


ᠨᠡᠢᠭᠡᠮ
✦ᠳᠤᠮᠳᠠᠳᠤ
ᠤᠯᠤᠰ᠎ᠤᠨ ᠭᠠᠵᠠᠷ ᠵᠦᠢ᠎ᠶᠢᠨ ᠮᠡᠳᠡᠭᠡ ᠵᠠᠩᠭᠢ᠎ᠶᠢᠨ ᠠᠵᠤ ᠦᠢᠯᠡᠰ᠎ᠦᠨ ᠨᠡᠢᠭᠡᠮᠯᠢᠭ᠎ᠡᠴᠡ ᠣᠢᠯᠠᠭᠠᠭᠰᠠᠨ
ᠨᠢ᠂ 2025 ᠣᠨ᠎ᠳᠤ ᠮᠠᠨ᠎ᠤ ᠤᠯᠤᠰ 120 ᠭᠠᠷᠤᠢ ᠠᠯᠤᠰ
ᠰᠡᠷᠡᠯ᠎ᠦᠨ ᠳᠠᠭᠠᠭᠤᠯᠢ ᠣᠲᠣ᠌ ᠬᠠᠷᠪᠤᠵᠤ᠂ ᠠᠷᠠᠳ᠎ᠤᠨ ᠬᠡᠷᠡᠭᠯᠡᠭᠡᠨ᠎ᠦ ᠲᠣᠭᠣᠷᠢᠯᠲᠠ᠎ᠶᠢᠨ ᠵᠠᠮ᠎ᠳᠠᠬᠢ
ᠠᠯᠤᠰ ᠰᠡᠷᠡᠯ᠎ᠦᠨ ᠳᠠᠭᠠᠭᠤᠯᠢ ᠣᠲᠣ᠌ 640 ᠭᠠᠷᠤᠢ ᠪᠤᠯᠵᠤ᠂ ᠦᠷᠭᠦᠯᠵᠢᠯᠡᠨ ᠳᠡᠯᠡᠬᠡᠢ᠎ᠶᠢᠨ
ᠬᠣᠶᠠᠳᠤᠭᠠᠷ᠎ᠲᠤ ᠵᠢᠬᠰᠠᠵᠤ ᠪᠠᠢᠨ᠎ᠠ᠃
✦ᠪᠠᠴᠢᠮ
ᠪᠠᠢᠳᠠᠯ᠎ᠢ ᠠᠷᠭᠠᠴᠠᠭᠠᠬᠤ ᠬᠠᠮᠢᠶᠠᠷᠤᠯᠲᠠ᠎ᠶᠢᠨ ᠶᠠᠮᠤᠨ 22 ᠤᠨ ᠡᠳᠦᠷ ᠲᠣᠬᠢᠷᠠᠭᠤᠯᠤᠯᠲᠠ᠎ᠶᠢᠨ ᠬᠤᠷᠠᠯ ᠬᠤᠷᠠᠯᠳᠤᠭᠤᠯᠵᠥ᠂
ᠣᠳᠣᠬᠠᠨ᠎ᠤ ᠠᠮᠤᠷ ᠲᠦᠪᠰᠢᠨ᠎ᠦ ᠪᠠᠢᠳᠠᠯ᠎ᠳᠤ ᠵᠠᠳᠠᠯᠤᠯᠲᠠ ᠬᠢᠵᠦ᠂ ᠬᠤᠸᠠᠷ ᠫᠤᠤᠵᠢᠩ ᠵᠡᠷᠭᠡ
ᠭᠣᠣᠯᠳᠠᠯᠭ᠎ᠠ᠎ᠲᠠᠢ ᠬᠦᠷᠢᠶᠡᠨ᠎ᠳᠡᠬᠢ ᠳᠠᠯᠳᠠ ᠬᠡᠮ᠎ᠢ ᠵᠢᠭ᠍ᠰᠠᠭᠠᠨ ᠪᠠᠢᠴᠠᠭᠠᠵᠤ ᠴᠡᠭᠴᠡᠯᠡᠨ ᠵᠠᠰᠠᠬᠤ᠂
ᠴᠠᠭᠠᠨ ᠰᠠᠷ᠎ᠠ ᠵᠢᠨ ᠠᠮᠠᠷᠠᠯᠳᠠ ᠵᠢᠨ ᠳᠠᠷᠠᠭᠠᠬᠢ ᠪᠤᠴᠠᠬᠤ ᠵᠠᠮ ᠪᠠ ᠦᠢᠯᠡᠳᠪᠦᠷᠢᠯᠡᠯ ᠠᠵᠢᠯ᠎ᠢᠶᠠᠨ
ᠰᠡᠷᠭᠦᠭᠡᠬᠦ ᠠᠮᠤᠷ ᠲᠦᠪᠰᠢᠨ᠎ᠦ ᠰᠡᠷᠭᠡᠢᠯᠡᠯᠲᠡ ᠵᠡᠷᠭᠡ ᠭᠣᠣᠯᠳᠠᠯᠭ᠎ᠠ ᠲᠠᠢ ᠠᠵᠢᠯ᠎ᠢ ᠲᠣᠬᠢᠷᠠᠭᠤᠯᠤᠨ
ᠪᠠᠢᠷᠢᠯᠠᠭᠤᠯᠪᠠ᠃
✦21᠎ᠦ ᠡᠳᠦᠷ᠂
ᠪᠥᠬᠥ ᠤᠯᠤᠰ᠎ᠤᠨ ᠠᠩᠬᠠᠳᠠᠭ᠍ᠴᠢ ᠬᠤᠳᠠᠯᠳᠤᠭᠠᠨᠳ᠋ᠤ ᠬᠡᠷᠡᠭᠯᠡᠭᠦ《ᡁᠢ ᠹᠧᠢ》ᠨᠡᠷᠡᠮᠵᠢᠲᠦ
ᠣᠶᠤᠨᠲᠤ ᠴᠢᠩᠭᠡᠯᠢᠭᠲᠦ ᠣᠩᠭᠣᠴᠠ ᠵᠢᠯᠤᠭᠤᠴᠢ ᠦᠭᠡᠢ
ᠪᠡᠶ᠎ᠡ᠎ᠪᠡᠨ ᠳᠠᠭᠠᠭᠠᠵᠤ ᠠᠶᠠᠯᠠᠬᠤ ᠵᠠᠭᠪᠤᠷ᠎ᠢᠶᠠᠷ ᠴᠢᠩᠳᠣᠣ ᠭᠠᠷᠠᠮ᠎ᠳᠤ ᠵᠣᠭᠰᠣᠵᠠᠢ᠂ ᠡᠨᠡ ᠨᠢ ᠮᠠᠨ᠎ᠤ
ᠤᠯᠤᠰ᠎ᠤᠨ ᠴᠢᠩᠭᠡᠯᠢᠭᠲᠦ ᠣᠩᠭᠣᠴᠠ᠎ᠶᠢᠨ ᠠᠶᠠᠯᠠᠯ᠂ ᠵᠣᠭᠰᠣᠭᠠᠯ᠂ ᠠᠵᠢᠯᠯᠠᠬᠤ ᠪᠥᠬᠥ ᠶᠠᠪᠤᠴᠠᠳ᠋ᠤ
ᠵᠢᠯᠤᠭᠤᠴᠢ ᠦᠭᠡᠢ ᠪᠣᠯᠭᠠᠭᠰᠠ᠎ᠨᠢ ᠬᠠᠷᠠᠭᠤᠯᠵᠤ ᠪᠠᠢᠨ᠎ᠠ᠃
✦ᠵᠠᠮ
ᠬᠠᠷᠢᠯᠴᠠᠭ᠎ᠠ ᠲᠡᠭᠡᠭᠡᠪᠦᠷᠢ᠎ᠶᠢᠨ ᠶᠠᠮᠤᠨ᠎ᠤ ᠲᠣᠭ᠎ᠠ ᠪᠠᠷᠢᠮᠲᠠ᠎ᠳᠤ ᠢᠯᠡᠷᠡᠭᠦᠯᠦᠭᠰᠡᠨ᠎ᠢᠶᠡᠷ᠂
ᠵᠢᠱ᠌ᠢᠯᠲᠡ᠎ᠪᠡᠷ 23᠎ᠤ ᠡᠳᠦᠷ ᠪᠥᠬᠥ ᠨᠡᠢᠭᠡᠮ᠎ᠦᠨ ᠣᠷᠣᠨ ᠪᠦᠰᠡ ᠠᠯᠤᠰᠯᠠᠭᠰᠠᠨ ᠬᠥᠮᠥᠰ᠎ᠦᠨ
ᠰᠢᠯᠵᠢᠯᠲᠡ᠎ᠶᠢᠨ ᠬᠡᠮᠵᠢᠶ᠎ᠡ 3.6 ᠳ᠋ᠦᠩᠰᠢᠭᠤᠷ ᠬᠥᠮᠥᠨ ᠤᠳᠠᠭ᠎ᠠ᠎ᠶᠢ ᠳᠠᠪᠠᠵᠤ᠂ 2025 ᠣᠨ᠎ᠤ ᠠᠳᠠᠯᠢ
ᠬᠤᠭᠤᠴᠠᠭᠠᠨ᠎ᠤ ᠬᠢ᠎ᠡᠴᠡ 11.9% ᠪᠡᠷ ᠨᠡᠮᠡᠭᠳᠡᠬᠦ ᠪᠣᠯᠣᠨ᠎ᠠ᠃
✦《ᠠᠷᠪᠠᠨ ᠳᠥᠷᠪᠡᠳᠦᠭᠡᠷ ᠲᠠᠪᠤᠨ ᠵᠢᠯ》 ᠦ᠋ᠨ ᠲᠥᠯᠦᠪᠵᠢᠭᠦᠯᠭᠡ᠎ᠶᠢᠨ
ᠬᠤᠭᠤᠴᠠᠭᠠᠨ᠎ᠳᠤ᠂ ᠦᠪᠦᠷ ᠮᠤᠨᠭᠭᠤᠯ ᠤ᠋ᠨ ᠡᠯ᠎ᠡ ᠱᠠᠲᠤᠨ᠎ᠤ ᠡᠳ᠋᠎ᠦᠨ ᠵᠠᠰᠠᠭ ᠨᠡᠶ᠋ᠢᠲᠡ 461.27 ᠳ᠋ᠦᠩᠰᠢᠭᠤᠷ ᠲᠥᠭᠥᠷᠢᠭ ᠵᠠᠷᠤᠴᠠᠭᠤᠯᠵᠤ᠂ ᠪᠥᠬᠥ ᠣᠷᠣᠨ᠎ᠤ ᠬᠣᠲᠠ ᠬᠥᠳᠡᠭᠡ ᠶᠢᠨ 169.1 ᠲᠦᠮᠡᠨ
ᠨᠠᠭᠠᠲᠤ ᠵᠠᠬ᠎ᠠ᠎ᠶᠢᠨ ᠠᠮᠢᠳᠤᠷᠠᠯ ᠤᠨ ᠪᠠᠲᠤᠯᠠᠭ᠎ᠠ ᠶ᠋ᠢᠨ ᠡᠲᠡᠭᠡᠳ᠂ ᠣᠨᠴᠠ ᠬᠦᠴᠢᠷᠳᠡᠯᠲᠡᠢ ᠬᠥᠮᠥᠰ᠂
ᠥᠨᠥᠴᠢᠨ ᠬᠡᠦᠬᠡᠳ ᠪᠠ ᠪᠣᠳᠠᠲᠠᠢ ᠠᠰᠠᠷᠠᠨ ᠲᠡᠵᠢᠭᠡᠬᠦ ᠬᠥᠮᠥᠨ ᠦᠭᠡᠢ ᠬᠡᠦᠬᠡᠳ ᠵᠡᠷᠭᠡ ᠬᠦᠴᠢᠷᠳᠡᠯᠲᠡᠢ
ᠣᠯᠠᠨ ᠲᠦᠮᠡᠨ᠎ᠦ ᠦᠨᠳᠦᠰᠦᠨ ᠠᠮᠢᠳᠤᠷᠠᠯ᠎ᠢ ᠪᠠᠲᠤᠯᠠᠭᠰᠠᠨ᠎ᠤ ᠬᠠᠮᠲᠤ 17.5 ᠲᠦᠮᠡᠨ ᠬᠥᠮᠥᠨ
ᠤᠳᠠᠭ᠎ᠠ᠎ᠶᠢᠨ ᠲᠦᠷ ᠴᠠᠭ᠎ᠤᠨ ᠠᠪᠤᠷᠠᠨ ᠲᠤᠰᠠᠯᠠᠯᠲᠠ᠎ᠶᠢ ᠬᠡᠷᠡᠭᠵᠢᠭᠦᠯᠵᠦ᠂ ᠬᠦᠴᠢᠷᠳᠡᠯᠲᠡᠢ ᠣᠯᠠᠨ ᠲᠦᠮᠡᠨ᠎ᠦ
ᠬᠦᠴᠢᠷ ᠵᠣᠪᠠᠭᠤᠷᠢ᠎ᠶᠢ ᠰᠢᠢᠳᠪᠦᠷᠢᠯᠡᠵᠦ ᠥᠭᠪᠡ᠃
✦2025 ᠣᠨ᠎ᠳᠤ᠂ ᠲᠦᠩᠯᠢᠶᠣᠣ
ᠬᠣᠲᠠ ᠲᠦᠭᠡᠮᠡᠯ ᠬᠠᠷᠠᠭᠠᠯᠵᠠᠯ᠎ᠤᠨ ᠴᠢᠨᠠᠷᠲᠠᠢ ᠠᠷᠠᠳ᠎ᠠᠴᠠ ᠡᠷᠭᠢᠯᠡᠭᠰᠡᠨ ᠬᠡᠦᠬᠡᠳ᠎ᠦᠨ ᠴᠡᠴᠡᠷᠯᠢᠭ᠎ᠢ ᠰᠢᠨ᠎ᠡ᠎ᠪᠡᠷ
65 ᠦᠨᠡᠯᠡᠨ ᠲᠣᠭᠲᠠᠭᠠᠵᠤ᠂ ᠬᠡᠦᠬᠡᠳ ᠡᠯᠰᠡᠬᠦ ᠲᠣᠭ᠎ᠠ ᠶ᠋ᠢ 7819 ᠨᠡᠮᠡᠭᠳᠡᠭᠦᠯᠦᠨ᠂ ᠪᠦᠬᠦ ᠬᠤᠲᠠ᠎ᠵᠢᠨ
235 ᠬᠡᠦᠬᠡᠳ᠎ᠦᠨ ᠴᠡᠴᠡᠷᠯᠢᠭ ᠲᠦ᠍ ᠬᠡᠦᠬᠡᠳ ᠰᠠᠭᠠᠲᠠᠭᠤᠯᠬᠤ ᠠᠩᠭᠢ ᠭᠠᠷᠭᠠᠵᠤ᠂ 2᠎ᠠᠴᠠ 3 ᠨᠠᠰᠤᠨ᠎ᠤ ᠨᠢᠯᠬ᠎ᠠ
ᠬᠡᠦᠬᠡᠳ᠎ᠢ 2000 ᠭᠠᠷᠤᠢ ᠡᠯᠰᠡᠨ᠂ ᠭᠡᠷ ᠪᠦᠯᠢ᠎ᠶᠢᠨ ᠬᠡᠦᠬᠡᠳ ᠰᠠᠭᠠᠲᠠᠭᠤᠯᠬᠤ ᠳᠠᠷᠤᠭᠠᠰᠤ ᠶ᠋ᠢ ᠪᠦᠲᠦᠮᠵᠢᠲᠡᠶ
ᠬᠥᠩᠭᠡᠷᠡᠭᠦᠯᠦᠭᠰᠡᠨ ᠪᠠᠢᠨ᠎ᠠ᠃
✦2025 ᠣᠨ᠎ᠳᠤ᠂
ᠪᠠᠶᠠᠨᠨᠠᠭᠤᠷ ᠬᠣᠲᠠ ᠨᠠᠰᠤᠲᠠᠢᠴᠤᠳ᠎ᠲᠤ ᠲᠤᠰᠠᠯᠠᠬᠤ ᠬᠣᠭᠣᠯᠠᠨ ᠭᠡᠷ ᠢ᠋ ᠰᠢᠨ᠎ᠡ᠎ᠪᠡᠷ 28 ᠨᠡᠮᠡᠭᠳᠡᠭᠦᠯᠵᠦ᠂
ᠣᠳᠣᠬᠠᠨ᠎ᠳᠤ ᠪᠥᠬᠥ ᠬᠣᠲᠠ ᠳ᠋ᠤ ᠨᠡᠶ᠋ᠢᠲᠡ 208 ᠨᠠᠰᠤᠲᠠᠢᠴᠤᠳ᠎ᠲᠤ ᠲᠤᠰᠠᠯᠠᠬᠤ ᠦᠢᠯᠡᠴᠢᠯᠡᠭᠡᠨ᠎ᠦ
ᠴᠡᠭ᠎ᠲᠠᠢ ᠪᠠᠢᠵᠤ᠂ ᠬᠣᠲᠠ ᠲᠣᠭᠣᠷᠢᠭ᠋᠎ᠤᠨ ᠨᠠᠰᠤᠲᠠᠢᠴᠤᠳ᠎ᠲᠤ ᠲᠤᠰᠠᠯᠠᠬᠤ ᠦᠢᠯᠡᠴᠢᠯᠡᠭᠡ ᠵᠢ ᠪᠦᠬᠦᠨ᠎ᠢ
ᠬᠠᠮᠤᠷᠬᠤ᠎ᠶᠢ ᠦᠨᠳᠦᠰᠦᠨ᠎ᠳᠡᠭᠡᠨ ᠪᠡᠶᠡᠯᠡᠭᠦᠯᠪᠡ᠃
✦ᠣᠢᠷ᠎ᠠ᠎ᠶᠢᠨ
ᠵᠢᠯ᠎ᠳ᠋ᠤ ᠵᠡᠭᠦᠨ ᠦᠵᠦᠮᠦᠴᠢᠨ ᠬᠣᠰᠢᠭᠤ ᠡᠯ᠎ᠡ ᠲᠦᠷᠦᠯ ᠦ᠋ᠨ ᠪᠡᠯᠡ ᠮᠥᠩᠭᠥ᠎ᠶᠢ ᠨᠡᠢ᠍ᠢᠳᠡ 5000 ᠭᠠᠷᠤᠢ
ᠲᠦᠮᠡᠨ ᠲᠥᠭᠥᠷᠢᠭ ᠣᠷᠣᠭᠤᠯᠵᠤ᠂ ᠪᠦᠬᠦ ᠬᠣᠰᠢᠭᠤᠨ᠎ᠤ ᠵᠡᠭᠦᠨ᠂ ᠳᠤᠮᠳᠠ᠂ ᠪᠠᠷᠠᠭᠤᠨ ᠣᠷᠣᠨ᠎ᠳᠤ
ᠭᠠᠮᠰᠢᠭ᠋᠎ᠲᠠᠢ ᠲᠡᠮᠡᠴᠡᠵᠦ ᠭᠠᠮᠰᠢᠭ᠋᠎ᠢ ᠪᠠᠭᠠᠰᠬᠠᠬᠤ ᠡᠪᠡᠰᠦ ᠪᠣᠷᠳᠣᠭ᠎ᠠ ᠨᠥᠭᠡᠴᠡᠯᠡᠬᠦ ᠰᠠᠭᠤᠷᠢᠨ
ᠪᠣᠯᠣᠨ ᠡᠳ᠋ᠰᠢᠭᠦᠯᠦᠨ ᠪᠣᠯᠪᠠᠰᠤᠷᠠᠭᠤᠯᠬᠤ ᠰᠠᠭᠤᠷᠢᠨ᠎ᠢ ᠪᠠᠢᠭᠤᠯᠤᠭᠰᠠᠨ ᠪᠥᠭᠡᠳ ᠤᠤᠯ᠎ᠤᠨ ᠪᠠᠢᠭᠰᠠᠨ ᠲᠥᠬᠦᠭᠡᠷᠦᠮᠵᠢ᠎ᠶᠢ
ᠥᠭᠡᠷᠡᠴᠢᠯᠡᠨ ᠲᠡᠰ ᠳᠡᠪᠰᠢᠭᠦᠯᠵᠡᠢ᠃ ᠣᠲᠣᠬᠠᠨ ᠪᠣᠯᠲᠠᠯ᠎ᠠ ᠪᠥᠬᠥ ᠬᠣᠰᠢᠭᠤ᠎ᠳᠤ ᠨᠡᠶ᠋ᠢᠲᠡ 63.71 ᠲᠦᠮᠡᠨ
ᠲᠣᠨ ᠡᠪᠡᠰᠦ ᠨᠥᠭᠡᠴᠡᠯᠡᠵᠡᠢ᠃
ᠠᠵᠤ ᠠᠬᠤᠢ
✦ᠤᠯᠤᠰ ᠤᠨ ᠭᠠᠢᠯᠢ ᠶᠢᠨ
ᠶᠠᠪᠤᠳᠠᠯ᠎ᠤᠨ ᠶᠡᠷᠦᠩᠬᠡᠢ ᠲᠣᠪᠴᠢᠶ᠎ᠠ᠎ᠶᠢᠨ ᠮᠡᠳᠡᠭᠡ ᠵᠢ ᠦᠨᠳᠦᠰᠦᠯᠡᠪᠡᠯ᠂ 2025 ᠣᠨ ᠦ ᠬᠤᠪᠢ ᠬᠥᠮᠥᠨ᠎ᠦ ᠠᠰᠢᠭ᠋
ᠣᠷᠣᠯᠭ᠎ᠠ ᠶᠢᠨ ᠭᠠᠢᠯᠢ ᠶᠢᠨ ᠶᠡᠷᠦᠩᠬᠡᠢᠯᠡᠭᠰᠡᠨ ᠣᠯᠵᠠᠪᠤᠷᠢ᠎ᠶᠢ ᠬᠤᠷᠢᠶᠠᠩᠭᠤᠢᠯᠠᠨ ᠪᠣᠳᠣᠵᠤ ᠢᠯᠭᠠᠷᠠᠭᠤᠯᠤᠨ
ᠲᠤᠰᠢᠶᠠᠬᠤ ᠵᠢ ᠭᠦᠢᠴᠡᠳᠬᠡᠬᠦ ᠴᠠᠭ ᠨᠢ 2026 ᠣᠨ᠎ᠤ 3 ᠰᠠᠷ᠎ᠠ᠎ᠶᠢᠨ 1᠎ᠡᠴᠡ 6 ᠰᠠᠷ᠎ᠠ᠎ᠶᠢᠨ 30᠎ᠤ ᠡᠳᠦᠷ
ᠪᠣᠯᠣᠨ᠎ᠠ᠃ ᠭᠠᠢᠯᠢ ᠲᠤᠰᠢᠶᠠᠭ᠍ᠴᠢ 3 ᠰᠠᠷ᠎ᠠ᠎ᠶᠢᠨ 1 ᠡᠴᠡ 20᠎ᠤ ᠡᠳᠦᠷ ᠪᠣᠯᠲᠠᠯᠠᠬᠢ
ᠬᠤᠭᠤᠴᠠᠭᠠᠨ ᠳ᠋ᠤ ᠭᠦᠢᠴᠡᠳᠬᠡᠬᠦ ᠴᠢᠬᠤᠯᠠᠲᠠᠢ ᠪᠣᠯ 2 ᠰᠠᠷ᠎ᠠ᠎ᠶᠢᠨ 25᠎ᠤ ᠡᠳᠦᠷ᠎ᠡᠴᠡ ᠡᠬᠢᠯᠡᠨ ᠬᠤᠪᠢ ᠬᠥᠮᠥᠨ᠎ᠦ
ᠠᠰᠢᠭ᠋ ᠣᠷᠣᠯᠭ᠎ᠠ᠎ᠶᠢᠨ ᠭᠠᠢᠯᠢ᠎ᠶᠢᠨ APP᠎ᠳ᠋ᠤ ᠤᠷᠢᠳᠴᠢᠯᠠᠨ ᠪᠣᠯᠵᠣᠵᠤ ᠪᠣᠯᠣᠨ᠎ᠠ᠃ 3 ᠰᠠᠷ᠎ᠠ᠎ᠶᠢᠨ 21᠎ᠡᠴᠡ 6 ᠰᠠᠷ᠎ᠠ᠎ᠶᠢᠨ 30᠎ᠤ ᠡᠳᠦᠷ ᠪᠣᠯᠲᠠᠯᠠᠬᠢ ᠬᠤᠭᠤᠴᠠᠭᠠᠨ᠎ᠳᠤ ᠤᠷᠢᠳᠴᠢᠯᠠᠨ ᠪᠣᠯᠵᠣᠬᠤ
ᠴᠢᠬᠤᠯᠠ ᠦᠭᠡᠢ᠂ ᠴᠠᠭ ᠲᠤᠬᠠᠢ᠎ᠳᠤ ᠨᠢ ᠭᠦᠢᠴᠡᠳᠬᠡᠵᠦ ᠪᠣᠯᠣᠨ᠎ᠠ᠃
✦ᠣᠳᠣᠬᠠᠨ ᠪᠣᠯᠲᠠᠯ᠎ᠠ᠂
ᠰᠢᠯᠤᠭᠤᠨ ᠬᠥᠬᠡ ᠬᠣᠰᠢᠭᠤᠨ᠎ᠳᠤ ᠨᠢᠭᠡᠨᠲᠡ 60 ᠭᠠᠷᠤᠢ ᠦᠨᠳᠦᠰᠦᠲᠡᠨ᠎ᠦ ᠬᠤᠪᠴᠠᠰᠤ ᠵᠠᠰᠠᠯ᠎ᠤᠨ ᠬᠤᠪᠢ᠎ᠶᠢᠨ ᠦᠢᠯᠡᠳᠬᠡᠯ᠎ᠦᠨ
ᠭᠠᠵᠠᠷ ᠪᠠᠢᠵᠤ᠂ 500 ᠭᠠᠷᠤᠢ ᠡᠮᠡᠭᠲᠡᠢᠴᠦᠳ ᠤᠷ᠎ᠠ ᠮᠡᠷᠭᠡᠵᠢᠯ᠎ᠢ ᠡᠵᠡᠮᠰᠢᠨ᠂ ᠡᠨᠡ ᠬᠦ᠌ ᠪᠤᠳᠠᠰ᠎ᠤᠨ
ᠪᠤᠰᠤ ᠰᠤᠶᠤᠯ᠎ᠤᠨ ᠦᠪ᠎ᠤᠨ ᠦᠢᠯᠡᠰ ᠨᠢ ᠨᠢᠭᠡᠨᠲᠡ ᠲᠤᠬᠠᠢ᠎ᠶᠢᠨ ᠭᠠᠵᠠᠷ᠎ᠤᠨ ᠮᠠᠯᠴᠢᠳ᠎ᠤᠨ ᠣᠷᠣᠯᠭ᠎ᠠ᠎ᠶᠢ ᠨᠡᠮᠡᠭᠳᠡᠭᠦᠯᠬᠦ
ᠴᠢᠬᠤᠯᠠ ᠠᠷᠭ᠎ᠠ ᠵᠠᠮ ᠪᠣᠯᠤᠭᠰᠠᠨ ᠪᠠᠢᠨ᠎ᠠ᠃
ᠰᠤᠶᠤᠯ
✦ᠣᠷᠣᠨ ᠰᠠᠭᠤᠴᠠ
ᠪᠠ ᠬᠣᠲᠠ ᠬᠥᠳᠡᠭᠡ᠎ᠶᠢᠨ ᠪᠦᠲᠦᠭᠡᠨ ᠪᠠᠢᠭᠤᠯᠤᠯᠲᠠ ᠶ᠋ᠢᠨ ᠶᠠᠮᠤᠨ ᠤ᠋ ᠮᠡᠳᠡᠭᠡ ᠵᠢ ᠦᠨᠳᠦᠰᠦᠯᠡᠪᠡᠯ᠂ ᠡᠨᠡ
ᠵᠢᠯ᠎ᠦᠨ ᠴᠠᠭᠠᠨ ᠰᠠᠷ᠎ᠠ᠎ᠶᠢᠨ ᠠᠮᠠᠷᠠᠯᠲᠠ᠎ᠶᠢᠨ ᠡᠮᠦᠨ᠎ᠡ ᠨᠠᠢ᠍ᠮᠠᠨ ᠡᠳᠦᠷ (15᠎ᠤ ᠡᠳᠦᠷ᠎ᠡᠴᠡ 22᠎ᠤᠨ ᠡᠳᠦᠷ) ᠡᠯ᠎ᠡ ᠭᠠᠵᠠᠷ ᠤᠨ ᠬᠣᠲᠠ᠎ᠶᠢᠨ ᠴᠡᠴᠡᠷᠯᠢᠭᠦᠳ
ᠰᠣᠶᠣᠯ᠎ᠤᠨ ᠡᠭᠦᠳᠦᠯᠲᠡ᠎ᠶᠢᠨ ᠴᠤᠬᠯᠠᠭ᠎ᠠ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠵᠡᠭᠦᠯᠭᠡ᠎ᠶᠢᠨ
ᠲᠣᠭᠯᠠᠯᠲᠠ ᠵᠡᠷᠭᠡ 1.5 ᠲᠦᠮᠡ ᠰᠢᠬᠠᠮ ᠵᠦᠢᠯ᠎ᠦᠨ ᠣᠨᠴᠠᠯᠢᠭ᠍ᠲᠤ ᠠᠵᠢᠯᠯᠠᠭ᠎ᠠ ᠡᠷᠭᠢᠯᠡᠵᠦ᠂
ᠵᠢᠭᠤᠯᠴᠢᠯᠠᠭᠰᠠᠳ᠎ᠤᠨ ᠬᠡᠮᠵᠢᠶ᠎ᠠ 2.7 ᠳ᠋ᠦᠩᠰᠢᠭᠤᠷ ᠬᠥᠮᠥᠨ ᠤᠳᠠᠭ᠎ᠠ᠎ᠶᠢ ᠳᠠᠪᠠᠵᠤ᠂ 70 ᠳ᠋ᠦᠩᠰᠢᠭᠤᠷ ᠲᠥᠭᠥᠷᠢᠭ᠎ᠦᠨ
ᠬᠡᠷᠡᠭᠯᠡᠭᠡ᠎ᠶᠢ ᠳᠠᠶ᠋ᠢᠴᠢᠯᠠᠪᠠ᠃
✦20᠎ᠤ ᠡᠳᠦᠷ᠂
ᠠᠷᠪᠠᠨ ᠲᠠᠪᠤᠳᠤᠭᠠᠷ ᠬᠤᠭᠤᠴᠠᠭᠠᠨ᠎ᠤ ᠢᠲ᠋ᠠᠯᠢ᠎ᠶᠢᠨ ᠣᠯᠠᠨ ᠤᠯᠤᠰ᠎ᠤᠨ ᠡᠮᠦᠨᠡᠲᠦ ᠤᠮᠠᠷᠠᠲᠤ᠎ᠶᠢᠨ ᠤᠳᠬ᠎ᠠ
ᠵᠣᠬᠢᠶᠠᠯ᠎ᠤᠨ ᠱᠠᠩᠨᠠᠯ᠎ᠤᠨ ᠱᠠᠩᠨᠠᠯ ᠣᠯᠭᠣᠬᠤ ᠶᠣᠰᠣᠯᠠᠯ ᠢᠲ᠋ᠠᠯᠢ᠎ᠶᠢᠨ ᠫᠸᠰᠺᠠᠷᠠ ᠳ᠋ᠥ ᠶᠠᠪᠤᠭᠳᠠᠵᠤ᠂
ᠠᠯᠳᠠᠷᠲᠤ ᠵᠣᠬᠢᠶᠠᠯᠴᠢ᠂ ᠮᠤᠤ ᠳ᠋ᠦᠨ ᠤᠳᠬ᠎ᠠ ᠵᠣᠬᠢᠶᠠᠯ᠎ᠤᠨ ᠱᠠᠩᠨᠠᠯ ᠬᠦᠷᠲᠡᠭᠴᠢ᠂ ᠳᠤᠮᠳᠠᠳᠤ ᠤᠯᠤᠰ᠎ᠤᠨ
ᠠᠷᠠᠳ᠎ᠤᠨ ᠶᠡᠬᠡ ᠰᠤᠷᠭᠠᠭᠤᠯᠢ᠎ᠶᠢᠨ ᠤᠳᠬ᠎ᠠ ᠵᠣᠬᠢᠶᠠᠯ ᠤ᠋ᠨ ᠳᠡᠭᠡᠳᠦ ᠰᠤᠷᠭᠠᠭᠤᠯᠢ ᠵᠢᠨ ᠫᠷᠤᠹᠸᠰᠰᠤᠷ ᠯᠢᠦ
ᠵᠧᠨ ᠶᠦᠨ ᠱᠠᠩᠨᠠᠯ ᠭᠥᠷᠳᠡᠪᠡ᠃ ᠡᠨᠡ ᠪᠣᠯ ᠳᠤᠮᠳᠠᠳᠤ ᠤᠯᠤᠰ᠎ᠤᠨ ᠲᠤᠭᠤᠵᠢᠰ ᠤ᠋ᠨ ᠵᠣᠬᠢᠶᠠᠯᠴᠢ ᠲᠣᠰ
ᠱᠠᠩᠨᠠᠯ ᠢ᠋ ᠠᠩᠬ᠎ᠠ ᠤᠳᠠᠭ᠎ᠠ ᠭᠥᠷᠳᠡᠵᠦ ᠪᠠᠢᠭ᠎ᠠ ᠶᠠᠪᠤᠳᠠᠯ ᠪᠤᠯᠤᠨ᠎ᠠ᠃
✦ᠥᠪᠥᠷ
ᠮᠣᠩᠭᠣᠯ ᠤᠨ ᠺᠢᠨᠣ᠋ ᠶ᠋ᠢᠨ ᠪᠦᠯᠦᠭᠯᠡᠯ᠎ᠡᠴᠡ ᠣᠢᠯᠠᠭᠠᠭᠰᠠᠨ ᠵᠢᠡᠷ᠂ ᠪᠠᠷᠢᠮᠲᠠᠲᠤ ᠺᠢᠨᠣ᠋《ᠮᠣᠩᠭᠣᠯ ᠮᠣᠷᠢ》᠎ᠶ᠋ᠢ ᠡᠨᠡ
ᠵᠢᠯ᠎ᠦᠨ ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ
ᠠ᠋ᠴᠠ ᠰᠢᠨ᠎ᠡ ᠶ᠋ᠢᠨ ᠳᠣᠯᠣᠭᠠᠨ ᠪᠣᠯᠲᠠᠯ᠎ᠠ ᠲᠥᠪ
ᠲᠧᠯᠸᠢᠰ ᠦ᠋ᠨ ᠪᠠᠷᠢᠮᠲᠠᠲᠤ ᠺᠢᠨᠣ᠋ ᠶ᠋ᠢᠨ ᠰᠤᠪᠠᠭ᠎ᠢᠶᠠᠷ ᠪᠦᠬᠦ ᠤᠯᠤᠰ᠎ᠲᠤ ᠠᠩᠬ᠎ᠠ ᠨᠡᠪᠲᠡᠷᠡᠭᠦᠯᠵᠡᠢ᠃
✦22᠎ᠤᠨ ᠡᠳᠦᠷ᠂
ᠥᠪᠥᠷ ᠮᠣᠩᠭᠣᠯ᠎ᠤᠨ ᠤᠷᠠᠨ ᠵᠢᠷᠤᠭ᠎ᠤᠨ ᠣᠷᠳᠣᠨ《ᠦᠭᠡ ᠦᠭᠡᠢ ᠴᠤᠭᠯᠠᠭ᠎ᠠ》 ᠰᠡᠳᠦᠪᠲᠦ
ᠪᠣᠳᠠᠰ᠎ᠤᠨ ᠪᠤᠰᠤ ᠰᠣᠶᠣᠯ᠎ᠤᠨ ᠥᠪ ᠦ᠋ᠨ ᠦᠢᠯᠡᠳᠬᠦᠨ᠎ᠢ ᠪᠡᠶᠡᠴᠢᠯᠡᠨ ᠣᠢᠯᠠᠭᠠᠬᠤ ᠠᠵᠢᠯᠯᠠᠭ᠎ᠠ ᠡᠷᠭᠢᠯᠡᠪᠡ᠃
ᠴᠤᠭᠯᠠᠭ᠎ᠠ ᠨᠢ 《ᠤᠷᠠᠯᠢᠭ᠋᠎ᠤᠨ ᠰᠤᠪᠢᠯᠠᠯᠲᠠ》 ᠪᠡᠷ ᠭᠣᠣᠯ ᠰᠡᠳᠦᠪ ᠪᠣᠯᠭᠠᠵᠤ᠂ ᠦᠢᠮᠡᠭᠡᠨ ᠱᠤᠤᠬᠢᠶᠠᠨ ᠡᠴᠡ ᠵᠠᠢᠳᠠᠵᠤ᠂
ᠴᠠᠭᠠᠨ ᠰᠠᠷ᠎ᠠ᠎ᠶᠢᠨ ᠰᠣᠶᠣᠯ ᠵᠢᠭᠤᠯᠴᠢᠯᠠᠯ ᠤ᠋ᠨ ᠬᠡᠯᠪᠡᠷᠢ᠎ᠶᠢᠨ ᠰᠢᠨ᠎ᠡ᠎ᠶᠢ ᠡᠭᠦᠳᠴᠦ᠂ ᠬᠣᠲᠠ᠎ᠶᠢᠨ
ᠠᠷᠠᠳ᠎ᠲᠤ ᠪᠠᠶᠠᠷ᠎ᠤᠨ ᠡᠳᠦᠷ᠎ᠦᠨ ᠨᠡᠢᠭᠡᠮ᠎ᠦᠨ ᠬᠠᠷᠢᠯᠴᠠᠭᠠᠨ᠎ᠤ ᠰᠢᠨ᠎ᠡ ᠰᠣᠩᠭᠣᠯᠲᠠ ᠬᠠᠩᠭᠠᠭᠰᠠᠨ
ᠪᠠᠢᠨ᠎ᠠ᠃
ᠲᠡᠯᠡᠬᠡᠢ
✦ᠠᠮᠧᠷᠢᠺᠠ᠎ᠶᠢᠨ
ᠪᠣᠭᠣᠮᠲᠠ ᠬᠢᠭᠡᠳ ᠬᠢᠯᠢ᠎ᠶᠢᠨ ᠬᠠᠮᠠᠭᠠᠯᠠᠯᠲᠠ ᠶᠢᠨ ᠲᠣᠪᠴᠢᠶ᠎ᠠ (CBA) ᠢᠯᠡᠷᠬᠡᠢᠯᠡᠬᠦ᠎ᠳᠡᠭᠡᠨ᠂ ᠠᠮᠧᠷᠢᠺᠠ᠎ᠶᠢᠨ ᠵᠡᠭᠦᠨ
ᠬᠡᠰᠡᠭ ᠦ᠋ᠨ ᠴᠠᠭ᠎ᠢᠶᠠᠷ 24᠎ᠦ ᠡᠳᠦᠷ᠎ᠡᠴᠡ ᠡᠬᠢᠯᠡᠨ《ᠣᠯᠠᠨ ᠤᠯᠤᠰ᠎ᠤᠨ ᠠᠵᠤ ᠠᠬᠤᠢ᠎ᠶᠢᠨ ᠪᠠᠴᠢᠮ ᠡᠷᠬᠡ᠎ᠶᠢᠨ ᠬᠠᠤᠯᠢ》 (IEEPA)᠎ᠶᠢ ᠦᠨᠳᠦᠰᠦᠯᠡᠨ ᠬᠤᠷᠢᠶᠠᠭᠰᠠᠨ ᠪᠣᠭᠣᠮᠲᠠ᠎ᠶᠢᠨ
ᠭᠠᠢᠯᠢ ᠲᠠᠲᠠᠪᠤᠷᠢᠯᠠᠬᠤ᠎ᠶᠢ ᠵᠣᠭᠰᠣᠭᠠᠨ᠎ᠠ ᠭᠡᠵᠡᠢ᠃
✦ᠢᠷᠡᠨ᠎ᠳᠤ ᠰᠠᠭᠤᠭ᠎ᠠ
ᠡᠨᠡᠳᠬᠡᠭ᠎ᠦᠨ ᠡᠯᠴᠢᠨ ᠰᠠᠢᠳ᠎ᠤᠨ ᠶᠠᠮᠤᠨ ᠡᠴᠠ ᠰᠠᠨᠠᠭᠤᠯᠤᠮᠵᠢ ᠨᠡᠢᠲᠡᠯᠡᠵᠦ᠂ ᠣᠳᠣᠬᠠᠨ᠎ᠳᠤ ᠢᠷᠡᠨ᠎ᠳᠤ ᠪᠠᠢᠭ᠎ᠠ
ᠡᠨᠡᠳᠬᠡᠭ᠎ᠦᠨ ᠠᠷᠠᠳ ᠢᠷᠭᠡᠳ᠎ᠲᠦ ᠠᠯᠢᠪᠠ ᠵᠠᠮ ᠬᠠᠷᠢᠯᠴᠠᠭᠠᠨ᠎ᠤ ᠪᠣᠯᠣᠮᠵᠢ᠎ᠲᠠᠢ ᠠᠷᠭ᠎ᠠ ᠬᠡᠯᠪᠡᠷᠢ ᠵᠢ
ᠠᠰᠢᠬᠯᠠᠨ ᠠᠯᠢ ᠲᠦᠷᠭᠡᠨ ᠵᠢᠡᠷ ᠢᠷᠠᠨ ᠡᠴᠡ ᠶᠠᠪᠤᠬᠤ᠎ᠶᠢ ᠳᠠᠬᠢᠨᠲᠠ ᠰᠠᠨᠠᠭᠤᠯᠵᠤ ᠪᠠᠢᠨ᠎ᠠ ᠭᠡᠵᠡᠢ᠃
ᠦᠢᠯᠡᠴᠢᠯᠡᠭᠡ
✦ᠨᠡᠢᠰᠯᠡᠯ᠎ᠦᠨ
ᠠᠨᠠᠭᠠᠬᠤ ᠤᠬᠠᠭᠠᠨ ᠤ ᠶᠡᠬᠡ ᠰᠤᠷᠭᠠᠭᠤᠯᠢ ᠶᠢᠨ ᠬᠠᠷᠢᠶᠠᠲᠤ ᠪᠡᠭᠡᠵᠢᠩ ᠦᠨ ᠨᠥᠬᠥᠷᠯᠡᠯ ᠡᠮᠨᠡᠯᠭᠡ᠎ᠶᠢᠨ
ᠬᠣᠷᠢᠶ᠎ᠠ᠎ᠶᠢᠨ ᠥᠪᠥᠷ ᠮᠣᠩᠭᠣᠯ᠎ᠤᠨ ᠡᠮᠨᠡᠯᠭᠡ᠎ᠶᠢᠨ ᠬᠣᠷᠢᠶ᠎ᠠ 100 ᠠᠵᠢᠯᠲᠠᠨ ᠡᠯᠰᠡᠬᠦ ᠪᠡᠷ ᠪᠤᠢ᠃
ᠲᠠᠨ ᠤ ᠲᠤᠰᠡ ᠳ᠋ᠤ
✦ ᠴᠠᠭᠠᠨ
ᠰᠠᠷ᠎ᠠ᠎ᠶᠢᠨ ᠲᠣᠰᠣᠯᠢᠭ᠋ ᠢᠳᠡᠭᠡᠨ ᠤᠮᠳᠠᠭᠠᠨ ᠨᠢ ᠬᠣᠳᠣᠭᠣᠳᠤ ᠭᠡᠳᠡᠰᠦᠨ᠎ᠦ ᠳᠠᠷᠤᠭᠠᠰᠤ᠎ᠶᠢ
ᠬᠦᠨᠳᠦᠷᠡᠭᠦᠯᠳᠡᠭ᠂ ᠠᠮᠠᠷᠠᠯᠲᠠ ᠵᠢᠨ ᠳᠠᠷᠠᠭ᠎ᠠ ᠰᠢᠩᠭᠡᠨ ᠢᠳᠡᠭᠡᠨ ᠤᠮᠳᠠᠭᠠᠨᠵᠢᠡᠷ ᠭᠤᠤᠯᠳᠠᠭᠤᠯᠵᠤ᠂
ᠨᠠᠩᠭᠢ ᠴᠠᠭᠠᠨ᠂ ᠨᠠᠷᠢᠮᠤ᠂ ᠬᠥᠬᠡ ᠨᠣᠭᠣᠭ᠎ᠠ ᠵᠡᠷᠭᠡ ᠰᠢᠩᠭᠡᠭᠡᠬᠦ᠎ᠳᠦ ᠬᠢᠯᠪᠠᠷ ᠢᠳᠡᠭᠡᠨ᠎ᠢ ᠢᠯᠡᠭᠦᠦ
ᠢᠳᠡᠵᠦ᠂ ᠭᠤᠱᠤᠭᠤᠨ ᠲᠦᠭᠦᠬᠡᠢ ᠬᠦᠢᠲᠡᠨ ᠢᠳᠡᠭᠡᠨ᠎ᠢ ᠪᠠᠭᠠᠰᠬᠠᠪᠠᠯ ᠵᠣᠬᠢᠨ᠎ᠠ᠃ ᠭᠤᠷᠪᠠᠨ ᠴᠠᠭ᠎ᠤᠨ
ᠬᠣᠭᠣᠯᠠᠨ᠎ᠤ ᠵᠢᠮ᠎ᠡ ᠶᠣᠰᠣ᠌ ᠵᠢ ᠪᠠᠷᠢᠮᠲᠠᠯᠠᠨ᠂ ᠤᠳᠠᠭᠠᠨ ᠵᠠᠵᠢᠯᠬᠤ ᠵᠢ ᠡᠷᠬᠢᠮᠯᠡᠨ᠂ ᠬᠣᠭᠣᠯᠠᠨ᠎ᠤ
ᠳᠠᠷᠠᠭ᠎ᠠ 10 ᠮᠢᠨᠦ᠋ᠲ ᠰᠤᠯᠠ ᠠᠯᠬᠤᠬᠤ ᠨᠢ ᠭᠡᠳᠡᠰᠦ ᠬᠥᠭᠡᠭᠡᠬᠦ᠎ᠶᠢ ᠨᠠᠮᠳᠠᠭᠤᠯᠵᠤ᠂ ᠬᠣᠳᠣᠭᠣᠳᠤ
ᠭᠡᠳᠡᠰᠦᠨ ᠦ ᠲᠠᠭᠠᠯᠠᠮᠵᠢᠲᠠᠢ ᠪᠠᠢᠳᠠᠯ᠎ᠢ ᠲᠦᠷᠭᠡᠨ ᠰᠡᠷᠭᠦᠭᠡᠵᠦ᠂ ᠡᠷᠡᠭᠦᠯ᠎ᠢᠶᠡᠷ ᠠᠵᠢᠯᠯᠠᠵᠤ
ᠠᠮᠠᠷᠠᠬᠤ᠎ᠳᠤ ᠲᠤᠰᠠ ᠪᠣᠯᠣᠨ᠎ᠠ᠃
ᠵᠠᠯᠭᠠᠭᠠᠳ 《ᠳᠦᠷᠪᠡᠨ ᠨᠠᠰᠤᠲᠠᠢ
ᠬᠠᠯᠢᠭᠤᠨ》 ᠬᠡᠬᠦ ᠲᠠᠭᠤᠤ
ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠨᠡᠪᠳᠡᠷᠡᠭᠦᠯᠬᠡ ᠮᠠᠨᠢ ᠲᠠ ᠪᠦᠬᠦᠨ ᠳᠦ
ᠲᠠᠭᠠᠯᠠᠬᠳᠠᠬᠰᠠᠨ ᠪᠤᠯ ᠤᠳᠤᠨ ᠳᠡᠮᠳᠡᠭ ᠱᠠᠩᠨᠠᠵᠤ ᠪᠢᠳᠡᠨ ᠳᠤ ᠤᠷᠮ᠎ᠠ ᠬᠠᠢᠷᠠᠯᠠᠭᠠᠷᠠᠢ!ᠲᠠ ᠪᠦᠬᠦᠨ ᠤ
ᠬᠦᠯᠢᠶᠡᠨ ᠠᠪᠴᠤ᠌ ᠰᠤᠨᠤᠰᠤᠬ᠍ᠰᠠᠨ ᠳ᠋ᠤ ᠪᠠᠶᠠᠷᠯᠠᠯ᠎ᠠ᠂ ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)