ᠨᠠᠢᠷᠠᠭᠤᠯᠤᠭᠴᠢᠵᠢᠨ
ᠦᠭᠡ᠄
ᠤᠷᠠᠨ ᠪᠥᠲᠥᠭᠡᠯᠴᠢᠳᠤᠨ ᠵᠤᠬᠢᠶᠠᠯ ᠪᠥᠲᠥᠭᠡᠯᠢ
ᠰᠤᠨᠢᠷᠬᠠᠬᠤ ᠳᠠᠪᠴᠠᠩ ᠬᠠᠩᠭᠠᠵᠤ᠂ ᠰᠤᠨᠤᠰᠤᠭᠴᠢ ᠤᠯᠠᠨᠳᠠᠭᠠᠨ ᠰᠤᠨᠤᠷᠤᠨ ᠴᠢᠮᠡᠭ ᠪᠤᠯᠭᠠᠬᠤᠪᠡᠷ 《ᠤᠳᠤ
ᠲᠠᠢ ᠪᠤᠯᠵᠤᠭᠠ》ᠨᠡᠪᠲᠡᠷᠡᠭᠦᠯᠭᠡ ᠮᠠᠨᠢ ᠰᠢᠨᠡ ᠵᠢᠯᠤᠨ ᠠᠩᠬᠠᠠᠤ ᠳ᠋ᠤᠭᠠᠷᠡᠴᠡ ᠡᠬᠢᠯᠡᠨ 2024
ᠤᠨᠳᠦ ᠰᠢᠯᠤᠭᠤᠨ ᠬᠥᠪᠡᠭᠡᠲᠦ ᠴᠠᠭᠠᠨ ᠬᠤᠰᠢᠭᠤᠨᠤ ᠤᠳᠬᠠ ᠤᠷᠠᠯᠢᠭᠤᠨ ᠬᠢᠨᠤ ᠬᠤᠯᠪᠤᠭᠠᠡᠴᠡ
ᠶᠠᠪᠤᠭᠳᠠᠭᠤᠯᠤᠭᠰᠠᠨ ᠪᠦᠬᠦ ᠤᠷᠤᠨᠤ ᠠᠩᠬᠠᠳᠤᠭᠠᠷ ᠬᠤᠭᠤᠴᠠᠭᠠᠨ ᠤ《ᠴᠠᠭᠠᠨ ᠠᠭᠤᠯᠠ》ᠪᠤᠭᠤᠨᠢ
ᠦᠭᠦᠯᠡᠯᠭᠡᠵᠢᠨ ᠨᠠᠭᠠᠳᠤᠮᠤᠨ ᠱᠠᠩᠨᠠᠯᠲᠤ ᠪᠥᠲᠥᠭᠡᠯᠢ ᠵᠠᠯᠭᠠᠭᠠᠪᠡᠷ ᠨᠡᠢᠲᠡᠯᠡᠵᠦ᠂ ᠲᠠ
ᠪᠦᠬᠦᠨᠳᠡᠭᠡᠨ ᠬᠦᠷᠭᠡᠬᠦᠪᠡᠷ ᠪᠤᠯᠤᠯᠠ᠃ ᠲᠠᠭᠠᠯᠠᠨ ᠪᠤᠯᠭᠤᠭᠠᠨᠠᠤ!
ᠠᠯᠳᠠᠭᠳᠠᠭᠰᠠᠨ ᠠᠶᠠᠯᠭᠤ
( ᠳᠡᠳ᠋ ᠪᠠᠢᠷᠢ)
·ᠬᠣᠩᠭᠤᠷᠵᠤᠯᠠ
ᠠᠯᠤᠰᠤᠨ ᠠᠭᠤᠯᠠᠰ ᠴᠡᠩᠬᠡᠷ ᠤᠷᠤᠰᠬᠠᠯᠲᠤ ᠵᠡᠷᠭᠡᠯᠭᠡᠨ ᠳᠡᠭᠡᠷᠡ ᠬᠥᠪᠥᠩᠭᠡᠨ ᠪᠠᠢᠯᠠ᠃
ᠵᠡᠷᠭᠡᠯᠭᠡ ᠳᠠᠯᠠᠨ ᠨᠠᠭᠠᠰᠢᠯᠠᠭᠰᠠᠭᠠᠷ ᠡᠵᠢ ᠪᠢᠳᠡ ᠬᠣᠶᠠᠷ ᠴᠤ᠌ ᠲᠠᠪᠤᠨ ᠬᠠᠨᠠᠲᠤ ᠭᠡᠷᠲᠠᠢᠪᠡᠨ ᠮᠥᠨ ᠬᠦ᠌
ᠬᠥᠪᠴᠦ ᠡᠬᠢᠯᠡᠬᠦ ᠨᠢ ᠠᠶᠠᠲᠠᠶ᠋ᠢᠬᠠᠨ ᠰᠠᠨᠠᠭᠳ᠋ᠠᠵᠤ᠂ ᠳᠠᠭᠤᠯᠠᠵᠤ ᠶᠠᠪᠤᠭᠰᠠᠨ ᠨᠢᠭᠡᠨ ᠳᠠᠭᠤᠤᠪᠠᠨ ᠠᠶᠠᠯᠬᠤ
ᠭᠡᠰᠡᠨ ᠪᠣᠯᠪᠠᠴᠤ ᠠᠶᠠᠯᠭᠤ ᠨᠢ ᠨᠠᠮᠠᠶᠢ ᠭᠣᠯᠣᠨ ᠵᠢᠭᠤᠲᠠᠵᠤ᠂ ᠠᠯᠤᠰᠤᠨ ᠴᠡᠩᠬᠡᠷ ᠠᠭᠤᠯᠠᠰ ᠢ ᠲᠠᠪᠠᠨ
ᠠᠯᠠᠭᠠ ᠪᠣᠯᠪᠠ᠃ ᠡᠭᠦᠳᠡᠪᠡᠷ ᠶᠠᠮᠠᠷ ᠨᠢᠭᠡᠨ ᠳᠦᠷᠰᠦ ᠰᠡᠭᠦᠳᠡᠭᠡᠨᠡᠨ ᠢᠯᠡᠷᠡᠭᠰᠡᠨ ᠨᠢ ᠮᠢᠨᠤ ᠠᠯᠳᠠᠵᠤ ᠶᠠᠪᠤᠭᠤᠯᠤᠭᠰᠠᠨ
ᠳᠠᠭᠤᠤ ᠪᠤᠰᠤ᠂ ᠯᠣᠩᠬᠣ᠌ᠲᠠᠢ ᠠᠷᠢᠬᠢ ᠬᠢᠴᠢᠶᠡᠩᠭᠦᠢᠯᠡᠨ ᠪᠠᠷᠢᠭ᠍ᠰᠠᠨ ᠳᠠᠸᠠ ᠣᠷᠣᠵᠤ ᠢᠷᠡᠭᠡᠳ ᠨᠥᠭᠥᠭᠡ ᠴᠡᠩᠬᠡᠷ
ᠤᠷᠤᠰᠬᠠᠯ ᠤᠨ ᠪᠤᠷᠵᠠᠩᠢ ᠬᠥᠳᠡᠯᠭᠡᠨ᠂ ᠪᠢᠳᠡᠨᠢ ᠲᠡᠷᠡ ᠪᠦᠬᠦᠨᠡᠴᠡ ᠲᠤᠰᠠᠭᠠᠷᠯᠠᠵᠤ ᠣᠷᠬᠢᠪᠠ᠃ ᠲᠡᠷᠡ᠂
ᠴᠣᠢᠪᠠᠩᠤᠨ ᠭᠤᠯᠢᠷ ᠰᠤᠩᠭᠠᠵᠤ ᠰᠠᠭᠤᠭᠠ ᠡᠵᠢᠶᠢ ᠮᠠᠨᠢ ᠬᠠᠷᠠᠭᠰᠠᠨ ᠴᠤ᠌ ᠦᠭᠡᠢ ᠴᠢᠰ ᠤᠯᠠᠭᠠᠨ ᠨᠢᠳᠦᠪᠡᠷᠢᠶᠡᠨ
ᠨᠠᠮᠠᠶᠢ ᠴᠣᠷᠭᠢᠭ᠍ᠰᠠᠭᠠᠷ ᠢᠷᠡᠵᠦ ᠰᠠᠭᠤᠪᠠ᠃ ᠯᠣᠩᠬᠣ᠌ ᠰᠢᠷᠡᠭᠡᠲᠠᠢ ᠬᠠᠷᠭᠤᠯᠳᠤᠬᠤ ᠦᠶᠡᠰ ᠡᠭᠦᠰᠬᠡᠭᠰᠡᠨ
ᠲᠠᠨᠢᠯ ᠠᠪᠢᠶᠠᠨ ᠡᠴᠡ ᠪᠣᠯᠵᠤ ᠮᠢᠨᠤ ᠰᠠᠶᠢᠬᠠᠨᠤ ᠠᠯᠳᠠᠵᠤ ᠶᠠᠪᠤᠭᠤᠯᠤᠭᠰᠠᠨ ᠳᠠᠭᠤᠤ ᠡᠰᠢᠭᠦᠶ ᠴᠡᠩᠬᠡᠷᠲᠦᠬᠦ
ᠠᠭᠤᠯᠠᠰᠤᠨ ᠪᠠᠷᠠᠭᠤᠬᠠᠨ ᠬᠥᠲᠥᠯ ᠳᠡᠭᠡᠭᠦᠷ ᠭᠠᠷᠤᠭᠠᠳ ᠢᠷᠡᠯᠡ᠃ ᠪᠢ ᠰᠢᠷᠲᠡᠭᠰᠡᠭᠡᠷ ᠁ ᠭᠡᠪᠡᠴᠦ᠂ ᠳᠠᠸᠠ
ᠬᠡᠷᠬᠢᠨ ᠯᠣᠩᠬᠣ᠌ ᠣᠩᠭᠣᠢᠯᠭᠠᠵᠤ᠂ ᠬᠤᠨᠳᠠᠭᠠ ᠠᠪᠤᠨ ᠬᠤᠨᠳᠠᠭᠠᠯᠠᠵᠤ ᠪᠠᠢᠭᠠ᠂ ᠬᠡᠳᠦᠨᠲᠡ ᠬᠤᠨᠳᠠᠭᠠᠯᠠᠵᠤ
ᠬᠢᠷᠢ ᠵᠡᠷᠭᠡ ᠴᠢᠮᠡᠭᠡᠲᠠᠢ ᠵᠠᠯᠭᠢᠭ᠍ᠰᠠᠨ᠂ ᠬᠥᠯᠥᠰᠦ ᠨᠢ ᠪᠤᠷᠵᠠᠢᠨ ᠪᠠᠢᠭᠠ ᠵᠡᠷᠭᠡ ᠪᠥᠬᠥᠳᠡ ᠮᠡᠳᠡᠷᠡᠭᠳᠡᠭᠰᠡᠭᠡᠷ᠃
ᠠᠵᠠᠪᠠᠷ ᠡᠨᠡ ᠪᠥᠬᠦᠨ ᠨᠠᠮᠠᠶᠢ ᠨᠥᠯᠥᠭᠡᠨᠳᠡᠭᠡᠨ ᠪᠦᠷᠢᠮᠦᠰᠦᠨ ᠠᠪᠴᠤ ᠴᠢᠳᠠᠭᠠ ᠦᠭᠡᠢ ᠪᠠᠢᠯᠠ᠃
ᠳᠥᠷᠪᠡᠳᠡᠬᠢ ᠬᠤᠨᠳᠠᠭᠠᠶᠢ ᠮᠡᠯᠮᠡᠷᠡᠲᠡᠯᠡ ᠳᠦᠭᠦᠷᠭᠡᠭᠡᠳ ᠨᠠᠳᠠᠳᠤ ᠪᠠᠷᠢᠨᠠ ᠭᠡᠳᠡᠭᠢ ᠮᠡᠳᠡᠵᠦ ᠪᠠᠢᠭᠰᠠᠨ
ᠪᠣᠯᠬᠣᠷ ᠬᠠᠨᠴᠤᠢᠪᠠᠨ ᠣᠭᠰᠢᠭᠠᠭᠰᠠᠨ ᠪᠣᠯᠣᠭᠠᠳ᠂ ᠦᠯᠦ ᠬᠠᠷᠠᠭᠳᠠᠬᠤ ᠳᠣᠭ᠍ᠰᠢᠨ ᠪᠣᠳᠠᠰ ᠰᠤᠳᠠᠰᠤᠪᠠᠷ
ᠮᠢᠨᠢ ᠴᠠᠮᠨᠠᠭᠰᠠᠭᠠᠷ ᠪᠠᠢᠭᠠ ᠰᠠᠯᠭᠠᠨᠠᠭᠰᠠᠨ ᠭᠠᠷᠢᠶᠠᠷᠢᠶᠠᠨ ᠲᠤᠰᠤᠭᠠᠳ ᠬᠥᠨᠲᠥᠷᠴᠦ ᠣᠷᠬᠢᠪᠡ᠃
ᠢᠩᠭᠢᠰᠬᠢᠭᠡᠳ 《ᠨᠠᠢᠷᠤᠨ
ᠳᠤᠭᠤᠷᠠ》ᠡᠷᠭᠢᠭᠰᠡᠭᠡᠷ ᠯᠣᠩᠬᠣ᠌
《ᠰᠤᠪᠠᠢᠷᠠᠬᠤ》
ᠬᠦᠷᠲᠡᠯᠡ ᠦᠷᠭᠦᠯᠵᠢᠯᠡᠨᠡ᠃

ᠳᠠᠭᠤᠤ ᠮᠠᠨᠢ ᠨᠠᠭᠠᠰᠢᠯᠠᠨ ᠲᠥᠮᠪᠥᠯᠵᠡᠭᠰᠡᠭᠡᠷ᠃ ᠬᠥᠳᠡᠯᠦᠭᠰᠡᠨ ᠪᠤᠷᠵᠠᠩ ᠨᠢ ᠠᠭᠠᠵᠢᠮᠬᠠᠨ
ᠲᠤᠨᠣᠭᠰᠠᠭᠠᠷ ᠪᠠᠢᠭᠠ ᠴᠡᠩᠬᠡᠷ ᠤᠷᠤᠰᠬᠠᠯᠢ ᠲᠤᠭᠤᠯᠤᠭᠠᠳ ᠠᠢᠰᠤᠢ᠃ ᠳᠤᠭᠤᠷᠠ ᠴᠤ᠌ ᠡᠷᠭᠢᠭᠰᠡᠭᠡᠷ ᠯᠡ᠃
ᠳᠠᠸᠠᠠᠴᠠ ᠪᠣᠯᠵᠤ ᠲᠠᠰᠤᠷᠠᠭᠰᠠᠨ᠂ ᠴᠡᠩᠬᠡᠷ ᠤᠷᠤᠰᠬᠠᠯ ᠠᠮᠢᠯᠠᠨ ᠳᠡᠯᠡᠭᠰᠡᠭᠡᠷ ᠨᠠᠭᠠᠰᠢᠯᠠᠨᠠ᠃ ᠤᠰᠤᠨ ᠤ
ᠬᠢᠨᠢ ᠴᠢᠮᠡᠭᠡ ᠬᠠᠲᠠᠪᠴᠢᠨᠳᠤ ᠮᠢᠨᠢ ᠲᠣᠯᠣᠭᠠᠳ ᠪᠤᠴᠠᠵᠤ ᠪᠠᠢᠯᠠ᠂ ᠴᠠᠪ ᠴᠡᠩᠬᠡᠷᠬᠡᠨ ᠣᠰᠣᠨᠠᠴᠠ ᠰᠡᠷᠢᠭᠦᠦ
ᠲᠠᠲᠠᠨᠠ ᠁
ᠪᠠᠶᠠᠷᠯᠠᠭᠤᠰᠢᠲᠠᠢ ᠨᠢ ᠳᠠᠸᠠ ᠡᠳᠦᠢᠳᠦ ᠨᠢᠭᠡ ᠴᠦ᠍ ᠦᠭᠡ ᠳᠤᠤᠭᠠᠷᠤᠭᠠ ᠦᠭᠡᠢ
ᠪᠠᠢᠪᠠ᠃ ᠬᠡᠷᠪᠡ ᠲᠡᠷᠡ ᠨᠢᠭᠡ ᠯᠡ ᠦᠭᠡ ᠶᠠᠷᠢᠬᠤ ᠶᠤᠮ ᠪᠣᠯ ᠡᠨᠡ ᠪᠦᠬᠦᠨᠡᠴᠡ ᠪᠢᠳᠡ ᠡᠭᠦᠷᠢᠳᠡ ᠠᠩᠭᠢᠳᠠ ᠪᠣᠯᠣᠭᠠᠳ᠂
ᠣᠢᠷᠠᠳᠴᠤ ᠪᠠᠢᠭᠠ ᠳᠠᠭᠤᠤ ᠮᠠᠨᠢ ᠴᠤ᠌ ᠦᠷᠭᠦᠵᠦ ᠨᠠᠳᠬᠤᠨ᠂ ᠡᠷᠭᠢᠵᠦ ᠴᠤ᠌ ᠬᠠᠷᠠᠯ ᠦᠭᠡᠢ ᠠᠷᠢᠯᠤᠨ ᠤᠳᠬᠤ ᠨᠢ
ᠲᠣᠳᠣᠷᠬᠠᠢ᠃

ᠭᠡᠷ ᠨᠡᠪᠲᠡᠷᠡᠭᠰᠡᠨ ᠬᠠᠯᠠᠭᠤᠨ᠂
《ᠳᠣᠭ᠍ᠰᠢᠳ》
ᠤᠨ ᠰᠢᠳᠢ ᠨᠡᠢᠯᠡᠨ ᠳᠣᠲᠣᠭᠤᠷ ᠮᠢᠨᠢ
ᠴᠠᠮᠨᠠᠵᠤ ᠪᠠᠰᠠ ᠤᠶᠠᠷᠠᠨ ᠬᠠᠢᠯᠤᠨᠠ᠃ ᠤᠶᠠᠷᠠᠨ ᠬᠠᠢᠯᠬᠤ ᠪᠣᠯ ᠲᠡᠭᠦᠨᠦ ᠲᠥᠷᠥᠯᠬᠢ ᠵᠠᠩ ᠪᠢᠰᠢ᠂ ᠵᠥᠪᠬᠡᠨ
ᠬᠠᠶᠠ ᠢᠩᠭᠢᠵᠦ ᠲᠣᠭᠯᠠᠭᠠᠮ ᠬᠢᠬᠦ ᠲᠡᠳᠦᠢ᠃ ᠪᠢ ᠤᠳᠠᠭᠠᠨ ᠲᠡᠰᠦᠭᠰᠡᠨ ᠦᠭᠡᠢ᠂ ᠨᠢᠳᠦᠨᠡᠴᠡᠪᠡᠨ ᠡᠬᠢᠯᠡᠨ ᠵᠢᠵᠢᠭᠷᠡᠭᠰᠡᠭᠡᠷ
ᠪᠠᠢᠭᠠᠪᠠᠨ ᠲᠡᠷᠡ ᠴᠡᠩᠬᠡᠷ ᠳᠣᠯᠭᠢᠶᠠᠨᠠᠴᠠ ᠬᠠᠷᠠᠯᠠ᠃ ᠤᠭ ᠨᠢ ᠲᠦᠪᠡᠷᠭᠡᠨ ᠨᠢ ᠬᠦᠷᠲᠡᠯᠡ ᠲᠤᠭᠤᠯᠳᠠᠭᠠᠳ
ᠢᠷᠡᠭᠰᠡᠨ ᠳᠠᠭᠤᠤᠶᠢᠨ ᠮᠢᠨᠢ ᠠᠶᠠᠯᠭᠤ ᠣᠳᠣ᠌ ᠨᠢᠭᠡ ᠬᠣᠯᠠᠳᠴᠤ ᠨᠢᠭᠡ ᠣᠢᠷᠠᠲᠤᠨᠠ᠃ ᠳᠡᠭᠡᠳᠡᠯᠡ ᠪᠦᠷ ᠳᠠᠭᠤᠰᠬᠤ
ᠨᠢ ᠲᠡᠷᠡ᠃
《ᠰᠤᠭᠠᠷ ᠠᠬᠠ ᠠ᠋᠂ ᠨᠢᠭᠡ ᠶᠠᠪᠤᠳᠠᠯᠢ ᠪᠢ ᠲᠠᠨᠳᠤ ᠶᠠᠷᠢᠬᠤ
ᠶᠣᠰᠣᠲᠠᠢ ᠁》 ᠭᠡᠬᠦ᠂
ᠳᠠᠸᠠ ᠶᠢᠨ ᠰᠥᠭᠡᠩᠭᠢ ᠬᠣᠭᠣᠯᠠᠢ ᠠᠴᠠ ᠮᠤᠷᠤᠯᠵᠠᠨ ᠭᠠᠷᠤᠭᠰᠠᠨ ᠬᠡᠳᠦᠨ ᠦᠭᠡᠪᠡᠷ
《ᠭᠠᠳᠠᠭᠠ ᠢᠷᠡᠬᠦ ᠨᠢᠤᠤ ᠳᠡ
》 ᠭᠡᠮᠡᠷ ᠣᠢᠷᠠᠬᠠᠨ ᠰᠣᠨᠣᠰᠳᠠᠵᠤ ᠪᠠᠢᠭᠰᠠᠨ ᠲᠦᠪᠡᠷᠭᠡᠨᠤ
ᠠᠢᠵᠠᠮ ᠬᠤᠪᠢᠷᠠᠵᠤ ᠴᠤᠯᠪᠤᠭᠤᠷ ᠵᠢᠯᠣᠭᠣ᠌ᠪᠠᠷ ᠢᠶᠠᠨ
ᠭᠤᠶᠠᠳᠠᠯᠬᠢᠯᠡᠨ ᠪᠤᠴᠠᠭᠠᠳ ᠲᠠᠴᠢᠭᠢᠨᠠᠬᠤ ᠨᠢ ᠳᠠᠩᠴᠤ ᠬᠠᠷᠠᠮᠰᠠᠯᠲᠠᠢ᠃ ᠢᠯᠠᠭᠠᠨᠤᠭᠤᠳ ᠳᠦᠩᠭᠢᠨᠡᠯᠳᠦᠨ ᠨᠢᠰᠬᠦ
ᠨᠢ ᠲᠣᠳᠣ᠌ᠠᠴᠠ ᠲᠣᠳᠣ᠌ ᠰᠣᠨᠣᠰᠳᠠᠵᠤ ᠪᠠᠢᠭᠠ ᠨᠢ ᠴᠠᠭ ᠬᠤᠭᠤᠴᠠᠭᠠ ᠶᠠᠭᠤ ᠨᠢᠭᠡ ᠴᠢᠩᠨᠠᠨ ᠰᠠᠭᠠᠲᠠᠨ ᠵᠣᠭᠰᠤᠩᠭᠤᠢᠷᠠᠭᠰᠠᠨ
ᠭᠡᠮᠡᠷ᠃ ᠭᠡᠪᠡᠴᠦ ᠪᠢᠰᠢ᠃ ᠦᠳᠡᠶᠢᠨ ᠬᠠᠯᠠᠭᠤᠨ ᠬᠢᠭᠡᠳ ᠲᠤᠯᠭᠠᠨ ᠤ ᠭᠠᠯ ᠤᠨ ᠢᠯᠴᠢ ᠡᠵᠢᠶᠢᠨ ᠮᠢᠨᠢ ᠬᠠᠴᠠᠷ
ᠳᠡᠭᠡᠭᠦᠷ ᠤᠯᠠᠪᠤᠷ ᠥᠩᠭᠡᠲᠠᠢ ᠪᠣᠯᠣᠭᠠᠳ ᠪᠡᠯᠴᠢᠵᠦ ᠪᠠᠢᠭᠠ ᠨᠢ᠂ ᠡᠵᠢᠶᠢᠨ ᠮᠢᠨᠢ ᠪᠤᠭᠤᠷᠤᠯ ᠰᠠᠨᠴᠢᠭ᠋ᠤᠨ
ᠳᠣᠣᠭᠤᠷ ᠰᠠᠶᠢ ᠵᠢᠨ ᠳᠠᠸᠠᠶᠢᠨ ᠬᠢᠡᠴᠡ ᠡᠷᠡᠰ ᠣᠨᠳᠣᠣ ᠮᠥᠩᠭᠥᠨ ᠥᠩᠭᠡᠲᠠᠢ ᠬᠥᠯᠥᠰᠦ ᠭᠢᠯᠲᠠᠭᠠᠨᠠᠵᠤ
ᠪᠠᠢᠭᠠ ᠨᠢ ᠴᠠᠭ ᠬᠤᠭᠤᠴᠠᠭᠠ ᠬᠠᠷᠢᠨ ᠴᠤ᠌ ᠲᠦᠷᠭᠡᠨ ᠢᠶᠡᠷ ᠤᠷᠤᠭᠰᠢᠯᠠᠵᠤ ᠪᠠᠢᠭᠠᠶᠢ ᠵᠠᠷᠯᠠᠨᠠ᠃
ᠡᠨᠡ ᠬᠦ᠌ ᠲᠦᠷᠭᠡᠨᠦ ᠬᠤᠷᠳᠤᠴᠠᠶᠢ ᠳᠠᠸᠠ ᠪᠢᠳᠡ ᠬᠣᠶᠠᠷ ᠳᠠᠭᠠᠭᠰᠠᠨ ᠦᠭᠡᠢ ᠮᠥᠷᠲᠡᠭᠡᠨ ᠰᠠᠭᠤᠭᠠᠳ ᠬᠣᠴᠣᠷᠴᠠᠢ᠃

《ᠶᠠᠭᠤ ᠰᠠᠨ ᠪᠢᠯᠡ?》
ᠭᠡᠵᠦ ᠪᠢ ᠪᠦᠳᠡᠩᠭᠢᠭᠡᠨ ᠳᠠᠭᠤ ᠪᠠᠷ
ᠳᠤᠤᠭᠠᠷᠤᠭᠠᠳ᠂ ᠰᠦᠮᠡᠭᠡᠷ ᠨᠢᠳᠦᠪᠡᠷᠢᠶᠡᠨ ᠲᠡᠷᠲᠡᠭᠡ ᠠᠭᠤᠯᠠᠶᠢᠨ ᠬᠥᠲᠥᠯ ᠰᠤᠭᠤᠶᠢ ᠱᠦᠭᠦᠷᠳᠡᠭᠰᠡᠭᠡᠷ
ᠪᠠᠢᠭᠰᠠᠨ ᠶᠤᠮ᠃
《ᠨᠠᠮᠠᠶᠢ ᠳᠣᠯᠤᠭᠠ ᠬᠣᠨᠣᠭ
ᠲᠤ ᠠᠷᠢᠬᠢᠨᠡᠴᠡ ᠭᠠᠷᠬᠤ ᠦᠭᠡᠢ ᠪᠣᠯ
ᠮᠢᠨᠤ ᠳᠣᠲᠣᠨᠣᠶᠢᠨ ᠬᠥᠮᠥᠨᠢ ᠵᠣᠯᠢᠭ᠋ᠲᠤ ᠭᠠᠷᠭᠠᠬᠤ ᠶᠤᠮ》 ᠭᠡᠨᠡ! ᠭᠡᠷᠳ᠋ᠬᠢᠨ ᠰᠣᠴᠢᠬᠤ ᠳᠤ ᠬᠦᠷᠭᠡᠭᠰᠡᠨ ᠡᠨᠡ ᠦᠭᠡᠨᠡᠴᠡ ᠪᠣᠯᠵᠤ ᠪᠢ ᠲᠡᠭᠦᠨ ᠵᠦᠭ ᠬᠠᠷᠠᠪᠠᠯ
ᠪᠥᠯᠴᠥᠭᠡᠷ ᠨᠢᠳᠦᠨᠳᠦ ᠨᠢ ᠰᠠᠶᠢᠶᠢᠨ ᠦᠭᠡᠨᠦ ᠬᠢᠨᠢ ᠭᠤᠨᠢᠭ᠍ᠲᠤ ᠮᠥᠷ ᠡᠷᠭᠢᠯᠳᠦᠭᠰᠡᠭᠡᠷ᠃
ᠬᠠᠴᠢᠷᠬᠠᠯᠲᠠᠢ ᠨᠢ ᠪᠢ ᠴᠦ᠍ ᠠᠳᠠᠯᠢᠬᠠᠨ ᠵᠡᠭᠦᠳᠦᠪᠡᠷ
ᠳᠣᠯᠤᠭᠠ ᠬᠣᠨᠣᠭ ᠰᠢᠨᠠᠯᠤᠭᠰᠠᠨ᠂ ᠳᠣᠯᠣᠳᠤᠭᠠᠷ ᠡᠳᠦᠷ ᠨᠢ ᠥᠨᠥᠳᠥᠷ ᠶᠤᠮ᠃ ᠬᠡᠳᠦᠨ ᠬᠡᠰᠡᠭ ᠪᠣᠯᠤᠭᠰᠠᠨ ᠮᠢᠨᠤ ᠣᠶᠤᠨ ᠤᠬᠠᠭᠠᠨᠳᠤ
ᠳᠠᠸᠠᠶᠢᠨ ᠬᠡᠯᠡᠭᠰᠡᠨ ᠦᠭᠡ ᠭᠡᠷᠢᠶᠡᠷ ᠳᠦᠭᠦᠷᠡᠩ ᠨᠢᠰᠦᠯᠳᠦᠵᠦ ᠪᠠᠢᠭᠠ ᠢᠯᠠᠭᠠᠨᠡᠴᠡ ᠴᠤ᠌ ᠢᠯᠡᠭᠦᠦ
ᠣᠷᠣᠨ ᠵᠠᠢᠶᠢ ᠡᠵᠡᠯᠡᠨ ᠴᠤᠤᠷᠢᠶᠠᠲᠤᠨᠠ᠃
《ᠪᠢ ᠡᠨᠡ ᠵᠡᠭᠦᠳᠦᠪᠠᠨ ᠬᠡᠵᠢᠶᠡ ᠴᠢᠮᠠᠳᠤ ᠶᠠᠷᠢᠭ᠍ᠰᠠᠨ
ᠪᠣᠢ ?》 ᠭᠡᠵᠦ ᠪᠢ ᠠᠰᠠᠭᠤᠪᠠ᠃
《ᠶᠠᠭᠠᠬᠢᠯᠠ ᠭᠡᠵᠢ ᠳᠡ! ᠪᠢᠳᠡ ᠬᠣᠶᠠᠷ ᠠᠭᠤᠯᠵᠠᠭᠠ ᠦᠭᠡᠢ
ᠳᠣᠯᠣᠭᠠ ᠬᠣᠨᠣᠵᠤ ᠪᠠᠢᠭᠠ᠂ ᠪᠢ ᠡᠨᠡ ᠵᠡᠭᠦᠳᠦᠶᠢ ᠵᠡᠭᠦᠳᠦᠯᠡᠭᠡᠳ ᠪᠠᠰᠠ ᠲᠤᠯᠤᠭᠠ ᠬᠣᠨᠣᠵᠤ ᠪᠣᠢ᠂ ᠥᠨᠥᠳᠥᠷ
ᠨᠠᠢ᠍ᠮᠠᠳᠠᠭᠢ ᠡᠳᠦᠷ᠃ ᠠᠪᠤ ᠮᠢᠨᠢ ᠥᠴᠥᠭᠡᠳᠦᠷ ᠬᠠᠷᠢᠵᠤ ᠢᠷᠡᠭᠰᠡᠨ ᠦᠭᠡᠢ ᠁》
ᠳᠠᠸᠠᠶᠢᠨ ᠲᠣᠯᠣᠭᠠᠢ ᠤᠨᠵᠢᠢᠭ᠍ᠰᠠᠭᠠᠷ
ᠵᠠᠪᠢᠯᠠᠭᠰᠠᠨ ᠬᠥᠯ ᠳᠡᠭᠡᠷᠡᠪᠡᠨ ᠲᠤᠯᠬᠤᠳᠤ ᠵᠢᠵᠢᠭᠬᠡᠨ ᠣᠷᠣᠨ ᠵᠠᠢ ᠳᠤᠲᠠᠵᠤ ᠪᠠᠢᠪᠠ᠃ ᠮᠢᠨᠤ ᠤᠬᠠᠭᠠᠨᠠᠴᠠ
ᠨᠥᠬᠥᠭᠡ ᠳᠠᠭᠤᠤ ᠨᠢᠭᠡᠮᠦᠰᠦᠨ ᠲᠠᠰᠤᠷᠠᠭᠠᠳ ᠲᠡᠢᠮᠦ ᠨᠢᠭᠡᠨ ᠳᠠᠭᠤᠤ ᠪᠠᠢᠭᠰᠠᠨ ᠡᠰᠡᠬᠦᠳᠦ ᠴᠦ᠍ ᠡᠷᠡᠭᠡᠯᠵᠡᠯᠡ᠃
ᠭᠡᠷᠲᠦ ᠵᠢᠬᠡᠭᠦᠨ ᠠᠭᠠᠷ ᠢᠯᠠᠭᠠᠲᠠᠢ ᠥᠷᠢᠰᠦᠯᠳᠦᠨ ᠴᠢᠬᠢᠯᠳᠦᠬᠦᠶᠢ ᠬᠠᠷᠠᠭᠰᠠᠨ ᠪᠢ ᠡᠵᠢᠶᠢᠨᠢᠶᠡᠨ ᠠᠯᠠᠭᠠ
ᠪᠠᠢᠭᠠ ᠵᠢ ᠰᠠᠶᠢ ᠯᠠ ᠠᠩᠵᠠᠭᠠᠷᠠᠪᠠ᠃ ᠤᠬᠠᠭᠠ ᠪᠠᠯᠠᠷᠬᠠᠢᠲᠤᠨ ᠭᠠᠯ ᠳᠡᠭᠡᠷᠡ ᠱᠥᠯᠥ ᠨᠢ ᠰᠢᠷᠭᠢᠭᠰᠡᠨ ᠴᠣᠢᠪᠠᠩ᠂
ᠲᠣᠰᠣᠨᠳᠠᠭᠠᠨ ᠰᠠᠷᠴᠢᠭᠢᠨᠠᠨ ᠪᠤᠴᠠᠯᠵᠤ ᠪᠠᠢᠭᠰᠠᠨᠢᠶᠠᠨ ᠲᠠᠷᠢᠬᠢᠪᠠᠷ ᠮᠢᠨᠢ ᠳᠦᠭᠦᠷᠡᠩ ᠦᠶᠡᠷᠯᠡᠨ ᠱᠠᠷᠴᠢᠭᠢᠨᠠᠪᠠ᠁ ᠪᠢ ᠪᠣᠰᠬᠤ ᠭᠡᠰᠡᠨ ᠪᠣᠯᠪᠠᠴᠤ ᠬᠥᠯ ᠮᠠᠨᠢ
ᠨᠢᠭᠡᠨᠲᠡ ᠨᠠᠳᠠᠠᠴᠠ ᠤᠷᠪᠠᠭᠰᠠᠨ ᠪᠠᠢᠯᠠ᠃ ᠪᠢ ᠶᠠᠭᠤᠲᠠᠢ ᠴᠤ᠌ ᠬᠤᠷᠤᠭᠤ ᠬᠢᠷᠢ ᠠᠷᠢᠬᠢᠲᠠᠢ ᠯᠣᠩᠬᠣᠶᠢ
ᠡᠭᠦᠳᠡᠪᠡᠷ ᠰᠢᠳᠡᠨ ᠭᠠᠷᠭᠠᠵᠤ ᠳᠥᠩᠭᠡᠪᠡ᠃
ᠯᠣᠩᠬᠣ᠌ ᠬᠠᠭᠠᠷᠠᠬᠤ ᠳᠠᠭᠤᠨ ᠢᠶᠠᠷ ᠪᠠᠷᠠᠭᠤᠨ ᠬᠠᠶᠠᠭᠠ ᠪᠠᠷ ᠪᠣᠭᠳᠣᠢᠨ ᠤᠨᠠᠭᠰᠠᠨ ᠳᠠᠸᠠ 《ᠤᠤᠬᠠᠢ᠁》 ᠭᠡᠬᠦ ᠨᠢ ᠰᠣᠨᠣᠰᠳᠠᠪᠠ᠃
(《ᠥᠨᠢᠷ
ᠴᠡᠴᠡᠭ》ᠰᠡᠳᠬᠦᠯᠤᠨ 2024ᠤᠨᠤ 9ᠳᠦᠭᠡᠷ
ᠬᠤᠭᠤᠴᠠᠭᠡᠡᠴᠡ ᠰᠤᠩᠭᠤᠪᠠ)