


ᠨᠡᠢᠭᠡᠮ
✦ᠰᠤᠷᠭᠠᠨ ᠬᠥᠮᠦᠵᠢᠯ᠎ᠦᠨ ᠶᠠᠮᠤᠨ 20 ᠵᠤᠷᠪᠤᠰ ᠨᠠᠵᠠᠭᠠᠢ ᠲᠠᠯ᠎ᠠ ᠶᠢᠨ ᠨᠠᠷᠢᠨ ᠲᠠᠩᠰᠠ ᠶᠢ ᠨᠡᠢᠲᠡᠯᠡᠵᠦ᠂ ᠰᠠᠭᠤᠷᠢ ᠰᠤᠷᠭᠠᠨ ᠬᠥᠮᠦᠵᠢᠯ᠎ᠦᠨ
ᠰᠤᠷᠭᠠᠭᠤᠯᠢ ᠡᠷᠭᠢᠯᠡᠬᠦ᠎ᠳᠦ ᠤᠯᠠᠭᠠᠨ ᠱᠤᠭᠤᠮ ᠵᠢᠷᠤᠵᠤ᠂ ᠳᠤᠮᠳᠠᠳᠤ ᠰᠤᠷᠭᠠᠭᠤᠯᠢ ᠪᠠ ᠶᠡᠬᠡ ᠳᠡᠭᠡᠳᠦ ᠰᠤᠷᠭᠠᠭᠤᠯᠢ᠎ᠳᠤ
ᠰᠣᠷᠣᠭ᠍ᠴᠢ ᠡᠯᠰᠡᠬᠦ ᠨᠢᠭᠡᠳᠦᠯᠲᠡᠢ ᠰᠢᠯᠭᠠᠯᠲᠠ᠎ᠶᠢᠨ ᠮᠠᠩᠯᠠᠢ᠂ ᠨᠠᠷᠠᠲᠤ ᠰᠤᠷᠭᠠᠭᠤᠯᠢ᠎ᠶᠢᠨ ᠨᠣᠷᠮ᠎ᠠ᠂ ᠰᠤᠷᠭᠠᠭᠤᠯᠢ
ᠳᠡᠪᠰᠢᠭᠰᠡᠨ ᠨᠣᠷᠮ᠎ᠠ ᠵᠡᠷᠭᠡ᠎ᠶᠢ ᠰᠤᠷᠳᠠᠯᠴᠢᠯᠠᠨ ᠤᠬᠠᠭᠤᠯᠬᠤ᠎ᠶᠢ ᠴᠢᠩᠭ᠎ᠠ ᠴᠠᠭᠠᠵᠠᠯᠠᠨ᠎ᠠ ᠭᠡᠵᠡᠢ᠃
✦3 ᠰᠠᠷ᠎ᠠ ᠵᠢᠨ 27᠎ᠤ ᠡᠳᠤᠷ᠂ ᠮᠠᠨ᠎ᠤ ᠤᠯᠤᠰ ᠳᠤᠷᠰᠢᠯᠳᠠ
ᠵᠢᠨ ᠭᠤᠴᠢᠨ ᠭᠤᠷᠪᠠᠳᠤᠭᠠᠷ ᠳᠠᠭᠠᠭᠤᠯᠢ ᠣᠲᠣ᠌᠎ᠶᠢ ᠠᠮᠵᠢᠯᠲᠠ᠎ᠲᠠᠢ᠎ᠪᠠᠷ ᠬᠠᠷᠪᠤᠪᠠ᠃
✦ᠬᠠᠩᠰᠢ ᠶᠢᠨ ᠡᠳᠦᠷ ᠬᠦᠷᠴᠦ ᠢᠷᠡᠬᠦ ᠲᠠᠰᠢᠷᠠᠮ᠎ᠳᠤ᠂ ᠠᠷᠠᠳ ᠤᠨ
ᠵᠠᠩ ᠦᠢᠯᠡ᠎ᠶᠢᠨ ᠲᠠᠬᠢᠯᠭ᠎ᠠ᠂ ᠬᠠᠪᠤᠷ᠎ᠤᠨ ᠲᠠᠷᠢᠶᠠᠯᠠᠭ᠎ᠠ᠎ᠶᠢᠨ ᠦᠢᠯᠡᠳᠪᠦᠷᠢᠯᠡᠯ ᠵᠡᠷᠭᠡ ᠠᠵᠢᠯᠯᠠᠭ᠎ᠠ ᠣᠯᠠᠰᠢᠷᠠᠵᠤ
ᠪᠠᠢᠭ᠎ᠠ ᠪᠠᠢᠳᠠᠯ᠎ᠳᠤ ᠴᠢᠭᠯᠡᠭᠦᠯᠦᠨ ᠲᠦᠷᠦᠭᠦᠬᠡᠨ ᠤᠯᠤᠰ᠎ᠤᠨ ᠣᠢ ᠰᠢᠭᠤᠢ ᠪᠠ ᠨᠤᠲᠤᠭ ᠪᠡᠯᠴᠢᠭᠡᠷ᠎ᠤᠨ ᠭᠠᠯ
ᠰᠡᠷᠭᠡᠢᠯᠡᠨ ᠤᠨᠲᠠᠷᠠᠭᠠᠬᠤ ᠵᠢᠯᠤᠭᠣᠳᠬᠤ ᠭᠠᠵᠠᠷ᠎ᠤᠨ ᠠᠯᠪᠠᠨ ᠭᠡᠷ᠎ᠡᠴᠡ ᠬᠠᠩᠰᠢ᠎ᠶᠢᠨ ᠠᠮᠠᠷᠠᠯᠳᠠ ᠵᠢᠨ ᠬᠤᠭᠤᠴᠠᠭᠠᠨ᠎ᠳᠠᠬᠢ ᠣᠢ ᠰᠢᠭᠤᠢ ᠪᠠ ᠨᠤᠲᠤᠭ ᠪᠡᠯᠴᠢᠭᠡᠷ᠎ᠦᠨ ᠭᠠᠯ᠎ᠢ
ᠰᠡᠷᠭᠡᠢᠯᠡᠨ ᠬᠤᠷᠢᠬᠯᠠᠬᠤ ᠠᠵᠢᠯ᠎ᠢ ᠲᠤᠰᠬᠠᠢ ᠰᠡᠳᠦᠪ᠎ᠢᠶᠡᠷ ᠪᠠᠢᠷᠢᠯᠠᠭᠤᠯᠪᠠ᠃
✦ᠵᠠᠷᠤᠳ ᠬᠣᠰᠢᠭᠤ ᠡᠨᠡ ᠵᠢᠯ 72.1 ᠲᠦᠮᠡᠨ ᠲᠥᠯ ᠲᠤᠰᠬᠤ ᠪᠠᠷ ᠲᠦᠯᠦᠪᠯᠡᠵᠤ ᠪᠣᠶ᠂ ᠡᠭᠦᠨ᠎ᠳᠦ ᠪᠣᠳᠠ
ᠮᠠᠯ᠎ᠤᠨ ᠲᠥᠯ ᠢ 10.1 ᠲᠦᠮᠡ᠂ ᠪᠣᠭ ᠮᠠᠯ᠎ᠤᠨ
ᠲᠥᠯᠢ 62 ᠲᠦᠮᠡ ᠲᠤᠰᠬᠤ᠎ᠪᠠᠷ ᠪᠣᠶ᠃
✦3 ᠰᠠᠷ᠎ᠠ᠎ᠶᠢᠨ 27᠎ᠤ ᠡᠳᠦᠷ᠂ ᠬᠥᠪᠡᠭᠡᠲᠦ ᠰᠢᠷ᠎ᠠ ᠬᠣᠰᠢᠭᠤᠨ᠎ᠤ 2026 ᠣᠨ᠎ᠤ ᠠᠬᠤᠢ ᠲᠠᠯᠠᠪᠠᠢ
ᠵᠢᠨ ᠠᠵᠢᠯᠲᠠᠨ ᠡᠯᠰᠡᠬᠦ ᠠᠵᠢᠯᠯᠠᠭ᠎ᠠ ᠰᠢᠨᠡᠪᠤᠯᠠᠭ ᠪᠠᠯᠭᠠᠰᠤᠨ᠎ᠳᠤ ᠶᠠᠪᠤᠭᠳᠠᠪᠠ᠃ ᠠᠵᠢᠯᠯᠠᠭ᠎ᠠ ᠨᠢ《ᠠᠬᠤᠢ ᠲᠠᠯᠠᠪᠠᠢ ᠳᠤ
ᠠᠵᠢᠯᠲᠠᠨ ᠡᠯᠰᠡᠬᠦ + ᠰᠢᠭᠤᠳ ᠨᠡᠪᠲᠡᠷᠡᠭᠦᠯᠭᠡ ᠪᠡᠷ ᠠᠵᠢᠯ᠎ᠤᠨ ᠪᠠᠢᠷᠢ ᠲᠠᠨᠢᠯᠴᠠᠭᠤᠯᠬᠤ》 ᠬᠣᠣᠰ ᠵᠠᠭᠪᠤᠷ᠎ᠢᠶᠠᠷ
ᠳᠠᠮᠵᠢᠭᠤᠯᠵᠤ᠂ ᠥᠨᠳᠥᠷ ᠪᠦᠲᠦᠮᠵᠢᠲᠡᠶ ᠬᠠᠩᠭᠠᠯᠭ᠎ᠠ ᠬᠡᠷᠡᠭᠴᠡᠭᠡ᠎ᠶᠢ ᠵᠣᠯᠭᠠᠭᠤᠯᠬᠤ ᠲᠠᠪᠴᠠᠩ ᠢ ᠪᠠᠢᠭᠤᠯᠪᠠ᠃
✦ᠣᠷᠴᠢᠮᠬᠠᠨ ᠡᠸᠡᠩᠬᠢ ᠦᠨᠳᠦᠰᠦᠲᠡᠨ᠎ᠦ ᠥᠪᠡᠷᠲᠡᠭᠡᠨ ᠵᠠᠰᠠᠬᠤ
ᠬᠣᠰᠢᠭᠤᠨ ᠤ ᠰᠢᠨᠡᠬᠡᠨ ᠵᠡᠭᠦᠨ ᠰᠤᠮᠤᠨ᠎ᠤ ᠪᠠᠶᠠᠠᠠᠠᠭᠤᠯᠠ ᠭᠠᠴᠠᠭ᠎ᠠ᠎ᠶᠢᠨ ᠬᠠᠮᠲᠤ᠎ᠶᠢᠨ ᠠᠵᠤ ᠠᠬᠤᠢ᠎ᠶᠢᠨ ᠬᠤᠪᠢ
ᠣᠷᠣᠭᠤᠯᠤᠭᠰᠠᠨ ᠬᠤᠷᠰᠢᠶ᠎ᠠ 2026 ᠣᠨ᠎ᠤ ᠭᠠᠮᠰᠢᠭ᠋᠎ᠲᠠᠢ ᠲᠡᠮᠡᠴᠡᠬᠦ ᠪᠣᠷᠳᠣᠭ᠎ᠠ ᠲᠦᠭᠡᠭᠡᠬᠦ
ᠠᠵᠢᠯ᠎ᠢ ᠲᠥᠪᠯᠡᠷᠡᠭᠦᠯᠦᠨ ᠥᠷᠨᠢᠭᠦᠯᠵᠦ᠂ ᠮᠠᠯᠴᠢᠳ᠎ᠤᠨ ᠦᠢᠯᠡᠳᠪᠦᠷᠢᠯᠡᠯ ᠠᠮᠢᠳᠤᠷᠠᠯ᠎ᠢ ᠦᠨᠡᠨ ᠬᠦ᠌ ᠪᠠᠲᠤᠯᠠᠨ᠂
ᠮᠠᠯ ᠠᠵᠤ ᠠᠬᠤᠢ᠎ᠶᠢᠨ ᠠᠮᠤᠷ ᠲᠦᠪᠰᠢᠨ᠎ᠦ ᠰᠡᠷᠭᠡᠢᠯᠡᠯᠲᠡ᠎ᠶᠢᠨ ᠱᠤᠭᠤᠮ᠎ᠢ ᠪᠡᠬᠢᠵᠢᠭᠦᠯᠪᠡ᠃ ᠡᠨᠡ ᠤᠳᠠᠭ᠎ᠠ ᠲᠤᠰ
ᠭᠠᠴᠠᠭ᠎ᠠ ᠬᠠᠮᠲᠤ᠎ᠶᠢᠨ ᠠᠵᠤ ᠠᠬᠤᠢ᠎ᠶᠢᠨ ᠠᠰᠢᠭ᠋ ᠣᠷᠣᠯᠭ᠎ᠠ᠎ᠳᠤ ᠲᠦᠰᠢᠭᠯᠡᠨ᠂ ᠬᠠᠮᠲᠤ᠎ᠶᠢᠨ ᠠᠵᠤ ᠠᠬᠤᠢ᠎ᠶᠢᠨ
ᠵᠣᠬᠢᠶᠠᠨ ᠪᠠᠢᠭᠤᠯᠤᠯᠲᠠ ᠵᠢᠨ 233 ᠡᠷᠦᠬᠡ᠎ᠳᠦ ᠭᠠᠮᠰᠢᠭ᠋᠎ᠢ ᠡᠰᠡᠷᠭᠦᠴᠡᠬᠦ ᠪᠣᠷᠳᠣᠭ᠎ᠠ 100 ᠲᠣᠨ ᠲᠦᠭᠡᠭᠡᠵᠡᠢ᠃
✦ᠤᠢᠷ᠎ᠠ ᠳᠤ ᠠᠪᠠᠭ᠎ᠠ ᠬᠣᠰᠢᠭᠤᠨ᠎ᠤ ᠬᠣᠩᠭᠣᠷᠭᠣᠣᠯ ᠪᠠᠯᠭᠠᠰᠤᠨ ᠤ
ᠨᠠᠮ ᠤᠨ ᠬᠣᠷᠢᠶ᠎ᠠ᠎ᠠᠴᠠ ᠪᠠᠯᠭᠠᠰᠤᠨ᠎ᠤ ᠪᠠᠢᠭᠤᠯᠭ᠎ᠠ᠎ᠶᠢᠨ ᠨᠠᠮ᠎ᠤᠨ ᠡᠭᠦᠷ᠂ ᠭᠠᠩᠭᠠᠨᠰᠢᠯᠢ ᠭᠠᠴᠠᠭᠠᠨ᠎ᠤ ᠨᠠᠮ ᠤᠨ
ᠡᠭᠦᠷ᠂ ᠰᠠᠷᠠᠭᠤᠯᠰᠢᠯᠢ ᠭᠠᠴᠠᠭᠠᠨ᠎ᠤ ᠨᠠᠮ᠎ᠤᠨ ᠡᠭᠦᠷ ᠦᠨ ᠨᠠᠮ ᠤᠨ ᠭᠡᠰᠢᠭᠦᠳ ᠢ ᠵᠣᠬᠢᠶᠠᠨ ᠪᠠᠢᠭᠤᠯᠵᠤ᠂ ᠬᠤᠯᠠᠨ
ᠰᠢᠷᠭ᠎ᠠ ᠳᠠᠭ᠎ᠠ ᠶᠢᠨ ᠡᠯᠡᠰᠦᠷᠬᠡᠭ ᠭᠠᠵᠠᠷ᠎ᠤᠨ ᠭᠠᠩᠭᠠᠨᠰᠢᠯᠢ ᠲᠥᠷᠥᠯ ᠵᠦᠢᠯ ᠦᠨ ᠲᠣᠭᠣᠷᠢᠭ᠋᠎ᠲᠤ ᠬᠦᠷᠴᠦ᠂《ᠨᠠᠮ᠎ᠤᠨ ᠲᠣᠭ᠎ᠢ ᠬᠤᠯᠠᠨ ᠰᠢᠷᠭ᠎ᠠ ᠲᠠᠭ᠎ᠠ᠎ᠶᠢᠨ ᠡᠯᠡᠰᠦ᠎ᠶᠢ ᠵᠠᠰᠠᠬᠤ ᠲᠥᠷᠥᠯ ᠵᠦᠢᠯ᠎ᠦᠨ ᠲᠣᠭᠣᠷᠢᠭ᠋᠎ᠲᠤ
ᠥᠨᠳᠥᠷ ᠨᠠᠮᠢᠷᠠᠭᠤᠯᠬᠤ》 ᠭᠣᠣᠯ ᠰᠡᠳᠦᠪᠲᠦ ᠨᠠᠮ᠎ᠤᠨ ᠡᠳᠦᠷ᠎ᠦᠨ ᠠᠵᠢᠯᠯᠠᠭ᠎ᠠ ᠦᠷᠨᠢᠬᠦᠯᠵᠠᠢ᠃
✦ᠤᠢᠷ᠎ᠠ ᠳᠤ ᠤᠷᠠᠳ ᠤᠨ ᠳᠤᠮᠳᠠᠳᠤ ᠬᠣᠰᠢᠭᠤᠨ᠎ᠤ ᠬᠣᠩᠭᠣᠷ ᠤᠰᠤᠨ ᠴᠦᠭᠥᠷᠥᠮᠳᠤ ᠤᠮᠠᠷᠠᠰᠢ ᠪᠤᠴᠠᠭᠰᠠᠨ ᠬᠤᠨ
ᠭᠠᠯᠠᠭᠤᠳ ᠥᠷᠲᠡᠭᠡᠯᠡᠨ ᠪᠠᠭᠤᠵᠤ᠂ ᠨᠠᠮ ᠰᠡᠯᠡᠭᠦᠨ ᠣᠰᠤᠨ ᠴᠥᠭᠥᠷᠥᠮ᠎ᠳᠤ ᠠᠮᠢᠵᠢᠷᠠᠯ᠎ᠤᠨ ᠬᠦᠴᠦᠨ ᠨᠡᠮᠡᠷᠢᠯᠡᠪᠡ᠃
ᠠᠵᠤ ᠠᠬᠤᠢ
✦ᠡᠨᠡ ᠵᠢᠯ ᠲᠦᠩᠯᠢᠶᠤᠤ ᠬᠤᠲᠠ ᠭᠣᠣᠯᠳᠠᠯᠭ᠎ᠠ᠎ᠲᠠᠢ ᠲᠥᠷᠥᠯ ᠵᠦᠢᠯ᠎ᠢ
520 ᠡᠴᠡ ᠳᠡᠭᠡᠭᠰᠢ ᠬᠡᠷᠡᠭᠵᠢᠭᠦᠯᠦᠨ ᠲᠣᠭᠲᠠᠮᠠᠯ ᠬᠥᠷᠥᠩᠭᠡ᠎ᠶᠢᠨ
ᠪᠡᠯᠡ ᠣᠷᠣᠭᠤᠯᠤᠯᠲᠠ᠎ᠶᠢ 650 ᠳ᠋ᠦᠩᠰᠢᠭᠤᠷ ᠲᠥᠭᠥᠷᠢᠭ᠎ᠡᠴᠡ ᠳᠡᠭᠡᠭᠰᠢ᠎ᠳᠦ
ᠬᠦᠷᠭᠡᠵᠦ᠂ GDP᠎ᠶᠢᠨ ᠨᠡᠮᠡᠭᠳᠡᠯ᠎ᠦᠨ ᠬᠠᠷᠠᠯᠲᠠ᠎ᠶᠢ 5.5% ᠣᠷᠴᠢᠮ᠎ᠢᠶᠠᠷ ᠲᠣᠭᠲᠠᠭᠠᠵᠤ᠂ ᠬᠡᠪᠴᠢᠶᠡᠵᠢᠯ ᠡᠴᠡ ᠳᠡᠭᠡᠭᠰᠢᠬᠢ
ᠠᠵᠤ ᠦᠢᠯᠡᠳᠪᠦᠷᠢ᠎ᠶᠢᠨ ᠨᠡᠮᠡᠭᠳᠡᠯ ᠥᠷᠲᠡᠭ ᠢ 8%᠎ᠪᠠᠷ ᠨᠡᠮᠡᠭᠳᠡᠭᠦᠯᠬᠦ᠎ᠪᠡᠷ
ᠲᠥᠯᠥᠪᠯᠡᠵᠦ ᠪᠣᠢ᠃
✦ᠤᠷᠴᠢᠮᠬᠠᠨ ᠤᠷᠠᠳ ᠤᠨ ᠳᠤᠮᠳᠠᠳᠤ ᠬᠣᠰᠢᠭᠤᠨ᠎ᠤ ᠳᠠᠯ ᠠᠭᠤᠯᠠ ᠪᠠᠯᠭᠠᠰᠤᠨ᠎ᠤ 10000 ᠠᠯᠠᠰᠢᠨ ᠦᠬᠡᠷ᠎ᠦᠨ ᠪᠠᠷᠢᠮᠵᠢᠶᠠᠵᠢᠭᠤᠯᠤᠭᠰᠠᠨ ᠲᠡᠵᠢᠭᠡᠨ ᠦᠷᠡᠵᠢᠭᠦᠯᠬᠦ ᠰᠠᠭᠤᠷᠢᠨ᠎ᠤ ᠲᠦᠷᠥᠯ ᠵᠦᠢᠯ᠎ᠢ
ᠳᠠᠯ ᠠᠭᠤᠯᠠ ᠪᠠᠯᠭᠠᠰᠤᠨ᠎ᠤ ᠰᠢᠩ ᠹᠧᠩ ᠲᠣᠰᠬᠣᠨ᠎ᠳᠤ ᠡᠬᠢᠯᠡᠨ ᠪᠠᠢᠭᠤᠯᠵᠤ᠂ ᠪᠥᠬᠥ ᠬᠣᠰᠢᠭᠤᠨ᠎ᠤ ᠮᠠᠯ ᠠᠵᠤ ᠠᠬᠤᠢ᠎ᠶᠢᠨ
ᠬᠡᠯᠪᠡᠷᠢ᠎ᠪᠡᠨ ᠬᠤᠪᠢᠷᠠᠭᠤᠯᠤᠨ ᠳᠡᠰ ᠳᠡᠪᠰᠢᠬᠦ ᠪᠠ ᠬᠥᠳᠡᠭᠡ ᠲᠣᠰᠬᠣᠨ᠎ᠤ ᠠᠵᠤ ᠦᠢᠯᠡᠰ᠎ᠦᠨ ᠴᠢᠨᠠᠷ ᠰᠠᠢᠲᠠᠢ
ᠬᠥᠭᠵᠢᠯᠲᠡ᠎ᠳᠦ ᠰᠢᠨ᠎ᠡ ᠬᠥᠳᠡᠯᠭᠡᠬᠦ ᠬᠦᠴᠦᠨ ᠨᠡᠮᠡᠷᠢᠯᠡᠪᠡ᠃
ᠰᠤᠶᠤᠯ
✦3 ᠰᠠᠷ᠎ᠠ᠎ᠶᠢᠨ 26᠎ᠤ ᠡᠳᠦᠷ᠂ ᠤᠷᠠᠳ ᠨᠤᠲᠤᠭ᠎ᠤᠨ ᠬᠡᠳᠦᠨ ᠦᠶ᠎ᠡ ᠶᠢᠨ ᠠᠳᠤᠭᠤᠴᠢᠳ᠎ᠤᠨ
ᠦᠯᠢᠭᠡᠷ ᠲᠡᠦᠬᠡ᠂ ᠬᠡᠢᠮᠣᠷᠢ ᠵᠣᠯᠪᠣᠭ᠎ᠠ᠎ᠶᠢ ᠬᠠᠷᠠᠭᠤᠯᠤᠭᠰᠠᠨ 《ᠤᠷᠠᠳ ᠠᠳᠤᠭᠤᠴᠢᠨ ᠤ ᠵᠢᠪᠬᠤᠭ᠎ᠠ》 ᠭᠡᠬᠦ ᠨᠣᠮ ᠤᠨ ᠲᠠᠷᠬᠠᠭᠠᠯᠲᠠ ᠶᠢᠨ ᠶᠣᠰᠣᠯᠠᠯ ᠤᠷᠠᠳ ᠤᠨ ᠳᠤᠮᠳᠠᠳᠤ ᠬᠣᠰᠢᠭᠤᠨ᠎ᠤ
ᠬᠠᠯᠢᠭᠤᠲᠤ ᠪᠠᠯᠭᠠᠰᠤᠨ᠎ᠳᠤ ᠶᠠᠪᠤᠬᠳᠠᠪᠠ᠃
✦ᠤᠢᠷ᠎ᠠ᠎ᠳᠤ ᠣᠲᠣᠭ ᠬᠣᠰᠢᠭᠤᠨ ᠤ ᠰᠦᠮᠡᠲᠦ ᠰᠤᠮᠤᠨ᠎ᠤ ᠤᠷᠠᠨ ᠰᠠᠢᠬᠠᠨ᠎ᠤ ᠪᠦᠯᠬᠦᠮ᠎ᠦᠨ ᠬᠢᠨ ᠦᠦᠰᠢᠨ ᠬᠣᠰᠢᠭᠤᠨ᠎ᠤ
ᠷᠠᠰᠢᠶᠠᠨ ᠡᠷᠡᠭᠦᠯᠵᠢᠯ᠎ᠦᠨ ᠲᠥᠪ ᠲᠦ ᠬᠦᠷᠴᠦ᠂ ᠬᠠᠢᠷ᠎ᠠ ᠬᠠᠯᠠᠮᠵᠢ ᠶᠢᠨ ᠲᠣᠭᠯᠠᠯᠲᠠ ᠭᠠᠷᠭᠠᠨ ᠨᠠᠰᠤᠲᠠᠢᠴᠤᠳ ᠢ
ᠪᠠᠶᠠᠰᠬᠠᠯ᠎ᠠ᠃ ᠣᠢᠯᠠᠭᠠᠭᠰᠠᠨ᠎ᠢᠶᠠᠷ ᠰᠦᠮᠡᠲᠦ ᠤᠷᠠᠨ ᠰᠠᠢᠬᠠᠨ ᠤ ᠪᠦᠯᠬᠦᠮ 2016 ᠣᠨ᠎ᠳᠤ ᠪᠠᠢᠭᠤᠯᠤᠭᠳᠠᠵᠤ᠂
ᠲᠤᠬᠠᠢ᠎ᠶᠢᠨ ᠭᠠᠵᠠᠷ ᠤᠨ 51᠎ᠠᠴᠠ 66 ᠨᠠᠰᠤᠨ᠎ᠤ 30 ᠭᠠᠷᠤᠢ ᠮᠠᠯᠴᠢᠨ ᠲᠠᠷᠢᠶᠠᠴᠢᠨ᠎ᠢᠶᠠᠷ ᠪᠦᠷᠢᠯᠳᠦᠵᠦ᠂ ᠳᠤᠮᠳᠠᠴᠢ᠎ᠪᠠᠷ ᠰᠠᠷ᠎ᠠ
ᠪᠦᠷᠢ ᠨᠢᠭᠡ ᠤᠳᠠᠭ᠎ᠠ ᠲᠣᠬᠣᠨᠢᠭᠤᠯᠬᠤ ᠲᠣᠭᠯᠠᠯᠲᠠ ᠥᠷᠨᠢᠭᠦᠯᠦᠨ᠂ ᠤᠳᠤᠬᠠᠨ ᠪᠣᠯᠲᠠᠯ᠎ᠠ 200 ᠭᠠᠷᠤᠢ ᠲᠠᠯᠠᠪᠠᠢ ᠲᠣᠭᠯᠠᠯᠲᠠ
ᠭᠠᠷᠭᠠᠵᠠᠢ᠃
ᠲᠡᠯᠡᠬᠡᠢ
✦ᠰᠢᠨᠬᠤᠸᠠ ᠬᠤᠷᠢᠶ᠎ᠠ ᠵᠢᠨ
ᠮᠡᠳᠡᠭᠡ ᠵᠢ ᠦᠨᠳᠦᠰᠦᠯᠡᠪᠡᠯ᠂ ᠠᠮᠧᠷᠢᠺᠠ᠎ᠶᠢᠨ 《ᠸᠣᠯ
ᠵᠡᠭᠡᠯᠢ᠎ᠶᠢᠨ ᠡᠳᠦᠷ᠎ᠦᠨ ᠰᠣᠨᠢᠨ》᠎ᠤ ᠮᠡᠳᠡᠭᠡᠯᠡᠭᠰᠡᠨ᠎ᠢᠶᠡᠷ᠂
ᠠᠮᠧᠷᠢᠺᠠ ᠶᠢᠨ ᠤᠯᠤᠰ ᠤᠨ ᠪᠠᠲᠤᠯᠠᠨ ᠬᠠᠮᠠᠭᠠᠯᠠᠯᠲᠠ᠎ᠶᠢᠨ ᠶᠠᠮᠤᠨ᠎ᠤ ᠲᠤᠰᠢᠶᠠᠯᠲᠠᠨ ᠬᠡᠯᠡᠬᠦ ᠳᠡᠭᠡᠨ᠂ ᠤᠯᠤᠰ ᠤᠨ
ᠪᠠᠲᠤᠯᠠᠨ ᠬᠠᠮᠠᠭᠠᠯᠠᠯᠲᠠ᠎ᠶᠢᠨ ᠶᠠᠮᠤᠨ ᠳᠤᠮᠳᠠᠳᠤ ᠳᠣᠷᠣᠨᠠᠲᠤᠤᠷᠤᠨᠳᠤ ᠲᠦᠮᠡ ᠭᠠᠷᠤᠢ ᠴᠡᠷᠢᠭ ᠨᠡᠮᠡᠵᠦ ᠲᠣᠮᠢᠯᠠᠬᠤ᠎ᠪᠠᠷ
ᠪᠣᠳᠣᠯᠬᠢᠯᠠᠵᠤ ᠪᠠᠢᠨ᠎ᠠ ᠭᠡᠵᠡᠢ᠃
✦ᠰᠢᠨᠬᠤᠸᠠ ᠬᠤᠷᠢᠶ᠎ᠠ ᠵᠢᠨ
ᠮᠡᠳᠡᠭᠡ ᠵᠢ ᠦᠨᠳᠦᠰᠦᠯᠡᠪᠡᠯ᠂ ᠢᠰᠷᠧᠯ ᠦᠨ ᠤᠯᠤᠰ᠎ᠤᠨ ᠪᠠᠲᠤᠯᠠᠨ
ᠬᠠᠮᠠᠭᠠᠯᠠᠯᠲᠠ᠎ᠶᠢᠨ ᠴᠡᠷᠢᠭ 27᠎ᠤ ᠡᠳᠦᠷ ᠢᠯᠡᠷᠬᠡᠢᠯᠡᠯᠲᠡ ᠨᠡᠢᠲᠡᠯᠡᠵᠦ᠂ ᠠᠭᠠᠷ᠎ᠤᠨ ᠴᠡᠷᠢᠭ᠎ᠢᠶᠡᠷ ᠢᠷᠠᠨ᠎ᠤ
ᠳᠤᠮᠳᠠ ᠬᠡᠰᠡᠭ᠎ᠦᠨ ᠠᠽᠳᠧᠤᠨ《ᠢᠷᠠᠨ᠎ᠤ ᠭᠣᠣᠯ ᠵᠠᠯᠠᠭᠤᠷᠲᠤ ᠰᠤᠮᠤ ᠪᠣᠯᠣᠨ ᠤᠰᠤᠨ ᠮᠢᠨ᠎ᠠ᠎ᠶᠢᠨ ᠦᠢᠯᠡᠳᠪᠦᠷᠢᠯᠡᠯ᠎ᠦᠨ ᠲᠥᠬᠦᠭᠡᠷᠦᠮᠵᠢ》 ᠶᠢ ᠳᠠᠭᠠᠷᠢᠪᠠ ᠭᠡᠪᠡ᠃
ᠦᠢᠯᠡᠴᠢᠯᠡᠭᠡ
✦ᠤᠯᠠᠭᠠᠠᠴᠠᠪ ᠬᠤᠳᠠ ᠵᠢᠨ ᠰᠢᠭᠤᠳ ᠬᠠᠷᠢᠶ᠎ᠠ ᠠᠵᠢᠯ ᠤᠢᠯᠡᠰ᠎ᠤᠨ ᠨᠢᠭᠡᠴᠢ
ᠴᠢᠳᠠᠪᠤᠷᠢᠳᠠᠨ ᠤᠷᠢᠨ ᠡᠯᠰᠡᠬᠦ ᠪᠡᠷ ᠪᠤᠢ᠃
ᠲᠠᠨ ᠤ ᠲᠤᠰᠡ ᠳ᠋ᠤ
✦ᠣᠷᠳᠤ ᠬᠤᠭᠤᠴᠠᠭ᠎ᠠ᠎ᠪᠠᠷ ᠣᠷᠣᠢ ᠤᠨᠲᠠᠬᠤ ᠨᠢ ᠡᠭᠡᠯᠢᠯᠡᠭᠡ᠎ᠶᠢᠨ ᠴᠢᠳᠠᠪᠤᠷᠢ᠎ᠶᠢ ᠨᠥᠯᠥᠭᠡᠯᠡᠵᠦ᠂ ᠶᠠᠳᠠᠷᠠᠬᠤ᠂
ᠴᠣᠭ ᠰᠦᠯᠳᠡ ᠦᠭᠡᠢ ᠪᠣᠯᠬᠤ᠂ ᠬᠢᠮᠤᠷᠠᠬᠤ᠂ ᠬᠠᠷᠰᠢᠬᠤ ᠵᠡᠷᠭᠡ ᠪᠠᠢᠳᠠᠯ᠎ᠢ ᠡᠭᠦᠰᠬᠡᠬᠦ ᠵᠢᠨ ᠵᠡᠷᠭᠡ᠎ᠪᠡᠷ ᠡᠪᠡᠳᠴᠢᠨ᠎ᠦ
ᠪᠠᠺᠲᠧᠷᠢ ᠬᠠᠯᠳᠠᠪᠤᠷᠢᠯᠠᠬᠤ ᠲᠣᠬᠢᠶᠠᠯᠳᠤᠯᠢ ᠨᠡᠮᠡᠭᠳᠡᠭᠦᠯᠳᠡᠭ᠃ ᠡᠢᠮᠦ᠎ᠡᠴᠡ ᠳᠤᠬᠢᠷᠠᠮᠵᠢᠳᠠᠢ
ᠤᠨᠳᠠᠯᠭ᠎ᠠ ᠵᠢᠨ ᠴᠠᠭ ᠪᠤᠯᠤᠨ ᠡᠷᠡᠭᠦᠯ ᠰᠠᠢᠬᠠᠨ ᠤᠨᠲᠠᠯᠭ᠎ᠠ ᠨᠢ ᠡᠭᠡᠯᠢᠯᠡᠭᠡ ᠶᠢᠨ ᠴᠢᠳᠠᠪᠤᠷᠢ᠎ᠶᠢ ᠳᠡᠭᠡᠭᠰᠢᠯᠡᠭᠦᠯᠬᠦ
ᠵᠢᠨ ᠪᠠᠲᠤᠯᠠᠭ᠎ᠠ ᠪᠥᠭᠡᠳ ᠸᠢᠷᠦ᠋ᠰ ᠦᠨ ᠬᠠᠯᠳᠠᠪᠤᠷᠢᠯᠠᠯ᠎ᠢ ᠡᠰᠡᠷᠭᠦᠴᠡᠬᠦ᠎ᠳᠦ ᠠᠰᠢᠭ᠍ᠲᠠᠢ ᠶᠤᠮ᠃
ᠵᠠᠯᠭᠠᠭᠠᠳ 《ᠠᠪᠤ
ᠮᠢᠨᠢ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠨᠡᠪᠳᠡᠷᠡᠭᠦᠯᠬᠡ ᠮᠠᠨᠢ ᠲᠠ ᠪᠦᠬᠦᠨ᠎ᠳᠦ ᠲᠠᠭᠠᠯᠠᠬᠳᠠᠬᠰᠠᠨ ᠪᠤᠯ ᠤᠳᠤᠨ ᠳᠡᠮᠳᠡᠭ ᠱᠠᠩᠨᠠᠵᠤ
ᠪᠢᠳᠡᠨ᠎ᠳᠤ ᠤᠷᠮ᠎ᠠ ᠬᠠᠢᠷᠠᠯᠠᠭᠠᠷᠠᠢ! ᠲᠠ ᠪᠦᠬᠦᠨ ᠤ ᠬᠦᠯᠢᠶᠡᠨ ᠠᠪᠴᠤ᠌ ᠰᠤᠨᠤᠰᠤᠬ᠍ᠰᠠᠨ ᠳ᠋ᠦ ᠪᠠᠶᠠᠷᠯᠠᠯ᠎ᠠ᠂
ᠪᠠᠶᠠᠷᠳᠠᠢ︕
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)