


ᠨᠡᠢᠭᠡᠮ
✦ᠲᠦᠷᠦᠭᠦᠬᠡᠨ ᠳᠣᠲᠣᠭᠠᠳᠤ᠎ᠶᠢ ᠬᠠᠮᠠᠭᠠᠯᠠᠬᠤ ᠶᠠᠮᠤᠨ
ᠡᠴᠡ 《ᠮᠠᠰᠢᠨᠲᠤ ᠲᠡᠷᠭᠡᠨ᠎ᠦ ᠵᠢᠯᠣᠭᠣᠴᠢ᠎ᠶᠢᠨ ᠶᠠᠳᠠᠷᠠᠯᠳᠠᠢ ᠲᠡᠷᠭᠡ ᠵᠢᠯᠣᠭᠣᠳᠤᠭᠰᠠᠨᠢ
ᠮᠠᠭᠠᠳᠯᠠᠨ ᠲᠣᠭᠲᠠᠭᠠᠬᠤ ᠳᠦᠷᠢᠮ》 (GA/T 2372-2026)᠎ᠢ ᠨᠡᠢᠲᠡᠯᠡᠵᠦ᠂ 6 ᠰᠠᠷ᠎ᠠ᠎ᠶᠢᠨ 1᠎ᠦ ᠡᠳᠦᠷ᠎ᠡᠴᠡ ᠡᠬᠢᠯᠡᠨ
ᠪᠥᠬᠥ ᠤᠯᠤᠰ᠎ᠲᠤ ᠬᠡᠷᠡᠭᠵᠢᠭᠦᠯᠦᠨ᠎ᠡ᠃ ᠡᠭᠦᠨ᠎ᠳᠦ ᠮᠠᠰᠢᠨᠲᠤ ᠲᠡᠷᠭᠡᠨ ᠦ ᠵᠢᠯᠣᠭᠣᠴᠢ ᠶᠢᠨ ᠶᠠᠳᠠᠷᠠᠯᠳᠠᠢ
ᠲᠡᠷᠭᠡ ᠵᠢᠯᠣᠭᠣᠳᠤᠭᠰᠠᠨ ᠪᠠᠢᠳᠠᠯ᠂ ᠪᠠᠢᠴᠠᠭᠠᠵᠤ ᠭᠡᠷᠡᠴᠢ ᠠᠪᠬᠤ ᠠᠭᠤᠯᠭ᠎ᠠ ᠪᠠ ᠠᠷᠭ᠎ᠠ ᠶ᠋ᠢ ᠲᠣᠳᠣᠷᠬᠠᠢ ᠲᠣᠭᠲᠠᠭᠠᠵᠠᠢ᠃
✦ᠤᠢᠷ᠎ᠠ ᠳ᠋ᠤ ᠰᠤᠷᠭᠠᠨ ᠬᠥᠮᠦᠵᠢᠯ᠎ᠦᠨ ᠶᠠᠮᠤᠨ《ᠰᠠᠭᠤᠷᠢ
ᠰᠤᠷᠭᠠᠨ ᠬᠥᠮᠦᠵᠢᠯ᠎ᠦᠨ ᠵᠢᠷᠤᠮᠵᠢᠭ᠍ᠰᠠᠨ ᠬᠠᠮᠢᠶᠠᠷᠤᠯᠲᠠ᠎ᠶᠢ ᠪᠡᠬᠢᠵᠢᠭᠦᠯᠬᠦ ᠣᠨ᠎ᠤ ᠠᠵᠢᠯᠯᠠᠭ᠎ᠠ ᠶ᠋ᠢ
ᠥᠷᠨᠢᠭᠦᠯᠬᠦ ᠲᠤᠬᠠᠢ ᠮᠡᠳᠡᠭᠳᠡᠯ》᠎ᠢ ᠨᠡᠢᠲᠡᠯᠡᠵᠦ᠂ ᠰᠤᠷᠭᠠᠨ ᠬᠥᠮᠦᠵᠢᠯ᠎ᠦᠨ ᠡᠷᠬᠡ
ᠲᠡᠭᠰᠢ᠂ ᠡᠳᠦᠷ ᠲᠤᠲᠤᠮ᠎ᠤᠨ ᠬᠠᠮᠢᠶᠠᠷᠤᠯᠲᠠ᠂ ᠰᠤᠷᠭᠠᠭᠤᠯᠢ ᠡᠷᠭᠢᠯᠡᠵᠦ ᠰᠤᠷᠭᠠᠭᠤᠯᠢ᠎ᠶᠢ ᠵᠠᠰᠠᠬᠤ᠂
ᠰᠤᠷᠭᠠᠭᠤᠯᠢ᠎ᠶᠢᠨ ᠬᠦᠷᠢᠶᠡᠨ᠎ᠦ ᠠᠮᠤᠷ ᠲᠦᠪᠰᠢᠨ᠂ ᠰᠤᠷᠭᠠᠨ ᠬᠥᠮᠦᠵᠢᠯ᠎ᠦᠨ ᠠᠮᠢ ᠠᠬᠤᠢ ᠵᠡᠷᠭᠡ ᠲᠠᠪᠤᠨ
ᠶᠡᠬᠡ ᠭᠣᠣᠯᠳᠠᠯᠭ᠎ᠠ᠎ᠶᠢᠨ ᠲᠣᠭᠣᠷᠢᠨ᠎ᠳᠤ ᠲᠤᠰᠬᠠᠢ ᠵᠦᠢᠯ᠎ᠦᠨ ᠪᠡᠬᠢᠵᠢᠭᠦᠯᠬᠦ ᠠᠵᠢᠯᠯᠠᠭ᠎ᠠ ᠥᠷᠨᠢᠭᠦᠯᠵᠦ᠂
ᠰᠠᠭᠤᠷᠢ ᠰᠤᠷᠭᠠᠨ ᠬᠥᠮᠦᠵᠢᠯ᠎ᠦᠨ ᠰᠤᠷᠭᠠᠭᠤᠯᠢ ᠡᠷᠭᠢᠯᠡᠬᠦ ᠠᠵᠢᠯᠯᠠᠭ᠎ᠠ᠎ᠶᠢ ᠦᠷᠭᠦᠯᠵᠢᠯᠡᠨ
ᠵᠢᠷᠤᠮᠵᠢᠭᠤᠯᠤᠨ᠎ᠠ᠃
✦ᠲᠦᠷᠦᠭᠦᠬᠡᠨ ᠳᠤᠮᠳᠠᠳᠤ ᠤᠯᠤᠰ᠎ᠤᠨ ᠠᠷᠠᠳ᠎ᠤᠨ ᠪᠠᠩᠬᠢ᠂
ᠠᠷᠠᠳ᠎ᠤᠨ ᠶᠠᠪᠤᠳᠠᠯ᠎ᠤᠨ ᠶᠠᠮᠤᠨ᠂ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ ᠶ᠋ᠢᠨ ᠶᠡᠷᠦᠩᠬᠡᠢ
ᠲᠣᠪᠴᠢᠶ᠎ᠠ ᠵᠡᠷᠭᠡ ᠰᠠᠯᠠᠭ᠎ᠠ ᠮᠥᠴᠢᠷ 《ᠠᠷᠠᠳ᠎ᠤᠨ ᠵᠣᠭᠣᠰ᠎ᠤᠨ ᠬᠡᠪ》 ᠤ᠋ᠨ
ᠲᠦᠯᠡᠰᠢᠨᠤ ᠵᠤᠭᠤᠰ᠎ᠢ ᠬᠠᠤᠯᠢ ᠪᠤᠰᠤ᠎ᠪᠠᠷ ᠦᠢᠯᠡᠳᠴᠦ ᠪᠣᠷᠣᠯᠠᠭᠤᠯᠤᠭᠰᠠᠨ 5 ᠨᠡᠢᠲᠡᠯᠢᠭ ᠬᠡᠷᠡᠭ᠎ᠦᠨ
ᠵᠢᠱ᠌ᠢᠶ᠎ᠡ᠎ᠶᠢ ᠨᠡᠢᠲᠡᠯᠡᠵᠦ᠂ ᠬᠤᠳᠠᠯᠳᠤᠭᠠᠴᠢᠳ 《ᠠᠷᠠᠳ᠎ᠤᠨ ᠵᠣᠭᠣᠰ᠎ᠤᠨ ᠬᠡᠪ》᠎ᠤᠨ
ᠲᠦᠯᠡᠰᠢᠨᠤ ᠵᠤᠭᠤᠰ ᠢ᠋ ᠦᠢᠯᠡᠳᠬᠦ ᠦᠭᠡᠢ᠂ ᠬᠤᠳᠠᠯᠳᠤᠬᠤ ᠦᠭᠡᠢ ᠪᠠᠢᠵᠦ᠂ ᠥᠷᠭᠡᠨ ᠣᠯᠠᠨ ᠲᠦᠮᠡᠨ
ᠬᠤᠳᠠᠯᠳᠤᠨ ᠠᠪᠴᠤ ᠬᠡᠷᠡᠭᠯᠡᠵᠦ ᠪᠣᠯᠬᠤ ᠦᠭᠡᠢ ᠭᠡᠵᠦ ᠰᠠᠨᠠᠭᠤᠯᠪᠠ᠃
✦ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ
ᠡᠳ᠋᠎ᠦᠨ ᠵᠠᠰᠠᠭ᠎ᠤᠨ ᠲᠢᠩᠬᠢᠮ᠎ᠡᠴᠡ ᠣᠢᠯᠠᠭᠠᠭᠰᠠᠨ ᠵᠢᠡᠷ᠂ 《ᠠᠷᠪᠠᠨ
ᠳᠥᠷᠪᠡᠳᠦᠭᠡᠷ ᠲᠠᠪᠤᠨ ᠵᠢᠯ》 ᠤ᠋ᠨ ᠲᠦᠯᠦᠪᠵᠢᠬᠦᠯᠭᠡ ᠵᠢᠨ ᠬᠤᠭᠤᠴᠠᠭᠠᠨ᠎ᠳᠤ᠂ ᠥᠪᠥᠷ ᠮᠣᠩᠭᠣᠯ ᠤ᠋ᠨ
ᠡᠳ᠋᠎ᠦᠨ ᠵᠠᠰᠠᠭ ᠠ᠋ᠴᠠ ᠰᠤᠷᠭᠠᠭᠤᠯᠢ ᠵᠢᠨ ᠪᠠᠢᠷᠢ᠎ᠶᠢᠨ ᠠᠮᠤᠷ ᠲᠦᠪᠰᠢᠨ᠎ᠢ ᠪᠠᠲᠤᠯᠠᠬᠤ ᠣᠷᠳᠣ᠌
ᠬᠤᠭᠤᠴᠠᠭᠠᠨ᠎ᠤ ᠪᠦᠲᠦᠮᠵᠢᠲᠡᠶ ᠲᠣᠭᠲᠠᠴᠠ᠎ᠶᠢᠨ ᠪᠡᠯᠡ ᠮᠥᠩᠭᠥ᠎ᠶᠢ ᠨᠡᠶ᠋ᠢᠲᠡ 21.68 ᠳ᠋ᠦᠩᠰᠢᠭᠤᠷ
ᠲᠥᠭᠥᠷᠢᠭ ᠪᠠᠭᠤᠯᠭᠠᠵᠤ᠂ ᠥᠪᠥᠷ ᠮᠣᠩᠭᠣᠯ᠎ᠤᠨ ᠡᠯ᠎ᠡ ᠱᠠᠲᠤᠨ᠎ᠤ ᠠᠯᠪᠠᠨ ᠵᠢᠷᠤᠮ᠎ᠤᠨ ᠰᠤᠷᠭᠠᠨ ᠬᠥᠮᠦᠵᠢᠯ᠎ᠦᠨ
ᠰᠤᠷᠭᠠᠭᠤᠯᠢ ᠳ᠋ᠤ ᠠᠰᠢᠭ ᠬᠦᠷᠳᠡᠭᠡᠵᠡᠢ᠃
✦ᠪᠠᠶᠠᠠᠨᠠᠭᠤᠷ ᠬᠣᠲᠠ᠎ᠶᠢᠨ ᠬᠥᠮᠥᠨ᠎ᠦ ᠬᠦᠴᠦᠨ᠎ᠦ ᠡᠬᠢ
ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ᠎ᠠᠴᠠ ᠣᠢᠯᠠᠭᠠᠭᠰᠠᠨ ᠵᠢᠡᠷ᠂ 7 ᠰᠠᠷ᠎ᠠ ᠶ᠋ᠢᠨ
1᠎ᠦ ᠡᠳᠦᠷ᠎ᠡᠴᠡ ᠡᠬᠢᠯᠡᠨ ᠪᠠᠶᠠᠨᠨᠠᠭᠤᠷ ᠬᠣᠲᠠ ᠰᠢᠨ᠎ᠡ ᠠᠵᠢᠯ ᠣᠯᠭᠤᠯᠳᠠ ᠵᠢᠨ ᠬᠡᠯᠪᠡᠷᠢ᠎ᠶᠢᠨ
ᠬᠦᠳᠡᠯᠮᠦᠷᠢᠴᠢᠳ᠎ᠦᠨ ᠠᠵᠢᠯ ᠮᠡᠷᠭᠡᠵᠢᠯ᠎ᠦᠨ ᠰᠢᠷᠬᠠᠳᠤᠯ᠎ᠦᠨ ᠪᠠᠲᠤᠯᠠᠭ᠎ᠠ᠎ᠶᠢᠨ ᠲᠤᠷᠰᠢᠯᠲᠠ᠎ᠶᠢᠨ ᠠᠵᠢᠯ᠎ᠢ
ᠡᠬᠢᠯᠡᠭᠦᠯᠵᠦ᠂ 11 ᠲᠠᠪᠴᠠᠩ᠎ᠤᠨ ᠠᠵᠤ ᠠᠬᠤᠢᠯᠠᠯ᠎ᠢ ᠲᠤᠷᠰᠢᠯᠲᠠ᠎ᠶᠢᠨ ᠬᠡᠪᠴᠢᠶᠡᠨ᠎ᠳᠦ ᠣᠷᠣᠭᠤᠯᠵᠤ᠂ ᠥᠪᠥᠷ
ᠮᠣᠩᠭᠣᠯ᠎ᠤᠨ ᠬᠡᠪᠴᠢᠶᠡᠨ᠎ᠳᠦ ᠳᠠᠩᠰᠠᠯᠠᠭᠤᠯᠤᠭᠰᠠᠨ ᠬᠠᠮᠢᠶ᠎ᠠ ᠪᠦᠬᠦᠢ ᠠᠵᠢᠯ ᠡᠷᠬᠢᠯᠡᠭᠰᠡᠳ᠎ᠢ
ᠪᠠᠲᠤᠯᠠᠭ᠎ᠠ᠎ᠶᠢᠨ ᠬᠡᠪᠴᠢᠶᠡᠨ᠎ᠳᠦ ᠣᠷᠣᠭᠤᠯᠬᠤ ᠪᠣᠯᠣᠨ᠎ᠠ᠃
✦ᠲᠥᠨᠭᠯᠢᠶᠤᠤ
ᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ
ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ 3 ᠰᠠᠷ᠎ᠠ᠎ᠶᠢᠨ 27 ᠤ᠋ ᠡᠳᠦᠷ᠎ᠡᠴᠡ 12 ᠰᠠᠷ᠎ᠠ᠎ᠶᠢᠨ ᠰᠡᠭᠦᠯᠴᠢ ᠪᠣᠯᠲᠠᠯ᠎ᠠ ᠨᠡᠢᠭᠡᠮ ᠨᠡᠢᠳᠡ᠎ᠡᠴᠡ ᠵᠠᠰᠠᠭ᠎ᠤᠨ ᠣᠷᠳᠣᠨ᠎ᠤ ᠲᠦᠷᠦᠯ ᠵᠦᠢᠯ᠂ ᠤᠯᠤᠰ᠎ᠤᠨ
ᠥᠮᠴᠢᠯᠡᠯ᠎ᠦᠨ ᠠᠵᠤ ᠠᠬᠤᠢᠯᠠᠯ ᠤ᠋ᠨ ᠲᠦᠷᠦᠯ ᠵᠦᠢᠯ᠎ᠤᠨ ᠬᠥᠯᠥᠰᠦᠨ ᠠᠵᠢᠯᠴᠢᠨ᠎ᠤ ᠴᠠᠯᠢᠩ᠎ᠢ ᠥᠷᠢᠲᠦᠵᠦ ᠤᠳᠠᠭᠠᠰᠢᠷᠠᠭᠤᠯᠤᠭᠰᠠᠨ
ᠠᠰᠠᠭᠤᠳᠠᠯ᠎ᠤᠨ ᠰᠦᠪᠡᠭᠴᠢ᠎ᠶᠢ ᠴᠤᠭᠯᠠᠭᠤᠯᠵᠤ ᠪᠤᠢ᠂ ᠤᠯᠠᠨ ᠲᠦᠮᠡᠨ ᠢᠯᠡᠴᠢᠯᠡᠨ ᠮᠡᠳᠡᠭᠦᠯᠬᠦ ᠤᠲᠠᠰᠤ᠂ ᠵᠠᠬᠢᠳᠠᠯ ᠰᠣᠷᠪᠤᠯᠵᠢᠯᠠᠯ
ᠪᠤᠶᠤ ᠵᠢᠷᠬᠢᠶ᠎ᠠ ᠵᠢᠨ ᠳᠠᠪᠴᠠᠡᠭ᠎ᠢᠶᠠᠷ ᠳᠠᠮᠵᠢᠭᠤᠯᠤᠨ ᠬᠠᠮᠢᠶ᠎ᠠ ᠪᠦᠬᠦᠢ ᠠᠰᠠᠭᠤᠳᠠᠯ᠎ᠢ ᠲᠤᠰᠬᠠᠵᠤ ᠪᠣᠯᠣᠨ᠎ᠠ᠃
✦ᠰᠢᠯᠢ᠎ᠶᠢᠨ ᠭᠣᠣᠯ ᠠᠢᠮᠠᠭ᠎ᠤᠨ ᠣᠯᠠᠨ ᠭᠠᠵᠠᠷ᠎ᠤᠨ ᠬᠢᠨ
ᠭᠡᠮᠨᠡᠵᠦ ᠦᠬᠦᠭᠰᠡᠨ ᠮᠠᠯ᠎ᠢ ᠳᠤᠷ᠎ᠠ᠎ᠪᠠᠷ᠎ᠢᠶᠠᠨ ᠬᠠᠶᠠᠬᠤ ᠵᠢᠴᠢ ᠬᠤᠳᠠᠯᠳᠤᠬᠤ᠂ ᠡᠳ᠋ᠰᠢᠬᠦᠯᠬᠦ᠂
ᠬᠠᠳᠠᠭᠠᠯᠠᠬᠤ᠂ ᠲᠡᠭᠡᠭᠡᠪᠦᠷᠢᠯᠡᠬᠦ ᠵᠡᠷᠭᠡ ᠬᠠᠤᠯᠢ ᠡᠴᠡ ᠵᠦᠷᠢᠴᠡᠭᠰᠡᠨ ᠠᠵᠢᠯᠯᠠᠭ᠎ᠠ ᠳ᠋ᠤ ᠴᠢᠩᠭ᠎ᠠ ᠴᠣᠬᠢᠯᠲᠠ ᠥᠭᠬᠦ ᠲᠤᠬᠠᠢ ᠠᠯᠪᠠᠨ
ᠵᠠᠷᠯᠠᠯ ᠨᠡᠢᠲᠡᠯᠡᠵᠦ᠂ ᠬᠠᠮᠢᠶ᠎ᠠ ᠪᠦᠬᠦᠢ ᠪᠠᠢᠴᠠᠭᠠᠯᠳᠠ ᠵᠢ ᠴᠢᠨᠭᠭᠠᠳᠬᠠᠵᠤ᠂ ᠠᠷᠠᠳ ᠤᠯᠠᠨ᠎ᠤ ᠢᠳᠡᠭᠡᠨ᠎ᠤ
ᠠᠮᠤᠷ ᠲᠦᠪᠰᠢᠨ᠎ᠢ ᠦᠨᠡᠨ ᠬᠦ᠌ ᠪᠠᠳᠤᠯᠠᠵᠤ ᠪᠠᠢᠨ᠎ᠠ᠃
✦25᠎ᠤ ᠡᠳᠦᠷ ᠡᠴᠡ ᠣᠲᠣᠭ᠎ᠤᠨ ᠡᠮᠦᠨᠡᠲᠦ ᠬᠣᠰᠢᠭᠤᠨ᠎ᠤ
ᠬᠠᠪᠤᠷ᠎ᠤᠨ ᠤᠯᠠᠷᠢᠯ ᠤ᠋ᠨ ᠠᠯᠪᠠᠨ ᠵᠢᠷᠤᠮ᠎ᠤᠨ ᠣᠢᠵᠢᠭᠤᠯᠤᠯᠲᠠ ᠪᠦᠬᠦ ᠳᠠᠯ᠎ᠠ ᠪᠡᠷ ᠡᠬᠢᠯᠡᠵᠦ᠂ 5500
ᠭᠠᠷᠤᠢ ᠺᠠᠳ᠋ᠷ ᠣᠯᠠᠨ ᠲᠦᠮᠡᠨ ᠣᠢᠵᠢᠭᠤᠯᠤᠯᠲᠠ᠎ᠶᠢᠨ ᠠᠵᠢᠯ ᠳ᠋ᠤ ᠤᠷᠤᠯᠴᠠᠵᠠᠢ᠃ 2026 ᠣᠨ᠎ᠤ ᠣᠲᠣᠭ᠎ᠤᠨ
ᠡᠮᠦᠨᠡᠲᠦ ᠬᠣᠰᠢᠭᠤᠨ᠎ᠤ ᠬᠠᠪᠤᠷ ᠤ᠋ᠨ ᠤᠯᠠᠷᠢᠯ᠎ᠤᠨ ᠪᠦᠬᠥ ᠠᠷᠠᠳ᠎ᠢᠶᠠᠷ᠎ᠢᠶᠠᠨ ᠡᠯᠡᠰᠦ᠎ᠶᠢ
ᠲᠣᠭᠲᠠᠪᠤᠷᠢᠵᠢᠭᠤᠯᠵᠤ ᠣᠢᠵᠢᠭᠤᠯᠤᠯᠲᠠ ᠬᠢᠬᠦ ᠶᠡᠷᠦᠩᠬᠡᠢ ᠲᠠᠯᠠᠪᠠᠢ 14749 ᠮᠦ᠍ ᠪᠠᠢᠵᠤ᠂ ᠡᠭᠦᠨ᠎ᠳᠦ
ᠭᠠᠴᠠᠭ᠎ᠠ ᠲᠣᠰᠬᠣᠨ᠎ᠤ ᠪᠥᠬᠥ ᠠᠷᠠᠳ᠎ᠢ ᠳᠠᠢᠴᠢᠯᠠᠬᠤ ᠡᠭᠦᠷᠭᠡ 6800 ᠮᠦ᠍᠂ ᠳᠥᠷᠪᠡᠨ ᠪᠠᠯᠭᠠᠰᠤ ᠨᠡᠢᠲᠡ 1200 ᠮᠦ᠍᠂ ᠬᠣᠰᠢᠭᠤᠨ᠎ᠤ ᠰᠢᠭᠤᠳ
ᠬᠠᠷᠢᠶ᠎ᠠ ᠠᠯᠪᠠᠨ ᠪᠠᠢᠭᠤᠯᠭ᠎ᠠ ᠨᠡᠢᠲᠡ 249 ᠮᠦ᠍᠂ ᠠᠵᠤ ᠠᠬᠤᠢᠯᠠᠯ 6500 ᠮᠦ᠍ ᠣᠢᠵᠢᠭᠤᠯᠬᠤ ᠪᠣᠯᠣᠨ᠎ᠠ᠃
✦ᠦᠢᠷ᠎ᠡ᠎ᠶᠢᠨ ᠵᠢᠯ᠎ᠡᠴᠡ ᠬᠠᠩᠭᠢᠨ ᠬᠣᠰᠢᠭᠤ
ᠮᠡᠷᠭᠡᠵᠢᠯ᠎ᠦᠨ ᠵᠢᠯᠣᠭᠣᠳᠤᠯᠭ᠎ᠠ ᠬᠠᠨᠭᠭᠠᠬᠤ᠂ ᠬᠢᠵᠢᠭ ᠡᠪᠡᠳᠴᠢᠨ᠎ᠢ ᠰᠡᠷᠭᠡᠢᠯᠡᠬᠦ᠂ ᠡᠪᠡᠰᠦ
ᠪᠣᠷᠳᠣᠭ᠎ᠠ᠎ᠶᠢ ᠪᠠᠲᠤᠯᠠᠬᠤ ᠵᠡᠷᠭᠡ ᠠᠵᠢᠯ᠎ᠢ ᠰᠠᠢᠲᠤᠷ ᠬᠢᠭᠰᠡᠨ᠎ᠡᠴᠡ ᠪᠦᠬᠥ ᠬᠣᠰᠢᠭᠤᠨ᠎ᠤ ᠨᠢᠳᠤᠨᠤᠨ ᠡᠪᠦᠯ
ᠡᠨᠡ ᠬᠠᠪᠤᠷ᠎ᠤᠨ ᠲᠦᠯᠦᠨ ᠣᠨᠳᠤᠷᠤᠯᠲᠠ ᠪᠠ ᠮᠠᠯ ᠠᠵᠤ ᠠᠬᠤᠢ᠎ᠶᠢᠨ ᠬᠥᠭᠵᠢᠯᠲᠡ᠎ᠶᠢᠨ ᠲᠣᠭᠲᠠᠭᠤᠨ᠎ᠢ
ᠪᠠᠲᠤᠯᠠᠪᠠ᠃ 3 ᠰᠠᠷ᠎ᠠ ᠶ᠋ᠢᠨ ᠰᠡᠭᠦᠯᠴᠢ ᠪᠣᠯᠲᠠᠯ᠎ᠠ ᠬᠠᠩᠭᠢᠨ ᠬᠣᠰᠢᠭᠤ ᠨᠡᠢᠲᠡ 52.5 ᠲᠦᠮᠡᠨ ᠲᠣᠯᠣᠭᠠᠢ
ᠲᠥᠯ ᠳᠤᠰᠴᠤ᠂ ᠲᠥᠯ ᠮᠠᠯ ᠢ ᠠᠷᠠᠴᠢᠯᠠᠨ ᠬᠠᠮᠠᠭᠠᠯᠠᠬᠤ ᠪᠠ ᠬᠢᠵᠢᠭ ᠡᠪᠡᠳᠴᠢᠨ᠎ᠢ ᠰᠡᠷᠭᠡᠢᠯᠡᠬᠦ᠎ᠪᠡᠨ ᠦᠷᠭᠦᠯᠵᠢᠯᠡᠨ
ᠴᠢᠩᠭᠠᠳᠬᠠᠬᠤ ᠪᠣᠯᠣᠨ᠎ᠠ᠃
ᠠᠵᠤ ᠠᠬᠤᠢ
✦ᠲᠦᠷᠦᠭᠦᠬᠡᠨ 2026 ᠣᠨ᠎ᠤ 《ᠦᠪᠦᠷ ᠮᠣᠩᠭᠣᠯ》 ᠨᠡᠷᠡᠮᠵᠢᠲᠦ
ᠲᠦᠷᠦᠯ ᠲᠡᠮᠳᠡᠭ᠎ᠦᠨ ᠪᠠᠢᠭᠤᠯᠤᠯᠲᠠ᠎ᠶᠢ ᠲᠦᠯᠬᠢᠨ ᠠᠬᠢᠭᠤᠯᠬᠤ ᠬᠤᠷᠠᠯ ᠳᠡᠭᠡᠷ᠎ᠡ 《〈ᠦᠪᠦᠷ ᠮᠣᠩᠭᠣᠯ〉 ᠨᠡᠷᠡᠮᠵᠢᠲᠦ
ᠲᠦᠷᠦᠯ ᠲᠡᠮᠳᠡᠭ᠎ᠦᠨ ᠭᠡᠷᠡᠴᠢᠯᠡᠯ᠎ᠦᠨ ᠨᠡᠢᠳᠡᠮ ᠬᠡᠷᠡᠭᠯᠡᠬᠦ ᠱᠠᠭᠠᠷᠳᠠᠯᠭ᠎ᠠ ᠠᠵᠤ ᠦᠢᠯᠡᠳᠪᠦᠷᠢ᠎ᠶᠢᠨ
ᠦᠢᠯᠡᠳᠬᠦᠨ᠎ᠦ ᠬᠦᠷᠢᠶ᠎ᠡ》᠂ 《〈ᠦᠪᠦᠷ ᠮᠣᠩᠭᠣᠯ〉 ᠨᠡᠷᠡᠮᠵᠢᠲᠦ
ᠲᠦᠷᠦᠯ ᠲᠡᠮᠳᠡᠭ᠎ᠦᠨ ᠭᠡᠷᠡᠴᠢᠯᠡᠯ᠎ᠦᠨ ᠨᠡᠢᠳᠡᠮ ᠬᠡᠷᠡᠭᠯᠡᠬᠦ ᠱᠠᠭᠠᠷᠳᠠᠯᠭ᠎ᠠ ᠦᠢᠯᠡᠴᠢᠯᠡᠭᠡᠨ᠎ᠦ
ᠦᠢᠯᠡᠰ᠎ᠦᠨ ᠬᠦᠷᠢᠶ᠎ᠡ》 ᠭᠡᠬᠦ ᠣᠷᠣᠨ ᠨᠤᠲᠤᠭ᠎ᠤᠨ ᠪᠠᠷᠢᠮᠵᠢᠶ᠎ᠠ᠎ᠶᠢ ᠨᠡᠢᠲᠡᠯᠡᠪᠡ᠃ ᠡᠨᠡ ᠨᠢ 《ᠦᠪᠦᠷ ᠮᠣᠩᠭᠣᠯ》 ᠨᠡᠷᠡᠮᠵᠢᠲᠦ
ᠲᠦᠷᠦᠯ ᠲᠡᠮᠳᠡᠭ ᠦ᠋ᠨ ᠭᠡᠷᠡᠴᠢᠯᠡᠯ᠎ᠦᠨ ᠰᠢᠰᠲᠧᠮ ᠤᠯᠠᠮᠵᠢᠯᠠᠯᠲᠤ ᠳᠠᠪᠠᠭᠤᠯᠢᠭ᠋ ᠪᠤᠯᠬᠤ ᠮᠠᠯ᠎ᠤᠨ ᠠᠰᠢᠭ᠋
ᠰᠢᠮ᠎ᠡ ᠲᠠᠷᠢᠶᠠᠯᠠᠩ ᠤ᠋ᠨ ᠪᠦᠲᠦᠭᠡᠭᠳᠡᠬᠦᠨ᠎ᠦ ᠬᠡᠪᠴᠢᠶ᠎ᠡ᠎ᠡᠴᠡ ᠳᠠᠪᠠᠵᠤ᠂ ᠪᠥᠬᠥ ᠬᠦᠷᠢᠶᠡᠨ᠎ᠳᠦ
ᠪᠦᠷᠬᠦᠭᠦᠯᠬᠦ ᠶ᠋ᠢ ᠠᠯᠬᠤᠮ ᠠᠯᠬᠤᠮ᠎ᠢᠶᠠᠷ ᠪᠡᠶᠡᠯᠡᠭᠦᠯᠬᠦ ᠬᠠᠷᠠᠯᠲᠠ ᠳᠠᠢᠰᠢ ᠵᠠᠩᠭᠢᠯᠠᠭ᠎ᠠ᠎ᠶᠢᠨ
ᠠᠯᠬᠤᠮ᠎ᠢ ᠠᠯᠬᠤᠭᠰᠠᠨ᠎ᠢ ᠬᠠᠷᠠᠭᠤᠯᠵᠤ ᠪᠠᠢᠨ᠎ᠠ᠃
✦ᠣᠲᠣᠬᠠᠨ ᠪᠣᠯᠲᠠᠯ᠎ᠠ ᠪᠠᠶᠠᠨᠨᠠᠭᠤᠷ ᠬᠣᠲᠠ᠎ᠶᠢᠨ ᠳᠣᠬᠢᠭᠤᠷ
ᠲᠤᠯᠤᠭᠠᠨ ᠣᠲᠣ᠌ ᠬᠠᠪᠰᠤᠷᠤᠨ ᠵᠢᠯᠤᠭᠣᠳᠬᠤ ᠰᠢᠰᠲᠧᠮᠪᠦᠬᠦᠢ ᠲᠠᠷᠢᠶᠠᠯᠠᠩ᠎ᠤᠨ ᠮᠠᠰᠢᠨ 6100 ᠭᠠᠷᠤᠢ ᠪᠠᠢᠵᠤ᠂
ᠨᠠᠷᠢᠯᠢᠭ᠋ ᠣᠨᠣᠴᠠᠲᠠᠢ᠎ᠪᠠᠷ ᠰᠢᠯᠤᠭᠤᠨ ᠱᠤᠭᠤᠮ᠎ᠢᠶᠠᠷ ᠶᠠᠪᠤᠬᠤ᠂ ᠠᠦ᠋ᠲ᠋ᠣ᠋ ᠴᠢᠭᠯᠡᠯ᠎ᠢᠶᠡᠨ ᠥᠭᠡᠷᠡᠴᠢᠯᠡᠬᠦ᠂
ᠴᠡᠭ ᠵᠠᠮ ᠲᠣᠭᠲᠠᠭᠠᠨ ᠠᠵᠢᠯᠯᠠᠬᠤ᠎ᠶᠢ ᠪᠡᠶᠡᠯᠡᠭᠦᠯᠵᠦ᠂ ᠦᠷ᠎ᠡ᠂ ᠬᠢᠮᠢ᠎ᠶᠢᠨ ᠪᠣᠷᠳᠣᠭᠤᠷ᠎ᠤᠨ ᠬᠣᠷᠣᠭᠳᠠᠯ ᠪᠠ
ᠬᠥᠮᠥᠨ᠎ᠦ ᠬᠦᠴᠦᠨ᠎ᠦ ᠬᠥᠳᠡᠯᠮᠦᠷᠢ᠎ᠶᠢᠨ ᠡᠷᠴᠢᠮ᠎ᠢ ᠪᠦᠲᠦᠮᠵᠢᠲᠡᠶ ᠪᠠᠭᠤᠷᠠᠭᠤᠯᠵᠤ᠂ ᠲᠠᠷᠢᠶᠠᠯᠠᠩ᠎ᠤᠨ ᠮᠠᠰᠢᠨ᠎ᠤ
ᠠᠵᠢᠯᠯᠠᠬᠤ ᠦᠷ᠎ᠡ ᠪᠦᠲᠦᠮᠵᠢ᠎ᠶᠢ ᠶᠡᠬᠡᠪᠡᠷ ᠳᠡᠭᠡᠭᠰᠢᠯᠡᠭᠦᠯᠦᠨ᠂ ᠪᠤᠭᠤᠳᠠᠢ᠎ᠶᠢᠨ ᠮᠦ᠍ ᠨᠢᠭᠡᠴᠢ᠎ᠶᠢᠨ ᠤᠨᠠᠯᠲᠠ᠎ᠶᠢ
ᠳᠤᠮᠳᠠᠴᠢ᠎ᠪᠠᠷ 5%-10%᠎ᠪᠠᠷ ᠨᠡᠮᠡᠭᠳᠡᠭᠦᠯᠬᠦ᠎ᠳᠦ ᠬᠦᠴᠦᠨ ᠨᠡᠮᠡᠷᠢᠯᠡᠵᠦ ᠪᠠᠢᠨ᠎ᠠ᠃
✦ᠬᠦᠷᠢᠶ᠎ᠡ ᠬᠣᠰᠢᠭᠤ ᠨᠢ 《ᠭᠤᠷᠪᠠᠨ
ᠬᠣᠰᠢᠭᠤ ᠨᠢᠭᠡ ᠰᠢᠶᠠᠨ ᠨᠢᠭᠡ ᠬᠣᠲᠠ》 ᠶ᠋ᠢᠨ ᠠᠭᠤᠯᠵᠠᠭᠤᠷ ᠲᠦ᠍ ᠪᠠᠢᠷᠢᠯᠠᠵᠦ᠂ ᠣᠳᠣᠬᠠᠨ᠎ᠳᠤ ᠡᠯ᠎ᠡ ᠮᠠᠯ᠎ᠤᠨ
ᠠᠷᠠᠯᠵᠢᠶᠠᠨ᠎ᠤ ᠵᠠᠬ᠎ᠠ ᠳᠡᠯᠭᠡᠭᠦᠷ᠎ᠢ ᠰᠠᠷ᠎ᠠ ᠪᠦᠷᠢ 9 ᠤᠳᠠᠭ᠎ᠠ ᠨᠡᠭᠡᠭᠡᠵᠦ᠂ ᠵᠢᠯ ᠳ᠋ᠤ 50
ᠲᠦᠮᠡᠨ ᠮᠠᠯ ᠠᠷᠠᠯᠵᠢᠯᠠᠵᠤ᠂ ᠠᠷᠠᠯᠵᠢᠶᠠᠨ᠎ᠤ
ᠬᠡᠮᠵᠢᠶ᠎ᠠ 80 ᠳ᠋ᠦᠩᠰᠢᠭᠤᠷ ᠲᠥᠭᠥᠷᠢᠭ᠎ᠲᠦ ᠬᠦᠷᠴᠦ᠂ ᠡᠭᠦᠨ᠎ᠳᠦ 70%᠎ᠡᠴᠡ ᠳᠡᠭᠡᠭᠰᠢᠬᠢ ᠵᠢ ᠯᠢᠶᠣᠤᠨᠢᠩ᠂
ᠬᠠᠷᠠᠮᠥ᠋ᠷᠡᠨ᠂ ᠾᠧᠪᠧᠢ᠂ ᠭᠠᠨᠰᠤ ᠵᠡᠷᠭᠡ ᠠᠷᠪᠠ ᠭᠠᠷᠤᠢ ᠮᠤᠵᠢ ᠬᠣᠲᠠ ᠥᠪᠡᠷᠲᠡᠭᠡᠨ ᠵᠠᠰᠠᠬᠤ ᠣᠷᠣᠨ ᠤᠷᠤᠭᠤ
ᠪᠤᠷᠤᠯᠠᠭᠤᠯᠵᠤ ᠪᠠᠢᠨ᠎ᠠ᠃
ᠰᠤᠶᠤᠯ
✦27 ᠤ᠋ ᠡᠳᠦᠷ᠂ ᠲᠠᠪᠤᠳᠤᠭᠠᠷ ᠬᠤᠭᠤᠴᠠᠭᠠᠨ᠎ᠤ ᠪᠦᠲᠦᠭᠡᠯᠴᠢ 2030 ᠣᠯᠠᠨ ᠤᠯᠤᠰ᠎ᠤᠨ ᠶᠠᠷᠢᠶᠠᠨ᠎ᠤ ᠲᠠᠪᠴᠠᠩ
ᠪᠡᠭᠡᠵᠢᠩ᠎ᠳᠤ ᠶᠠᠪᠤᠭᠳᠠᠵᠦ᠂ ᠵᠡᠭᠦᠨᠭᠠᠷ ᠬᠣᠰᠢᠭᠤ ᠡᠴᠡ ᠳᠡᠪᠰᠢᠬᠦᠯᠦᠭᠰᠡᠨ《ᠵᠡᠭᠦᠨᠭᠠᠷ ᠬᠣᠰᠢᠭᠤᠨ᠎ᠤ ᠱᠢ ᠡᠯ ᠯᠢᠶᠠᠨ ᠴᠧᠩ᠎ᠦᠨ
ᠪᠠᠭᠤᠷᠢ᠎ᠶᠢᠨ ᠲᠣᠭᠠᠴᠢᠯᠠᠭᠰᠠᠨ ᠬᠠᠮᠠᠭᠠᠯᠠᠯᠲᠠ ᠪᠠ ᠠᠰᠢᠭ᠍ᠯᠠᠯᠲᠠ》 ᠶ᠋ᠢᠨ ᠲᠥᠷᠥᠯ ᠵᠦᠢᠯ ᠨᠢ 《ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠬᠦᠴᠦᠨ
ᠴᠢᠳᠠᠪᠤᠷᠢ ᠣᠯᠭᠣᠬᠤ ᠰᠣᠶᠣᠯ᠎ᠤᠨ ᠥᠪ᠎ᠦᠨ ᠬᠠᠮᠠᠭᠠᠯᠠᠯᠲᠠ᠎ᠶᠢᠨ ᠲᠥᠷᠥᠯ》 ᠤ᠋ᠨ ᠬᠡᠷᠡᠭ᠎ᠦᠨ ᠵᠢᠱ᠌ᠢᠶ᠎ᠡ᠎ᠪᠡᠷ ᠰᠣᠩᠭᠣᠭᠳᠠᠪᠠ᠃ ᠲᠤᠰ ᠲᠥᠷᠥᠯ ᠵᠦᠢᠯ᠎ᠢ 2025 ᠣᠨ᠎ᠡᠴᠡ
ᠡᠬᠢᠯᠡᠨ ᠬᠡᠷᠡᠭᠵᠢᠭᠦᠯᠵᠦ᠂ ᠶᠡᠷᠦᠩᠬᠡᠢ ᠲᠠᠯᠠᠪᠠᠢ ᠨᠢ ᠪᠠᠷᠤᠭ 100 ᠲᠦᠮᠡᠨ ᠲᠡᠭᠰᠢ ᠳᠥᠷᠪᠡᠯᠵᠢᠨ ᠮᠧᠲᠷ᠎ᠦᠨ ᠲᠣᠮᠣ᠌
ᠬᠡᠯᠪᠡᠷᠢ᠎ᠶᠢᠨ ᠪᠠᠭᠤᠷᠢ᠎ᠶᠢᠨ ᠰᠦᠷᠦᠭᠵᠢᠯ᠎ᠳᠦ ᠰᠢᠰᠲᠧᠮᠲᠦ ᠴᠢᠨᠠᠷᠲᠠᠢ᠂ ᠳᠡᠭᠡᠳᠦ ᠨᠠᠷᠢᠯᠢᠭ᠋
ᠲᠣᠭᠠᠴᠢᠯᠠᠭᠰᠠᠨ ᠳᠠᠩᠰᠠ ᠡᠪᠬᠡᠮᠡᠯ ᠪᠠᠢᠭᠤᠯᠵᠤ᠂ ᠠᠵᠢᠯ ᠲᠥᠷᠥᠯ᠎ᠦᠨ ᠬᠡᠪ ᠳᠠᠭᠤᠷᠢᠶᠠᠯ ᠪᠣᠯᠪᠠ᠃
✦28᠎ᠤ ᠡᠳᠦᠷ᠂ ᠣᠩᠨᠢᠭᠤᠳ ᠬᠣᠰᠢᠭᠤᠨ᠎ᠤ ᠬᠡᠷᠰᠠᠩ ᠰᠤᠮᠤ᠎ᠶᠢᠨ
ᠳᠠᠨᠵᠢ ᠭᠠᠴᠠᠭ᠎ᠠ ᠶ᠋ᠢᠨ ᠬᠢᠨ ᠣᠩᠨᠢᠭᠤᠳ ᠨᠤᠲᠤᠭ᠎ᠤᠨ ᠬᠠᠳᠬᠤᠮᠠᠯ — ᠪᠣᠳᠠᠰ ᠤ᠋ᠨ ᠪᠤᠰᠤ ᠰᠣᠶᠣᠯ ᠤ᠋ᠨ ᠥᠪ᠎ᠦᠨ ᠤᠷᠠᠨ ᠲᠠᠷᠬᠠᠨ᠎ᠤ
ᠤᠷᠠᠯᠢᠭ᠋᠎ᠤᠨ ᠦᠵᠡᠰᠬᠦᠯᠡᠩ ᠡᠷᠬᠢᠯᠡᠵᠦ᠂ ᠭᠠᠴᠠᠭᠠᠨ᠎ᠤ ᠤᠷᠠᠴᠤᠳ᠎ᠤᠨ ᠣᠶᠣᠳᠠᠯ᠎ᠤᠨ ᠪᠦᠲᠦᠭᠡᠯ᠎ᠢ ᠳᠡᠯᠭᠡᠨ ᠦᠵᠡᠭᠦᠯᠪᠡ᠃
ᠠᠵᠢᠯᠯᠠᠭ᠎ᠠ᠎ᠳᠤ ᠪᠦᠬᠦ ᠭᠠᠴᠠᠭ᠎ᠠ᠎ᠶᠢᠨ 30 ᠭᠠᠷᠤᠢ ᠤᠷᠠᠴᠤᠳ ᠬᠠᠳᠬᠤᠮᠠᠯ᠂ ᠲᠡᠷᠯᠢᠭ᠂ ᠤᠤᠵᠢ᠂ ᠭᠤᠳᠤᠯ᠂ ᠰᠢᠭᠤᠳᠠᠢ᠂
ᠲᠣᠯᠢ᠂ ᠪᠣᠭᠴᠣ᠌᠂ ᠭᠡᠷ᠎ᠦᠨ ᠴᠢᠮᠡᠭᠯᠡᠯ ᠵᠡᠷᠭᠡ 100 ᠭᠠᠷᠤᠢ ᠪᠦᠲᠦᠭᠡᠯ᠎ᠲᠠᠢ ᠣᠷᠣᠯᠴᠠᠵᠠᠢ᠃
ᠲᠠᠮᠢᠷ
✦2026 ᠣᠨ᠎ᠤ ᠥᠪᠥᠷ ᠮᠣᠩᠭᠣᠯ᠎ᠤᠨ ᠥᠪᠡᠷᠲᠡᠭᠡᠨ
ᠵᠠᠰᠠᠬᠤ ᠣᠷᠣᠨ᠎ᠤ ᠬᠥᠯ ᠪᠥᠮᠪᠥᠭᠡ᠎ᠶᠢᠨ ᠬᠡᠳᠦ ᠳᠡᠰ᠎ᠤᠨ ᠬᠣᠯᠪᠣᠭᠠᠲᠤ ᠤᠷᠤᠯᠳᠤᠭᠠᠨ 5 ᠰᠠᠷ᠎ᠠ᠎ᠶᠢᠨ 16᠎ᠤ
ᠡᠳᠦᠷ᠎ᠡᠴᠡ ᠡᠬᠢᠯᠡᠨ 9 ᠰᠠᠷ᠎ᠠ ᠪᠣᠯᠲᠠᠯ᠎ᠠ ᠦᠷᠭᠦᠯᠵᠢᠯᠡᠵᠦ᠂ ᠪᠠᠢᠩᠭᠤ ᠶ᠋ᠢᠨ ᠤᠷᠤᠯᠳᠤᠭᠠᠨ ᠪᠠ
ᠨᠤᠭᠤᠯᠤᠭ᠎ᠠ ᠤᠷᠤᠯᠳᠤᠭᠠᠨᠭᠡᠬᠦ ᠬᠣᠶᠠᠷ ᠱᠠᠲᠤ ᠬᠤᠪᠢᠶᠠᠵᠤ ᠶᠠᠪᠤᠭᠳᠠᠨ᠎ᠠ᠃
ᠳᠡᠯᠡᠬᠡᠢ
✦ᠰᠢᠨᠬᠤᠸᠠ ᠬᠣᠷᠢᠶ᠎ᠠ ᠵᠢᠨ ᠮᠡᠳᠡᠭᠡᠵᠢ
ᠦᠨᠳᠦᠰᠦᠯᠡᠪᠡᠯ᠂ ᠠᠮᠧᠷᠢᠺᠠ᠎ᠶᠢᠨ ᠵᠠᠭᠤᠴᠢᠯᠠᠭᠤᠷ᠎ᠤᠨ ᠬᠢᠨ ᠨᠡᠷ᠎ᠡ ᠪᠤᠷᠤᠭᠤᠯᠠᠭᠰᠠᠨ ᠨᠢᠭᠡᠨ ᠠᠯᠪᠠᠨ ᠲᠤᠰᠢᠶᠠᠯᠲᠠᠨ᠎ᠤ
ᠦᠭᠡ᠎ᠶᠢ ᠡᠰᠢᠯᠡᠵᠦ ᠮᠡᠳᠡᠭᠡᠯᠡᠭᠰᠡᠨ᠎ᠢᠶᠡᠷ᠂ ᠲᠠᠪᠤᠯᠵᠢᠨ ᠠᠰᠠᠷ᠎ᠤᠨ ᠬᠢᠨ ᠢᠷᠡᠨ ᠳ᠋ᠤ 《ᠬᠡᠳᠦᠨ ᠭᠠᠷᠠᠭ ᠦᠷᠬᠦᠯᠵᠢᠯᠡᠬᠦ ᠭᠠᠵᠠᠷ ᠳᠡᠭᠡᠷᠡᠬᠢ ᠠᠵᠢᠯᠯᠠᠭ᠎ᠠ》 ᠥᠷᠨᠢᠭᠦᠯᠬᠦ ᠳ᠋ᠦ ᠪᠡᠯᠡᠳᠬᠡᠯ ᠬᠢᠵᠦ ᠪᠠᠢᠨ᠎ᠠ ᠭᠡᠵᠡᠢ᠃
✦ᠰᠢᠨᠬᠤᠸᠠ ᠬᠣᠷᠢᠶ᠎ᠠ ᠵᠢᠨ ᠮᠡᠳᠡᠭᠡᠵᠢ
ᠦᠨᠳᠦᠰᠦᠯᠡᠪᠡᠯ᠂ 28᠎ᠤ ᠡᠳᠦᠷ ᠡᠴᠡ ᠡᠬᠢᠯᠡᠨ ᠢᠨᠳᠤᠨᠧᠰᠢᠶ᠎ᠠ ᠶ᠋ᠢᠨ ᠵᠠᠰᠠᠭ᠎ᠤᠨ ᠣᠷᠳᠣᠨ 16 ᠨᠠᠰᠤᠨ ᠠ᠋ᠴᠠ
ᠳᠣᠷᠣᠭ᠍ᠰᠢᠬᠢ ᠬᠥᠮᠥᠰ᠎ᠤᠨ ᠨᠡᠢᠭᠡᠮ᠎ᠦᠨ ᠬᠠᠷᠢᠯᠴᠠᠭᠠᠨ᠎ᠤ ᠵᠠᠭᠤᠴᠢᠯᠠᠭᠤᠷ ᠬᠡᠷᠡᠭᠯᠡᠬᠦ ᠵᠢ ᠴᠠᠭᠠᠵᠠᠯᠠᠬᠤ ᠵᠠᠷᠯᠢᠭ᠋
ᠢ᠋ ᠬᠡᠷᠡᠭᠵᠢᠭᠦᠯᠵᠦ ᠡᠬᠢᠯᠡᠵᠡᠢ᠃
ᠦᠢᠯᠡᠴᠢᠯᠡᠭᠡ
✦ᠤᠯᠠᠭᠠᠨᠴᠠᠪ ᠬᠣᠲᠠ᠎ᠶᠢᠨ ᠠᠵᠢᠯ ᠦᠢᠯᠡᠰ᠎ᠦᠨ ᠨᠢᠭᠡᠴᠢ
257 ᠴᠢᠳᠠᠪᠤᠷᠢᠲᠠᠨ ᠡᠯᠰᠡᠨ᠎ᠠ᠃
ᠲᠠᠨ᠎ᠤ ᠲᠤᠰᠠ᠎ᠳᠤ
✦ᠬᠡᠪᠡᠯᠢ ᠪᠡᠨ ᠨᠤᠬᠤᠯᠠᠬᠤ ᠪᠣᠯ ᠨᠢᠭᠡ ᠵᠦᠢᠯ ᠦ᠋ᠨ ᠤᠯᠠᠮᠵᠢᠯᠠᠯᠲᠤ ᠪᠡᠶ᠎ᠡ ᠰᠤᠪᠢᠯᠠᠬᠤ
ᠠᠷᠭ᠎ᠠ ᠮᠥᠨ᠂ ᠲᠡᠷᠡ ᠨᠢ ᠬᠣᠳᠣᠭᠣᠳᠤ ᠭᠡᠳᠡᠰᠦᠨ᠎ᠦ
ᠭᠦᠷᠪᠡᠯᠵᠡᠬᠦ ᠶᠢ ᠠᠬᠢᠭᠤᠯᠵᠤ᠂ ᠰᠢᠩᠭᠡᠭᠡᠯᠲᠡ᠎ᠳᠦ ᠬᠠᠪᠰᠤᠷᠤᠮᠵᠢ ᠪᠣᠯᠳᠠᠭ᠃ ᠡᠳᠦᠷ ᠪᠦᠷᠢ ᠬᠡᠪᠡᠯᠢ ᠵᠢᠨ
ᠬᠡᠰᠡᠭ ᠵᠢᠡᠨ ᠨᠤᠬᠤᠯᠠᠬᠤ᠎ᠶᠢ ᠪᠠᠷᠢᠮᠲᠠᠯᠠᠪᠠᠯ ᠬᠣᠳᠣᠭᠣᠳᠤᠨ ᠤ ᠬᠡᠰᠡᠭ᠎ᠢ ᠭᠦᠢᠴᠡᠳ ᠲᠠᠢᠪᠤᠰᠢᠷᠠᠭᠤᠯᠵᠤ᠂
ᠰᠢᠩᠭᠡᠭᠡᠯᠲᠡ ᠶᠢᠨ ᠴᠢᠳᠠᠪᠤᠷᠢ᠎ᠶᠢ ᠰᠠᠢᠵᠢᠷᠠᠭᠤᠯᠵᠤ ᠴᠢᠳᠠᠨ᠎ᠠ᠃
ᠵᠠᠯᠭᠠᠭᠠᠳ 《ᠰᠦᠮᠡᠲᠦ ᠪᠤᠳᠠᠷ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ ᠳ᠋ᠤ ᠪᠠᠶᠠᠷᠯᠠᠯ᠎ᠠ᠂
ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)