3 ᠰᠠᠷ᠎ᠠ᠎ᠶ᠋ᠢᠨ 13᠎ᠦ ᠡᠳᠦᠷ
ᠡᠬᠢᠯᠡᠬᠦ᠌ ᠴᠠᠭ᠄
2026-03-13 10:46:06
ᠨᠠᠶ᠋ᠢᠷᠠᠭᠤᠯᠤᠭᠴᠢ ᠄
ᠭᠢᠯᠪᠡᠭᠡᠨ
ᠨᠡᠪᠲᠡᠷᠡᠬᠦᠯᠦᠭᠴᠢ ᠄
ᠭᠢᠯᠪᠡᠭᠡᠨ
ᠮᠡᠷᠭᠡᠵᠢᠯ ᠄

ᠤᠩᠰᠢᠭᠰᠠᠨ ᠤᠳᠠᠭ᠎ᠠ᠄


401.jpg


403.jpg


402.jpg


 ᠬᠣᠶᠠᠷ ᠬᠤᠷᠠᠯ᠎ᠤᠨ ᠲᠤᠰᠭᠠᠢ ᠮᠡᠳᠡᠭᠡᠯᠡᠯ

✦ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠳᠥᠷᠪᠡᠳᠦᠭᠡᠷ ᠬᠤᠷᠠᠯ 3 ᠰᠠᠷ᠎ᠠ᠎ᠵᠢᠨ 12 ᠤ᠋ᠨ ᠦᠳᠡ᠎ᠵᠢᠨ ᠬᠤᠢᠨᠠᠬᠢ 3 ᠴᠠᠭ᠎ᠲᠤ ᠪᠡᠭᠡᠵᠢᠩ᠎ᠦᠨ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠳᠡᠬᠦᠰᠬᠦ ᠬᠤᠷᠠᠯ ᠬᠢᠪᠡ᠃


ᠨᠡᠢᠭᠡᠮ

✦ ᠵᠡᠭᠦᠨ ᠬᠣᠢᠲᠤ ᠣᠷᠣᠨ᠎ᠤ ᠬᠥᠯ ᠪᠥᠮᠪᠥᠭᠡ᠎ᠶᠢᠨ ᠬᠡᠲᠦ ᠳᠡᠰ᠎ᠤᠨ ᠬᠣᠯᠪᠣᠭᠠᠲᠤ ᠤᠷᠤᠯᠳᠤᠭᠠᠨ 5 ᠰᠠᠷ᠎ᠠ᠎ᠳᠤ ᠡᠬᠢᠯᠡᠬᠦ᠎ᠪᠡᠷ ᠪᠠᠢᠨ᠎ᠠ᠃ ᠮᠦᠭᠳᠡᠨ ᠬᠣᠲᠠ ᠨᠢ ᠬᠣᠯᠪᠣᠭᠠᠲᠤ ᠤᠷᠤᠯᠳᠤᠭᠠᠨ᠎ᠤ ᠡᠬᠢᠯᠡᠯᠲᠡ᠎ᠶᠢᠨ ᠶᠣᠰᠣᠯᠠᠯ᠎ᠤᠨ ᠭᠣᠣᠯ ᠲᠠᠯᠠᠪᠤᠷ ᠪᠣᠯᠤᠭᠰᠠᠨ᠎ᠤ ᠬᠤᠪᠢ᠎ᠳᠤ᠂ 3 ᠰᠠᠷ᠎ᠠ᠎ᠶᠢᠨ 11᠎ᠦ ᠡᠳᠦᠷ᠎ᠡᠴᠡ 4 ᠰᠠᠷ᠎ᠠ ᠵᠢᠨ 30᠎ᠤ ᠡᠳᠦᠷ ᠪᠣᠯᠲᠠᠯ᠎ᠠ᠂ ᠲᠤᠰ ᠬᠣᠲᠠ᠎ᠶᠢᠨ ᠵᠢᠡᠨ ᠨᠠᠢ᠍ᠮᠠᠨ ᠶᠡᠬᠡ ᠦᠵᠡᠮᠵᠢ᠎ᠶᠢᠨ ᠣᠷᠣᠨ᠎ᠳᠤ ᠳ᠋ᠠᠯᠢᠶᠠᠨ᠂ ᠴᠠᠩᠴᠦ᠋ᠨ᠂ ᠶᠠᠨᠪᠢᠶᠠᠨ᠂ ᠬᠠᠷᠪᠢᠨ᠂ ᠵᠢᠢ ᠰᠢ᠂ ᠬᠥᠬᠡᠬᠣᠲᠠ᠂ ᠲᠦᠩᠯᠢᠶᠣᠣ ᠵᠡᠷᠭᠡ ᠭᠠᠵᠠᠷ᠎ᠤᠨ ᠵᠢᠭᠤᠯᠴᠢᠯᠠᠭᠰᠠᠳ᠎ᠢ ᠦᠨ᠎ᠡ ᠲᠥᠯᠥᠪᠦᠷᠢ ᠦᠭᠡᠢ᠎ᠪᠡᠷ ᠵᠢᠭᠤᠯᠴᠢᠯᠠᠭᠤᠯᠬᠤ᠎ᠪᠠᠷ ᠪᠣᠶ᠃

✦ ᠪᠠᠶᠠᠨᠨᠠᠭᠤᠷ ᠬᠤᠲᠠ᠎ᠵᠢᠨ ᠬᠠᠩᠭᠢᠨ ᠬᠣᠢᠲᠤ ᠬᠣᠰᠢᠭᠤᠨ᠎ᠤ ᠤᠯᠠᠭᠠᠨᠪᠤᠬ᠎ᠠ ᠡᠯᠡᠰᠦᠨ ᠴᠥᠯ᠎ᠢ ᠶᠡᠷᠦᠩᠬᠡᠢᠯᠡᠨ ᠵᠠᠰᠠᠬᠤ ᠣᠷᠣᠨ᠎ᠤ ᠬᠢᠨ ᠡᠨᠡ ᠵᠢᠯ᠎ᠤᠨ 《ᠤᠮᠠᠷᠠᠲᠤ᠎ᠵᠢᠨ ᠭᠤᠷᠪᠠᠨ ᠤᠷᠤᠨ》᠎ᠤ ᠢᠨᠵᠧᠨᠧᠷᠢᠩ᠎ᠦᠨ ᠠᠮᠢ ᠠᠬᠤᠢ᠎ᠶᠢ ᠶᠡᠷᠦᠩᠬᠡᠢᠯᠡᠨ ᠵᠠᠰᠠᠬᠤ ᠲᠥᠷᠥᠯ ᠵᠦᠢᠯ ᠢ᠋ 0.27 ᠲᠦᠮᠡᠨ ᠮᠦ᠍᠂ ᠣᠶ ᠰᠢᠭᠤᠢ ᠨᠤᠳᠤᠭ ᠪᠡᠯᠴᠢᠭᠡᠷ ᠨᠤᠭᠤ ᠭᠠᠵᠠᠷ᠎ᠢ ᠨᠢᠭᠡ ᠴᠣᠭᠴᠠᠵᠢᠭᠤᠯᠤᠨ ᠬᠠᠮᠠᠭᠠᠯᠠᠨ ᠰᠡᠷᠭᠦᠭᠡᠬᠦ ᠲᠥᠷᠥᠯ ᠵᠦᠢᠯ ᠢ᠋ 0.31 ᠲᠦᠮᠡᠨ ᠮᠦ᠍ ᠵᠢᠴᠢ ᠭᠣᠣᠯᠳᠠᠯᠭ᠎ᠠ᠎ᠲᠠᠢ ᠭᠠᠵᠠᠷ᠎ᠤᠨ ᠨᠥᠬᠥᠵᠦ ᠳᠠᠷᠢᠵᠤ ᠨᠥᠬᠥᠵᠦ ᠣᠢᠵᠢᠭᠤᠯᠬᠤ ᠠᠵᠢᠯ᠎ᠢ ᠣᠳᠣᠬᠠᠨ᠎ᠳᠤ ᠨᠢᠭᠡᠨᠲᠡ ᠪᠥᠬᠥ ᠲᠠᠯ᠎ᠠ᠎ᠪᠠᠷ ᠰᠡᠷᠭᠦᠭᠡᠵᠦ᠂ 5 ᠰᠠᠷ᠎ᠠ᠎ᠶᠢᠨ 30᠎ᠤ ᠡᠳᠦᠷ᠎ᠡᠴᠡ ᠡᠮᠦᠨ᠎ᠡ ᠪᠦᠬᠦᠨ᠎ᠢ ᠳᠠᠭᠤᠰᠬᠠᠬᠤ᠎ᠪᠠᠷ ᠲᠥᠯᠥᠪᠯᠡᠵᠦ ᠪᠣᠶ᠃

✦ 3 ᠰᠠᠷ᠎ᠠ᠎ᠵᠢᠨ 11᠎ᠦ ᠡᠳᠦᠷ᠂ ᠵᠢᠷᠭᠠᠯ (ᠬᠥᠪᠴᠢ᠎ᠵᠢᠨ ᠡᠯᠡᠰᠦ᠎ᠵᠢᠨ ᠬᠣᠶᠠᠳᠤᠭᠠᠷ ᠡᠭᠡᠯᠵᠢ)᠎ᠤᠨ 500 ᠺᠢᠯᠦᠸᠠᠲ᠎ᠤᠨ ᠴᠠᠬᠢᠯᠭᠠᠨ ᠬᠦᠷᠭᠡᠬᠦ ᠬᠦᠴᠦᠳᠡᠯ ᠥᠭᠡᠷᠡᠴᠢᠯᠡᠬᠦ ᠢᠨᠵᠧᠨᠧᠷᠢᠩ ᠵᠢᠩᠬᠢᠨᠢ᠎ᠪᠡᠷ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠨᠧᠷᠭᠢ᠎ᠶᠢᠨ ᠲᠣᠪᠴᠢᠶ᠎ᠠ᠎ᠶᠢᠨ ᠬᠢᠨᠠᠨ ᠵᠥᠪᠰᠢᠶᠡᠷᠡᠯ᠎ᠢ ᠣᠯᠪᠠ᠃ ᠲᠣᠰ ᠢᠨᠵᠧᠨᠧᠷᠢᠩ ᠨᠢ ᠬᠠᠩᠭᠢᠨ ᠬᠣᠰᠢᠭᠤᠨ᠎ᠤ ᠬᠢᠯᠢ ᠳᠣᠲᠣᠷ᠎ᠠ ᠪᠠᠢᠷᠢᠯᠠᠵᠤ᠂ ᠶᠡᠷᠦᠩᠬᠡᠢ ᠪᠡᠯᠡ ᠣᠷᠣᠭᠤᠯᠤᠯᠲᠠ ᠨᠢ 15.2554 ᠳ᠋ᠦᠩᠰᠢᠭᠤᠷ ᠲᠥᠭᠥᠷᠢᠭ᠎ᠲᠦ ᠬᠦᠷᠴᠡᠢ᠃

✦ ᠤᠢᠷ᠎ᠠ᠎ᠳᠦ ᠤᠷᠳᠤᠰ ᠬᠤᠲᠠ᠎ᠵᠢᠨ ᠦᠦᠰᠢᠨ ᠬᠣᠰᠢᠭᠤᠨ᠎ᠤ ᠬᠠᠩᠭᠠᠨ ᠪᠣᠷᠣᠯᠠᠭᠤᠯᠬᠤ ᠬᠣᠷᠰᠢᠶ᠎ᠠ᠎ᠵᠢᠨ 2026 ᠣᠨ᠎ᠤ ᠬᠠᠪᠤᠷ᠎ᠤᠨ ᠤᠯᠠᠷᠢᠯ᠎ᠤᠨ ᠲᠠᠷᠢᠶᠠᠯᠠᠩ ᠦᠢᠯᠡᠳᠪᠦᠷᠢᠯᠡᠯ᠎ᠤᠨ ᠪᠣᠯᠪᠠᠰᠤᠷᠠᠯ ᠰᠢᠷᠠᠠᠤᠰᠤᠨ ᠪᠠᠯᠭᠠᠰᠤᠨ᠎ᠳᠤ ᠶᠠᠪᠤᠭᠳᠠᠵᠤ᠂ ᠥᠦᠰᠢᠨ ᠬᠣᠰᠢᠭᠤᠨ᠎ᠤ ᠲᠠᠷᠢᠮᠠᠯ᠎ᠤᠨ ᠡᠷᠦᠭᠡ᠂ ᠲᠠᠷᠢᠶᠠᠯᠠᠩ᠎ᠦᠨ ᠮᠡᠷᠭᠡᠵᠢᠯᠲᠡᠳ ᠵᠢᠴᠢ ᠲᠠᠷᠢᠶᠠᠯᠩ᠎ᠤᠨ ᠬᠡᠷᠡᠭᠰᠡᠯ ᠡᠵᠡᠩᠨᠡᠵᠦ ᠪᠠᠢᠭ᠎ᠠ ᠠᠵᠤ ᠠᠬᠤᠢᠯᠠᠯᠲᠠᠨ ᠢᠳᠡᠪᠬᠢᠳᠡᠶ ᠤᠷᠤᠯᠴᠠᠵᠤ᠂ ᠬᠠᠪᠤᠷ᠎ᠤᠨ ᠲᠠᠷᠢᠶᠠᠯᠠᠭ᠎ᠠ᠎ᠶᠢᠨ ᠤᠷᠤᠭᠰᠢᠳᠠᠢ ᠶᠠᠪᠤᠭᠳᠠᠬᠤ᠎ᠳᠤ ᠲᠤᠰᠠᠯᠠᠵᠤ ᠪᠠᠢᠨ᠎ᠠ᠃

✦ ᠡᠨᠡ ᠵᠢᠯ ᠲᠦᠩᠯᠢᠶᠣᠣ ᠬᠤᠲᠠ ᠮᠢᠩᠭᠠᠨ ᠲᠦᠮᠡᠨ ᠮᠦ᠍᠎ᠶᠢᠨ ᠤᠰᠤ ᠠᠷᠪᠢᠯᠠᠬᠤ ᠥᠨᠳᠥᠷ ᠤᠨᠠᠯᠲᠠᠲᠤ ᠥᠨᠳᠥᠷ ᠦᠷ᠎ᠡ ᠠᠰᠢᠭ᠍ᠲᠤ ᠣᠳᠣ᠌ ᠦᠶ᠎ᠡ᠎ᠶᠢᠨ ᠲᠠᠷᠢᠶᠠᠯᠠᠩ᠎ᠤᠨ ᠵᠢᠱ᠌ᠢᠶ᠎ᠡ ᠦᠵᠡᠭᠦᠯᠬᠦ ᠣᠷᠣᠨ᠎ᠤ ᠪᠦᠲᠦᠭᠡᠨ ᠪᠠᠢᠭᠤᠯᠤᠯᠲᠠ᠎ᠶᠢ ᠠᠬᠢᠭᠤᠯᠵᠤ᠂ ᠵᠢᠱ᠌ᠢᠶ᠎ᠡ ᠦᠵᠡᠭᠦᠯᠬᠦ ᠣᠷᠣᠨ᠎ᠳᠠᠬᠢ 《ᠲᠣᠨ᠎ᠤ ᠤᠨᠠᠯᠲᠠᠲᠤ ᠲᠠᠷᠢᠶ᠎ᠠ》 ᠵᠢᠨ ᠲᠠᠯᠠᠪᠠᠢ᠎ᠶᠢ 400 ᠲᠦᠮᠡᠨ ᠮᠦ᠍᠎ᠡᠴᠡ ᠳᠡᠭᠡᠭᠰᠢ᠎ᠳᠦ ᠬᠦᠷᠭᠡᠵᠦ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠢ 220 ᠲᠦᠮᠡᠨ ᠮᠦ᠍ ᠰᠢᠨ᠎ᠡ᠎ᠪᠡᠷ ᠪᠦᠳᠦᠬᠡᠨ ᠪᠠᠢᠭᠤᠯᠬᠤ᠎ᠪᠠᠷ ᠪᠣᠶ᠃

✦ ᠲᠦᠷᠦᠭᠦᠬᠡᠨ 2026 ᠣᠨ᠎ᠤ ᠥᠪᠡᠷᠲᠡᠭᠡᠨ ᠵᠠᠰᠠᠬᠤ ᠣᠷᠣᠨ᠎ᠤ ᠴᠢᠨᠠᠷ ᠰᠠᠢᠲᠠᠢ ᠬᠥᠭᠵᠢᠯᠲᠡ᠎ᠶᠢᠨ ᠲᠤᠰᠬᠠᠢ ᠲᠦᠷᠦᠯ ᠤ᠋ᠨ ᠪᠡᠯᠡ ᠮᠥᠩᠭᠥ (ᠨᠢᠭᠡᠳᠦᠭᠡᠷ ᠪᠦᠯᠦᠭ) ᠵᠢᠨ ᠲᠥᠷᠥᠯ ᠵᠦᠢᠯ᠎ᠢ ᠬᠢᠨᠠᠨ ᠲᠣᠭᠲᠠᠭᠠᠵᠤ ᠵᠠᠷᠯᠠᠨ ᠨᠡᠢᠲᠡᠯᠡᠵᠦ᠂ ᠰᠢᠯᠢ᠎ᠶᠢᠨ ᠭᠣᠣᠯ ᠠᠢᠮᠠᠭ᠎ᠤᠨ ᠪᠠᠷᠠᠭᠤᠨ ᠦᠵᠦᠮᠦᠴᠢᠨ ᠬᠣᠰᠢᠭᠤᠨ᠎ᠤ ᠲᠦᠸᠸ ᠮᠢ ᠴᠠᠭᠠᠨ ᠢᠳᠡᠭᠡᠨ ᠤ᠋ ᠬᠢᠵᠠᠭᠠᠷᠲᠤ ᠺᠣᠮᠫᠠᠨᠢ᠂ ᠠᠷᠢᠭᠤᠨ ᠰᠠᠭᠠᠯᠢ ᠴᠠᠭᠠᠨ ᠢᠳᠡᠭᠡᠨ ᠤ᠋ ᠬᠢᠵᠠᠭᠠᠷᠲᠤ ᠺᠣᠮᠫᠠᠨᠢ ᠵᠡᠷᠭᠡ 2 ᠲᠥᠷᠥᠯ ᠵᠦᠢᠯ 2026 ᠣᠨ᠎ᠤ ᠥᠪᠡᠷᠲᠡᠭᠡᠨ ᠵᠠᠰᠠᠬᠤ ᠣᠷᠣᠨ᠎ᠤ ᠠᠵᠤ ᠦᠢᠯᠡᠳᠪᠦᠷᠢ ᠪᠠ ᠮᠡᠳᠡᠭᠡ ᠵᠠᠩᠭᠢᠴᠢᠯᠠᠯᠲᠠ᠎ᠶᠢᠨ ᠲᠢᠩᠬᠢᠮ᠎ᠦᠨ ᠴᠢᠨᠠᠷ ᠰᠠᠢᠲᠠᠢ ᠬᠥᠭᠵᠢᠯᠲᠡ᠎ᠶᠢᠨ ᠲᠤᠰᠬᠠᠢ ᠲᠥᠷᠥᠯ᠎ᠤᠨ ᠪᠡᠯᠡ ᠮᠥᠩᠭᠥ᠎ᠶᠢ 26 ᠲᠦᠮᠡᠨ ᠲᠥᠭᠥᠷᠢᠭ ᠣᠯᠪᠠ᠃

✦ ᠤᠢᠷ᠎ᠡ᠎ᠳᠦ ᠲᠦᠩᠯᠢᠶᠤᠤ ᠬᠤᠲᠠ᠎ᠵᠢᠨ ᠨᠠᠢ᠍ᠮᠠᠨ ᠬᠣᠰᠢᠭᠤᠨ᠎ᠤ 2026 ᠣᠨ᠎ᠤ ᠲᠤᠰᠬᠠᠢ ᠠᠵᠢᠯᠲᠠᠨ ᠠᠵᠢᠯᠴᠢᠨ ᠡᠯᠰᠡᠬᠦ ᠴᠤᠭᠯᠠᠭᠠᠨ ᠪᠤᠯᠬᠤ 《ᠤᠷᠢᠬᠠᠨ ᠰᠠᠯᠬᠢ ᠠᠵᠢᠯᠯᠠᠭ᠎ᠠ》 ᠶᠠᠪᠤᠭᠳᠠᠵᠤ᠂ 50 ᠰᠢᠯᠢᠳᠡᠭ ᠠᠵᠤ ᠠᠬᠤᠢᠯᠠᠯ 2200 ᠭᠠᠷᠤᠢ ᠠᠵᠢᠯ᠎ᠤᠨ ᠪᠠᠢᠷᠢ ᠬᠠᠩᠭᠠᠵᠠᠢ᠃ ᠤᠢᠯᠠᠭᠠᠭᠰᠠᠨ᠎ᠢᠶᠠᠷ ᠲᠤᠰ ᠤᠳᠠᠭᠠᠨ᠎ᠤ ᠠᠵᠢᠯᠲᠠᠨ ᠠᠵᠢᠯᠴᠢᠨ ᠡᠯᠰᠡᠬᠦ ᠴᠤᠭᠯᠠᠭᠠᠨ᠎ᠳᠤ 1800 ᠭᠠᠷᠤᠢ ᠠᠵᠢᠯ ᠡᠷᠢᠭᠴᠢ ᠣᠷᠣᠯᠴᠠᠵᠤ᠂ 265 ᠬᠥᠮᠥᠨ ᠠᠵᠢᠯ ᠣᠯᠬᠤ ᠰᠠᠨᠠᠮᠵᠢ ᠲᠣᠭᠲᠠᠪᠠ᠃


ᠠᠵᠤ ᠠᠬᠤᠢ 

✦ ᠤᠯᠤᠰ᠎ᠤᠨ ᠲᠡᠮᠦᠷ ᠵᠠᠮ᠎ᠤᠨ ᠪᠦᠯᠦᠭᠯᠡᠯ᠎ᠦᠨ ᠮᠡᠳᠡᠭᠡ᠎ᠶᠢ ᠦᠨᠳᠦᠰᠦᠯᠡᠪᠡᠯ᠂ ᠡᠨᠡ ᠵᠢᠯ᠎ᠦᠨ 1᠎ᠡᠴᠡ 2 ᠰᠠᠷ᠎ᠠ ᠪᠣᠯᠲᠠᠯ᠎ᠠ᠂ ᠪᠥᠬᠥ ᠤᠯᠤᠰ᠎ᠤᠨ ᠲᠡᠮᠦᠷ ᠵᠠᠮ᠎ᠤᠨ ᠲᠣᠭᠲᠠᠮᠠᠯ ᠬᠥᠷᠥᠩᠭᠡ᠎ᠶᠢᠨ ᠪᠡᠯᠡ ᠣᠷᠣᠭᠤᠯᠤᠯᠲᠠ 722 ᠳ᠋ᠦᠩᠰᠢᠭᠤᠷ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 5.4 % ᠪᠠᠷ ᠨᠡᠮᠡᠭᠳᠡᠪᠡ᠃


ᠲᠠᠮᠢᠷ

✦ 3 ᠰᠠᠷ᠎ᠠ᠎ᠵᠢᠨ 11᠎ᠦ ᠡᠳᠦᠷ᠂ 2026 ᠣᠨ᠎ᠤ ᠡᠮᠡᠭᠲᠡᠢ᠎ᠶᠢᠨ ᠰᠠᠭᠰᠤᠨ ᠪᠥᠮᠪᠥᠭᠡ᠎ᠶᠢᠨ ᠳᠡᠯᠡᠬᠡᠢ᠎ᠶᠢᠨ ᠬᠤᠨᠳᠠᠭᠠᠲᠤ ᠬᠢᠷᠢ ᠬᠡᠮ᠎ᠦᠨ ᠤᠷᠤᠯᠳᠤᠭᠠᠨ᠎ᠤ ᠦᠬᠠᠨ ᠥᠷᠲᠡᠭᠡ᠎ᠵᠢᠨ ᠤᠷᠤᠯᠳᠤᠭᠠᠨ ᠡᠬᠢᠯᠡᠵᠦ᠂ ᠳᠤᠮᠳᠠᠳᠤ ᠤᠯᠤᠰ᠎ᠤᠨ ᠡᠮᠡᠭᠲᠡᠢ᠎ᠶᠢᠨ ᠰᠠᠭᠰᠤᠨ ᠪᠥᠮᠪᠥᠭᠡ᠎ᠶᠢᠨ ᠠᠩᠭᠢ 81᠄ 68 ᠎ᠪᠠᠷ ᠮᠠᠯᠢ ᠤᠯᠤᠰ᠎ᠤᠨ ᠡᠮᠡᠭᠲᠡᠢ᠎ᠶᠢᠨ ᠰᠠᠭᠰᠤᠨ ᠪᠥᠮᠪᠥᠭᠡ᠎ᠶᠢᠨ ᠠᠩᠭᠢ᠎ᠶᠢ ᠢᠯᠠᠵᠤ᠂ ᠠᠩᠬᠠᠨ᠎ᠤ ᠲᠠᠯᠠᠪᠠᠢ᠎ᠵᠢᠨ ᠤᠷᠤᠯᠳᠤᠭᠠᠨ᠎ᠤ ᠢᠯᠠᠯᠲᠠ᠎ᠶᠢ ᠤᠯᠪᠠ᠃

✦ ᠲᠦᠷᠦᠭᠦᠬᠡᠨ ᠠᠽᠢᠶ᠎ᠠ ᠲᠢᠪ᠎ᠦᠨ ᠵᠢᠣᠳᠣᠣ ᠪᠦᠬᠡ᠎ᠶᠢᠨ ᠬᠣᠯᠪᠣᠭᠠᠲᠤ ᠬᠤᠷᠠᠯ᠎ᠤᠨ ᠭᠦᠢᠴᠡᠳᠬᠡᠬᠦ ᠺᠤᠮᠢᠰ᠎ᠦᠨ ᠵᠥᠪᠰᠢᠶᠡᠷᠡᠯ᠎ᠢᠶᠡᠷ᠂ 2026 ᠣᠨ᠎ᠤ ᠠᠽᠢᠶ᠎ᠠ ᠲᠢᠪ᠎ᠦᠨ ᠵᠢᠣᠳᠣᠣ ᠪᠦᠬᠡ᠎ᠶᠢᠨ ᠮᠠᠩᠯᠠᠢ ᠰᠢᠯᠭᠠᠷᠠᠭᠤᠯᠬᠤ ᠲᠡᠮᠡᠴᠡᠭᠡᠨ ᠢ᠋ 4 ᠰᠠᠷ᠎ᠠ᠎ᠶᠢᠨ 16᠎ᠡᠴᠡ19᠎ᠤ ᠡᠳᠦᠷ ᠪᠣᠯᠲᠠᠯ᠎ᠠ ᠣᠷᠳᠣᠰ ᠬᠣᠲᠠ᠎ᠳᠤ ᠶᠠᠪᠤᠭᠳᠠᠭᠤᠯᠬᠤ᠎ᠪᠠᠷ ᠲᠣᠭᠲᠠᠪᠠ᠃

✦ ᠦᠢᠷ᠎ᠠ᠎ᠳᠤ ᠰᠢᠯᠢ᠎ᠵᠢᠨ ᠭᠤᠤᠯ ᠠᠢᠮᠠᠭ᠎ᠤᠨ ᠰᠥᠨᠢᠳ ᠪᠠᠷᠠᠭᠤᠨ ᠬᠣᠰᠢᠭᠤᠨ᠎ᠳᠤ ᠭᠤᠷᠪᠠᠳᠤᠭᠠᠷ ᠬᠤᠭᠤᠴᠠᠭᠠᠨ᠎ᠤ 《ᠭᠤᠸ᠎ᠠ ᠮᠡᠷᠭᠡᠨ ᠬᠤᠨᠳᠠᠭᠠᠲᠤ》 ᠡᠮᠡᠭᠲᠡᠢ᠎ᠶᠢᠨ ᠰᠤᠷ ᠬᠠᠷᠪᠤᠯᠲᠠ᠎ᠶᠢᠨ ᠤᠷᠤᠯᠳᠤᠭᠠᠨ ᠶᠠᠪᠤᠭᠳᠠᠵᠤ᠂ ᠡᠯ᠎ᠡ ᠠᠢᠮᠠᠭ ᠬᠤᠲᠠ᠎ᠵᠢᠨ 100 ᠭᠠᠷᠤᠢ ᠬᠠᠷᠪᠤᠭᠠᠴᠢ ᠣᠷᠣᠯᠳᠤᠭᠠᠨ᠎ᠳᠤ ᠣᠷᠣᠯᠴᠠᠵᠠᠢ᠃

 

ᠳᠡᠯᠡᠬᠡᠢ

✦ ᠲᠥᠪ ᠲᠸᠯᠸᠢᠰ᠎ᠤᠨ ᠮᠡᠳᠡᠭᠡ᠎ᠶᠢ ᠦᠨᠳᠦᠰᠦᠯᠡᠪᠡᠯ᠂ 3 ᠰᠠᠷ᠎ᠠ᠎ᠵᠢᠨ 11᠎ᠦ ᠡᠳᠦᠷ ᠢᠷᠠᠨ᠎ᠤ ᠢᠰᠯᠠᠮ᠎ᠤᠨ ᠬᠤᠪᠢᠰᠬᠠᠯ᠎ᠤᠨ ᠰᠡᠷᠭᠡᠢᠯᠡᠨ ᠬᠠᠮᠠᠭᠠᠯᠠᠬᠤ ᠠᠩᠭᠢ᠎ᠶᠢᠨ ᠳᠠᠯᠠᠶ᠎ᠶᠢᠨ ᠴᠡᠷᠢᠭ᠎ᠦᠨ ᠺᠤᠮᠠᠨᠳ᠋ᠯᠠᠭᠴᠢ ᠢᠯᠡᠷᠬᠡᠢᠯᠡᠬᠦ᠎ᠳᠡᠭᠡᠨ᠂ ᠬᠤᠷᠮᠤᠽ ᠬᠣᠭᠣᠯᠠᠢ᠎ᠪᠠᠷ ᠥᠩᠭᠡᠷᠡᠬᠦ ᠠᠯᠢᠪᠠ ᠣᠩᠭᠣᠴᠠ ᠡᠷᠬᠡᠪᠰᠢ ᠢᠷᠠᠨ᠎ᠤ ᠵᠥᠪᠰᠢᠶᠡᠷᠡᠯ᠎ᠢ ᠣᠯᠬᠤ ᠬᠡᠷᠡᠭᠲᠡᠢ ᠭᠡᠵᠡᠢ᠃

✦ 3 ᠰᠠᠷ᠎ᠠ᠎ᠵᠢᠨ 11᠎ᠦ ᠡᠳᠦᠷ᠂ ᠲᠤᠯᠤᠭᠠᠨ ᠤᠯᠤᠰ᠎ᠤᠨ ᠪᠦᠯᠦᠭᠯᠡᠯ᠎ᠦᠨ ᠡᠨᠧᠷᠭᠢ᠎ᠶᠢᠨ ᠶᠠᠮᠤᠨ᠎ᠤ ᠰᠠᠢᠳ ᠬᠠᠮᠲᠤᠷᠠᠭᠰᠠᠨ ᠢᠯᠡᠷᠬᠡᠢᠯᠡᠯᠲᠡ ᠨᠡᠢᠲᠡᠯᠡᠵᠦ᠂ ᠴᠢᠬᠤᠯᠠᠲᠠᠢ ᠦᠶ᠎ᠡ᠎ᠳᠦ ᠪᠠᠢᠯᠳᠤᠬᠤ ᠪᠣᠳᠣᠯᠭ᠎ᠠ᠎ᠶᠢᠨ ᠡᠨᠧᠷᠭᠢ᠎ᠶᠢᠨ ᠨᠥᠭᠡᠴᠡ᠎ᠶᠢ ᠬᠡᠷᠡᠭᠯᠡᠬᠦ᠎ᠶᠢ ᠪᠠᠭᠲᠠᠭᠠᠭᠰᠠᠨ ᠢᠳᠡᠪᠬᠢᠲᠡᠢ ᠠᠷᠭ᠎ᠠ ᠬᠡᠮᠵᠢᠶ᠎ᠡ ᠠᠪᠴᠤ ᠣᠳᠣᠬᠠᠨ᠎ᠤ ᠪᠠᠢᠳᠠᠯ᠎ᠢ ᠠᠷᠭᠠᠴᠠᠭᠠᠨ᠎ᠠ ᠭᠡᠵᠦ ᠢᠯᠡᠷᠬᠡᠢᠯᠡᠵᠡᠢ᠃ ᠲᠤᠬᠠᠢ᠎ᠵᠢᠨ ᠡᠳᠦᠷ ᠤᠯᠠᠨ ᠤᠯᠤᠰ᠎ᠤᠨ ᠡᠨᠧᠷᠭᠢ᠎ᠶᠢᠨ ᠵᠠᠬᠢᠷᠭ᠎ᠠ᠎ᠶᠢᠨ ᠪᠦᠷᠢᠯᠳᠦᠭᠦᠨ ᠤᠯᠤᠰ 4 ᠳ᠋ᠦᠩᠰᠢᠭᠤᠷ ᠲᠦᠩᠰᠡ ᠪᠠᠢᠯᠳᠤᠬᠤ ᠪᠣᠳᠣᠯᠭ᠎ᠠ᠎ᠶᠢᠨ ᠴᠢᠯᠠᠭᠤᠨ ᠲᠤᠰᠤᠨ᠎ᠤ ᠨᠥᠭᠡᠴᠡ ᠭᠠᠷᠭᠠᠬᠤ ᠵᠢ ᠵᠥᠪᠰᠢᠶᠡᠷᠡᠵᠦ᠂ ᠪᠦᠬᠦ ᠪᠥᠮᠪᠥᠷᠴᠡᠭ᠎ᠦᠨ ᠡᠨᠧᠷᠭᠢ᠎ᠶᠢᠨ ᠬᠠᠩᠭᠠᠯᠭ᠎ᠠ ᠲᠠᠰᠤᠯᠳᠠᠬᠤ ᠠᠶᠤᠯ ᠲᠦᠭᠰᠢᠭᠦᠷᠢ᠎ᠶᠢ ᠠᠷᠭᠠᠴᠠᠭᠠᠪᠠ᠃

 

ᠦᠢᠯᠡᠴᠢᠯᠡᠭᠡ

✦ ᠥᠪᠥᠷ ᠮᠣᠩᠭᠣᠯ᠎ᠤᠨ ᠠᠨᠠᠭᠠᠬᠤ ᠤᠬᠠᠭᠠᠨ᠎ᠤ ᠶᠡᠬᠡ ᠰᠤᠷᠭᠠᠭᠤᠯᠢ᠎ᠶᠢᠨ ᠬᠣᠶᠠᠳᠤᠭᠠᠷ ᠬᠠᠷᠢᠶᠠᠲᠤ ᠡᠮᠨᠡᠯᠭᠡ᠎ᠶᠢᠨ ᠬᠣᠷᠢᠶ᠎ᠠ ᠠᠵᠢᠯᠲᠠᠨ ᠡᠯᠰᠡᠵᠦ ᠪᠤᠢ᠃ 

✦ ᠬᠥᠬᠡᠬᠣᠲᠠ᠎ᠶᠢᠨ ᠮᠦᠽᠧᠢ 3 ᠰᠠᠷ᠎ᠠ᠎ᠶᠢᠨ 17᠎ᠤ ᠡᠳᠦᠷ᠎ᠡᠴᠡ ᠡᠬᠢᠯᠡᠨ ᠨᠡᠭᠡᠭᠡᠯᠲᠡ ᠬᠢᠬᠦ᠎ᠪᠡᠨ ᠲᠦᠷ ᠵᠣᠭᠰᠣᠭᠠᠵᠤ᠂ ᠨᠡᠭᠡᠭᠡᠬᠦ ᠴᠠᠭ᠎ᠵᠢᠡᠨ ᠳᠠᠬᠢᠨ ᠮᠡᠳᠡᠭᠳᠡᠬᠦ᠎ᠪᠡᠷ ᠪᠤᠢ᠃

 

ᠲᠠᠨ᠎ᠤ ᠲᠤᠰᠠ᠎ᠳᠤ 

✦ ᠬᠠᠪᠤᠷ᠎ᠤᠨ ᠡᠬᠢᠨ᠎ᠳᠦ ᠭᠤᠰᠢᠭᠤᠨ ᠢᠳᠡᠭᠡᠨ ᠢᠳᠡᠪᠡᠯ ᠰᠠᠢᠨ᠃ ᠣᠷᠣᠰ ᠰᠣᠩᠭᠢᠨ᠎ᠠ᠂ ᠰᠠᠷᠢᠮᠰᠠᠭ᠂ ᠦᠨᠦᠷᠲᠦ ᠨᠣᠭᠣᠭ᠎ᠠ ᠵᠡᠷᠭᠡ ᠭᠣᠰᠢᠭᠤᠨ ᠠᠮᠲᠠᠲᠠᠢ ᠢᠳᠡᠭᠡᠨ᠎ᠢ ᠵᠣᠬᠢᠰᠲᠠᠢ ᠢᠳᠡᠪᠡᠯ᠂ ᠠᠷᠭ᠎ᠠ ᠬᠡᠢ᠎ᠶᠢ ᠨᠡᠪᠲᠡᠷᠡᠭᠦᠯᠦᠨ ᠬᠦᠢᠲᠡᠨ᠎ᠢ ᠲᠠᠭᠤᠬᠤ᠎ᠳᠦ ᠠᠰᠢᠭᠲᠠᠢ ᠪᠠᠢᠳᠠᠭ᠃

ᠵᠠᠯᠭᠠᠭᠠᠳ 《ᠠᠳᠤᠭᠤ ᠡᠷᠳᠡᠨᠢ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ᠎ᠳᠤ  ᠪᠠᠶᠠᠷᠯᠠᠯ᠎ᠠ᠂ ᠪᠠᠶᠠᠷᠳᠠᠢ!

(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂  ᠮᠠᠨ᠎ᠤ ᠤᠷᠤᠨ᠎ᠤ ᠡᠯ᠎ᠠ ᠠᠢᠮᠠᠭ ᠬᠤᠳᠠ᠂  ᠬᠤᠰᠢᠭᠤ ᠰᠢᠶᠠᠨ᠎ᠤ  ᠵᠢᠷᠬᠢᠶ᠎ᠠ᠎ᠶᠢᠨ ᠲᠠᠪᠴᠠᠩ)

ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号