᠵᠡᠷᠭᠡ ᠬᠡᠯᠪᠡᠷᠢ᠎ᠪᠡᠷ ᠬᠡᠷᠡᠭᠯᠡᠭᠴᠢᠳ᠎ᠲᠦ ᠠᠰᠢᠭ᠋ ᠬᠦᠷᠲᠡᠭᠡᠪᠡ᠃
✦ᠣᠢᠷ᠎ᠠ ᠵᠢᠨ ᠬᠤᠭᠤᠴᠠᠭᠠᠨ᠎ᠳᠤ ᠬᠤᠳᠠᠯᠳᠤᠭᠠᠨ᠎ᠤ
ᠶᠠᠪᠤᠳᠠᠯ᠎ᠤᠨ ᠶᠠᠮᠤᠨ᠂ ᠡᠳ᠋᠎ᠦᠨ ᠵᠠᠰᠠᠭ᠎ᠤᠨ ᠶᠠᠮᠤᠨ᠂ ᠭᠠᠢᠯᠢ᠎ᠶᠢᠨ ᠶᠠᠪᠤᠳᠠᠯ᠎ᠤᠨ ᠶᠡᠷᠦᠩᠬᠡᠢ ᠲᠣᠪᠴᠢᠶ᠎ᠠ᠎ᠠᠴᠠ
50 ᠬᠣᠲᠠ ᠳᠤ ᠱᠠᠩᠨᠠᠯ᠎ᠲᠠᠢ ᠪᠠᠷᠢᠮᠲᠠᠲᠠᠷᠬᠠᠭᠠᠬᠤ ᠲᠤᠷᠰᠢᠯᠲᠠ
ᠬᠢᠵᠦ᠂ ᠬᠠᠭᠠᠰ ᠵᠢᠯ᠎ᠦᠨ ᠳᠣᠲᠣᠷ᠎ᠠ 100 ᠳ᠋ᠦᠩᠰᠢᠭᠤᠷ ᠲᠥᠭᠥᠷᠢᠭ᠎ᠦᠨ ᠱᠠᠩᠨᠠᠯ᠎ᠤᠨ ᠪᠡᠯᠡ ᠮᠥᠩᠭᠥ ᠲᠠᠷᠬᠠᠭᠠᠬᠤ᠎ᠪᠠᠷ
ᠲᠣᠭᠲᠠᠵᠤ᠂ ᠡᠭᠦᠨ᠎ᠳᠦ ᠴᠠᠭᠠᠨ ᠰᠠᠷ᠎ᠠ᠎ᠶᠢᠨ 9 ᠡᠳᠦᠷ᠎ᠦᠨ ᠠᠮᠠᠷᠠᠯᠲᠠ᠎ᠶᠢᠨ ᠱᠠᠩᠨᠠᠯ᠎ᠤᠨ ᠮᠥᠩᠭᠥ᠎ᠶᠢᠨ ᠬᠡᠮᠵᠢᠶ᠎ᠡ 10 ᠳ᠋ᠦᠩᠰᠢᠭᠤᠷ ᠲᠥᠭᠥᠷᠢᠭ᠎ᠢ ᠳᠠᠪᠠᠬᠤ ᠪᠣᠯᠣᠨ᠎ᠠ᠃
✦ᠤᠢᠷ᠎ᠠ᠎ᠳᠦ ᠤᠷᠳᠤᠰ ᠬᠤᠲᠠ᠎ᠵᠢᠨ ᠤᠲᠤᠭ
ᠬᠤᠰᠢᠭᠤᠨ᠎ᠤ ᠦᠵᠦᠭᠦᠷ ᠪᠠᠯᠭᠠᠰᠤᠨ᠎ᠤ ᠡᠷᠭᠡᠲᠦ ᠭᠠᠴᠠᠭ᠎ᠠ ᠬᠠᠮᠲᠤ᠎ᠵᠢᠨ ᠠᠵᠤ ᠠᠬᠤᠢ᠎ᠵᠢᠨ ᠠᠰᠢᠭ ᠤᠷᠤᠯᠭ᠎ᠠ ᠬᠤᠪᠢᠶᠠᠷᠢᠯᠠᠬᠤ
ᠬᠤᠷᠠᠯ ᠬᠤᠷᠠᠯᠳᠤᠭᠤᠯᠵᠤ᠂ ᠲᠤᠰ ᠭᠠᠴᠠᠭ᠎ᠠ᠎ᠵᠢᠨ 156 ᠡᠷᠦᠬᠡ᠂ ᠬᠠᠮᠲᠤ᠎ᠵᠢᠨ ᠠᠵᠤ ᠠᠬᠤᠢ᠎ᠵᠢᠨ 422 ᠪᠦᠷᠢᠯᠳᠦᠭᠦᠨ ᠨᠡᠢᠲᠡ 309.6 ᠲᠥᠮᠡᠨ ᠲᠥᠭᠥᠷᠢᠭ᠎ᠤᠨ ᠠᠰᠢᠭ ᠤᠷᠤᠯᠭ᠎ᠠ
ᠬᠤᠪᠢᠶᠠᠷᠢᠯᠠᠵᠠᠢ᠃

ᠰᠤᠶᠤᠯ
✦2 ᠰᠠᠷ᠎ᠠ᠎ᠵᠢᠨ 9᠎ᠤ ᠡᠳᠦᠷ᠂ ᠰᠢᠯᠢ᠎ᠵᠢᠨ ᠭᠤᠤᠯ ᠠᠢᠮᠠᠭ᠎ᠤᠨ ᠪᠠᠷᠠᠭᠤᠨ
ᠥᠵᠥᠮᠥᠴᠢᠨ ᠬᠤᠰᠢᠭᠤᠨ᠎ᠤ 2026 ᠤᠨ᠎ᠤ ᠴᠠᠭᠠᠨ ᠰᠠᠷ᠎ᠠ᠎ᠪᠡᠨ ᠤᠭᠲᠤᠬᠤ ᠰᠢᠨ᠎ᠡ ᠤᠷᠲᠤ᠎ᠵᠢᠨ
ᠳᠠᠭᠤᠤ᠎ᠵᠢᠨ ᠤᠷᠤᠯᠳᠤᠭᠠᠨ ᠬᠥᠭᠵᠢᠶᠡᠨᠲᠡᠢ ᠶᠠᠪᠤᠭᠳᠠᠵᠤ᠂ 30 ᠭᠠᠷᠤᠢ ᠳᠠᠭᠤᠴᠢᠨ ᠨᠠᠮ᠂ ᠠᠷᠠᠳ ᠲᠥᠮᠡᠨ᠂ ᠨᠤᠲᠤᠭ
ᠤᠰᠤ᠎ᠪᠡᠨ ᠮᠠᠭᠲᠠᠨ ᠳᠠᠭᠤᠯᠠᠵᠠᠢ᠃
✦ᠲᠦᠷᠦᠭᠦᠬᠡᠨ ᠤᠯᠠᠭᠠᠨᠬᠠᠳᠠ ᠬᠤᠲᠠ᠎ᠵᠢᠨ
ᠤᠯᠠᠭᠠᠨ ᠮᠤᠷᠢᠨ ᠵᠢᠯ ᠤᠨ ᠴᠠᠭᠠᠨ ᠰᠠᠷ᠎ᠠ᠎ᠵᠢᠨ ᠦᠳᠡᠰᠢᠯᠡᠭᠡ᠎ᠵᠢ ᠤᠯᠠᠭᠠᠨᠬᠠᠳᠠ ᠬᠤᠲᠠ᠎ᠵᠢᠨ ᠪᠡᠶ᠎ᠡ᠎ᠵᠢᠨ
ᠲᠠᠮᠢᠷ᠎ᠤᠨ ᠲᠥᠪ᠎ᠲᠦ ᠰᠢᠩᠭᠡᠭᠡᠵᠦ ᠳᠠᠭᠤᠰᠬᠠᠵᠠᠢ᠃
ᠲᠠᠮᠢᠷ
✦ᠪᠡᠭᠡᠵᠢᠩ ᠦᠨ
ᠴᠠᠭ᠎ᠢᠶᠠᠷ 2 ᠰᠠᠷ᠎ᠠ᠎ᠶᠢᠨ 12᠎ᠤᠨ
ᠡᠳᠦᠷ᠂ ᠮᠢᠯᠠᠨ ᠤ ᠡᠪᠦᠯ ᠦᠨ ᠤᠯᠠᠷᠢᠯ᠎ᠤᠨ ᠣᠯᠢᠮᠫᠢᠺ ᠤᠨ ᠲᠠᠮᠢᠷ᠎ᠤᠨ ᠴᠤᠭᠯᠠᠭᠠᠨ ᠤ ᠡᠷᠡᠭᠲᠡᠢ᠎ᠶᠢᠨ 1000 ᠮᠧᠲᠷ ᠦᠨ
ᠲᠦᠷᠭᠡᠨ ᠲᠡᠰᠢᠯᠲᠡ᠎ᠶᠢᠨ ᠰᠢᠢᠳᠪᠦᠷᠢᠲᠦ ᠤᠷᠤᠯᠳᠤᠭᠠᠨ ᠳᠤ ᠳᠤᠮᠳᠠᠳᠤ ᠤᠯᠤᠰ᠎ᠤᠨ ᠲᠠᠮᠢᠷᠴᠢᠨ ᠨᠢᠩ ᠵᠥᠩ ᠶᠠᠨ 1 ᠮᠢᠨᠦ᠋ᠲ
07 ᠰᠧᠺᠦ᠋ᠨ᠋ᠳ᠋ 34 ᠵᠢᠨ
ᠬᠢᠷᠢ ᠪᠦᠲᠦᠮᠵᠢ᠎ᠪᠡᠷ ᠬᠦᠷᠡᠯ ᠮᠧᠳᠠᠯ ᠬᠦᠷᠲᠡᠵᠠᠢ᠃

ᠲᠡᠯᠡᠬᠡᠢ
✦ᠲᠥᠪ
ᠲᠸᠯᠸᠢᠰ ᠤᠨ ᠮᠡᠳᠡᠭᠡ᠎ᠶᠢ ᠦᠨᠳᠦᠰᠦᠯᠡᠪᠡᠯ᠂
ᠲᠤᠬᠠᠢ ᠶᠢᠨ ᠭᠠᠵᠠᠷ ᠤᠨ ᠴᠠᠭ᠎ᠢᠶᠠᠷ 2 ᠰᠠᠷ᠎ᠠ᠎ᠶᠢᠨ 11᠎ᠦ ᠡᠳᠦᠷ᠂
ᠦᠺᠷᠠᠢᠨ᠎ᠤ ᠶᠡᠷᠦᠩᠬᠡᠢᠯᠡᠭᠴᠢ ᠽᠸᠯᠢᠶᠠᠨᠰᠺᠢ 24 ᠦ ᠡᠳᠦᠷ
ᠶᠡᠷᠦᠩᠬᠡᠢᠯᠡᠭᠴᠢ᠎ᠶᠢᠨ ᠰᠣᠩᠭᠣᠭᠤᠯᠢ ᠪᠠ ᠨᠡᠶ᠋ᠢᠲᠡ ᠶᠢᠨ ᠲᠠᠰᠤᠯᠤᠯᠲᠠ᠎ᠶᠢᠨ ᠲᠥᠯᠥᠪᠯᠡᠭᠡ᠎ᠶᠢ ᠨᠡᠢᠲᠡᠯᠡᠨ᠎ᠡ
ᠭᠡᠵᠦ ᠢᠯᠡᠷᠬᠡᠢᠯᠡᠵᠡᠢ᠃

ᠦᠢᠯᠡᠴᠢᠯᠡᠭᠡ
✦ᠣᠷᠳᠣᠰ᠎ᠤᠨ
ᠠᠵᠢᠯ ᠮᠡᠷᠭᠡᠵᠢᠯ᠎ᠦᠨ ᠳᠡᠭᠡᠳᠦ ᠰᠤᠷᠭᠠᠭᠤᠯᠢ ᠠᠵᠢᠯᠲᠠᠨ ᠡᠯᠰᠡᠵᠦ ᠪᠤᠢ᠃
ᠲᠠᠨ ᠤ ᠲᠤᠰᠡ ᠳ᠋ᠤ
✦ᠴᠣᠩᠬᠣ᠌ ᠨᠡᠭᠡᠭᠡᠵᠦ ᠰᠠᠯᠬᠢ ᠨᠡᠪᠲᠡᠷᠡᠭᠦᠯᠬᠦ᠎ᠳᠦ
ᠠᠩᠬᠠᠷᠬᠤ ᠵᠦᠢᠯ᠄
1.
ᠡᠳᠦᠷ ᠪᠦᠷᠢ ᠠᠳᠠᠭ᠎ᠲᠠᠭᠠᠨ ᠬᠣᠶᠠᠷ ᠤᠳᠠᠭ᠎ᠠ ᠴᠣᠩᠬᠣ᠌ ᠨᠡᠭᠡᠭᠡᠵᠦ ᠰᠠᠯᠬᠢ ᠨᠡᠪᠲᠡᠷᠡᠭᠦᠯᠪᠡᠯ ᠰᠠᠢᠨ᠃ 9 ᠴᠠᠭ᠎ᠠᠴᠠ
11 ᠴᠠᠭ᠂ 14 ᠴᠠᠭ᠎ᠠᠴᠠ
16 ᠴᠠᠭ᠎ᠤᠨ ᠬᠤᠭᠤᠷᠤᠨᠳᠤ ᠠᠭᠠᠷ ᠤᠨ ᠪᠣᠬᠢᠷᠲᠤᠯ ᠪᠠᠭ᠎ᠠ ᠪᠠᠢᠳᠠᠭ᠎ᠡᠴᠡ
ᠡᠨᠡᠬᠦ ᠬᠡᠰᠡᠭ ᠬᠤᠭᠤᠴᠠᠭ᠎ᠠ᠎ᠶᠢ ᠰᠤᠩᠭᠤᠵᠤ ᠪᠤᠯᠤᠨ᠎ᠠ᠃
2. ᠤᠳᠠᠭ᠎ᠠ
ᠪᠦᠷᠢ 20 ᠡᠴᠡ 30 ᠮᠢᠨᠦ᠋ᠲ
ᠴᠤᠩᠬᠤ᠎ᠪᠡᠨ ᠨᠡᠭᠡᠭᠡᠪᠡᠯ ᠵᠤᠬᠢᠨ᠎ᠠ᠃ ᠬᠡᠷᠪᠡ ᠴᠤᠩᠬᠤ᠎ᠶᠢ ᠵᠥᠪᠬᠡᠨ ᠪᠠᠭ᠎ᠠ ᠯᠡ ᠬᠡᠰᠡᠭ ᠵᠠᠪᠰᠠᠷᠯᠠᠪᠠᠯ᠂ ᠰᠠᠯᠬᠢ
ᠨᠡᠪᠲᠡᠷᠡᠬᠦ ᠴᠠᠭ᠎ᠢ 30 ᠡᠴᠡ 60 ᠮᠢᠨᠦ᠋ᠲ
ᠪᠠᠢᠯᠭᠠᠵᠤ ᠪᠤᠯᠤᠨ᠎ᠠ᠃
ᠵᠠᠯᠭᠠᠭᠠᠳ 《ᠠᠳᠤᠭᠤ ᠡᠷᠳᠡᠨᠢ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠨᠡᠪᠳᠡᠷᠡᠭᠦᠯᠬᠡ ᠮᠠᠨᠢ ᠲᠠ ᠪᠦᠬᠦᠨ᠎ᠳᠦ ᠲᠠᠭᠠᠯᠠᠬᠳᠠᠬᠰᠠᠨ ᠪᠤᠯ ᠤᠳᠤᠨ ᠳᠡᠮᠳᠡᠭ ᠱᠠᠩᠨᠠᠵᠤ
ᠪᠢᠳᠡᠨ᠎ᠳᠤ ᠤᠷᠮ᠎ᠠ ᠬᠠᠢᠷᠠᠯᠠᠭᠠᠷᠠᠢ!ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ᠎ᠳᠤ ᠪᠠᠶᠠᠷᠯᠠᠯ᠎ᠠ᠂
ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)