


ᠨᠡᠢᠭᠡᠮ
✦ᠳᠤᠮᠳᠠᠳᠤ ᠤᠯᠤᠰ᠎ᠤᠨ ᠠᠷᠠᠳ᠎ᠤᠨ ᠠᠭᠠᠷ᠎ᠤᠨ ᠠᠶᠠᠯᠠᠯ᠎ᠤᠨ ᠲᠣᠪᠴᠢᠶ᠎ᠠ᠎ᠶᠢᠨ ᠮᠡᠳᠡᠭᠡ᠎ᠶᠢ ᠦᠨᠳᠦᠰᠦᠯᠡᠪᠡᠯ᠂ 3 ᠰᠠᠷ᠎ᠠ᠎ᠶᠢᠨ 29᠎ᠦ ᠡᠳᠦᠷ᠎ᠡᠴᠡ 10 ᠰᠠᠷ᠎ᠠ᠎ᠶᠢᠨ 24᠎ᠦ ᠡᠳᠦᠷ ᠪᠣᠯᠲᠠᠯ᠎ᠠ᠂ ᠳᠤᠮᠳᠠᠳᠤ ᠤᠯᠤᠰ᠎ᠤᠨ ᠠᠷᠠᠳ᠎ᠤᠨ ᠠᠭᠠᠷ᠎ᠤᠨ ᠠᠶᠠᠯᠠᠯ᠎ᠤᠨ ᠺᠣᠮᠫᠠᠨᠢ ᠵᠣᠨ ᠨᠠᠮᠤᠷ᠎ᠤᠨ ᠤᠯᠠᠷᠢᠯ᠎ᠤᠨ ᠡᠭᠡᠯᠵᠢ᠎ᠶᠢᠨ ᠨᠢᠰᠬᠡᠯ᠎ᠦᠨ ᠲᠥᠯᠥᠪᠯᠡᠭᠡ᠎ᠶᠢ ᠬᠡᠷᠡᠭᠵᠢᠭᠦᠯᠵᠦ᠂ ᠤᠯᠤᠰ᠎ᠤᠨ ᠳᠣᠲᠣᠭᠠᠳᠤ ᠭᠠᠳᠠᠭᠠᠳᠤ᠎ᠶᠢᠨ 222 ᠠᠭᠠᠷ᠎ᠤᠨ ᠠᠶᠠᠯᠠᠯ᠎ᠤᠨ ᠺᠣᠮᠫᠠᠨᠢ ᠭᠠᠷᠠᠭ ᠪᠦᠷᠢ 12.1 ᠲᠦᠮᠡᠨ ᠡᠭᠡᠯᠵᠢ᠎ᠶᠢᠨ ᠨᠢᠰᠬᠡᠯ ᠲᠣᠬᠢᠷᠠᠭᠤᠯᠵᠤ᠂ ᠨᠢᠳᠤᠨᠤᠨ᠎ᠤ ᠠᠳᠠᠯᠢ ᠬᠤᠭᠤᠴᠠᠭᠠᠨ᠎ᠤ ᠬᠢ᠎ᠲᠠᠢ ᠦᠨᠳᠦᠰᠦᠨ᠎ᠳᠡᠭᠡᠨ ᠠᠳᠠᠯᠢ ᠪᠣᠯᠭᠠᠬᠤ᠎ᠪᠠᠷ ᠲᠥᠯᠥᠪᠯᠡᠵᠦ ᠪᠠᠢᠨ᠎ᠠ᠃
✦《ᠤᠯᠤᠰ᠎ᠤᠨ ᠰᠢᠨ᠎ᠡ᠎ᠶᠢ ᠡᠭᠦᠳᠬᠦ ᠭᠦᠢᠴᠡᠳᠬᠡᠯ ᠲᠣᠭᠠᠨ᠎ᠤ ᠮᠡᠳᠡᠭᠦᠯᠦᠯᠲᠡ 2025》ᠵᠢ ᠦᠨᠳᠦᠰᠦᠯᠡᠪᠡᠯ᠂ ᠮᠠᠨ᠎ᠤ ᠤᠯᠤᠰ᠎ᠤᠨ ᠤᠯᠤᠰ᠎ᠤᠨ ᠰᠢᠨ᠎ᠡ᠎ᠶᠢ ᠡᠭᠦᠳᠬᠦ ᠭᠦᠢᠴᠡᠳᠬᠡᠯ ᠲᠣᠭᠠᠨ᠎ᠤ ᠶᠡᠷᠦᠩᠬᠡᠢᠯᠡᠭᠰᠡᠨ ᠨᠡᠷᠡᠰ᠎ᠦᠨ ᠵᠢᠭ᠍ᠰᠠᠭᠠᠯᠲᠠ ᠳᠡᠯᠡᠬᠡᠢ᠎ᠶᠢᠨ ᠶᠢᠰᠦᠳᠦᠭᠡᠷ᠎ᠲᠦ ᠣᠷᠣᠵᠤ᠂ ᠰᠢᠨ᠎ᠡ᠎ᠶᠢ ᠡᠭᠦᠳᠬᠦ ᠬᠡᠯᠪᠡᠷᠢ᠎ᠶᠢᠨ ᠤᠯᠤᠰ᠎ᠤᠨ ᠡᠮᠦᠨ᠎ᠡ ᠡᠩᠨᠡᠭᠡ ᠪᠠ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠬᠦᠴᠦᠷᠬᠡᠭ ᠤᠯᠤᠰ ᠪᠣᠯᠬᠤ ᠬᠠᠷᠠᠯᠲᠠ ᠳᠠᠰᠢ ᠯᠠᠪᠳᠠᠭᠤᠨ᠎ᠢᠶᠠᠷ ᠤᠷᠤᠭᠰᠢᠯᠠᠵᠤ ᠪᠠᠢᠨ᠎ᠠ᠃
✦2026 ᠠᠨᠠᠭᠠᠬᠤ ᠤᠬᠠᠭᠠᠨ᠎ᠤ ᠲᠣᠨᠣᠭᠯᠠᠯ᠎ᠤᠨ ᠶᠡᠬᠡ ᠬᠤᠷᠠᠯ ᠵᠢᠴᠢ ᠠᠨᠠᠭᠠᠬᠤ ᠤᠬᠠᠭᠠᠨ᠎ᠤ ᠲᠣᠨᠣᠭᠯᠠᠯ᠎ᠤᠨ ᠦᠵᠡᠰᠬᠦᠯᠡᠩ 3 ᠰᠠᠷ᠎ᠠ᠎ᠶᠢᠨ 26 ᠤ ᠡᠳᠦᠷ᠎ᠡᠴᠡ 29᠎ᠦ ᠡᠳᠦᠷ ᠪᠣᠯᠲᠠᠯ᠎ᠠ ᠴᠦᠩᠴᠢᠩ᠎ᠦᠨ ᠣᠯᠠᠨ ᠤᠯᠤᠰ᠎ᠤᠨ ᠦᠵᠡᠰᠬᠦᠯᠡᠩ᠎ᠦᠨ ᠲᠥᠪ᠎ᠲᠦ ᠶᠠᠪᠤᠭᠳᠠᠵᠤ᠂ 800 ᠭᠠᠷᠤᠢ ᠠᠵᠤ ᠠᠬᠤᠢᠯᠠᠯ ᠦᠵᠡᠰᠬᠦᠯᠡᠩᠳᠦ ᠣᠷᠣᠯᠴᠠᠵᠠᠢ᠃
✦2025 ᠣᠨ᠎ᠳᠤ᠂ ᠳᠤᠮᠳᠠᠳᠤ ᠤᠯᠤᠰ᠎ᠤᠨ ᠬᠢᠯᠢ᠎ᠪᠡᠷ ᠣᠷᠣᠵᠤ ᠢᠷᠡᠭᠰᠡᠨ ᠵᠢᠭᠤᠯᠴᠢᠯᠠᠭᠰᠠᠳ 1.5 ᠳ᠋ᠦᠩᠰᠢᠭᠤᠷ ᠬᠥᠮᠥᠨ ᠤᠳᠠᠭ᠎ᠠ᠎ᠶᠢ ᠳᠠᠪᠠᠵᠤ᠂ ᠠᠳᠠᠯᠢ ᠬᠤᠭᠤᠴᠠᠭᠠᠨ᠎ᠤ ᠬᠢ᠎ᠡᠴᠡ 17%᠎ᠪᠠᠷ ᠨᠡᠮᠡᠭᠳᠡᠪᠡ᠃
✦2026 ᠣᠨ᠎ᠤ ᠬᠠᠩᠰᠢ᠎ᠶᠢᠨ ᠠᠮᠠᠷᠠᠯᠲᠠ᠎ᠶᠢᠨ ᠬᠤᠭᠤᠴᠠᠭᠠᠨ᠎ᠤ ᠪᠠᠭ᠎ᠠ ᠬᠡᠯᠪᠡᠷᠢ᠎ᠶᠢᠨ ᠠᠶᠠᠨᠴᠢᠳ᠎ᠤᠨ ᠲᠡᠷᠭᠡ᠎ᠡᠴᠡ ᠰᠦᠢᠳᠬᠡᠯ ᠬᠤᠷᠢᠶᠠᠬᠤ ᠦᠭᠡᠢ ᠲᠤᠭᠲᠠᠭᠠᠯ 4 ᠰᠠᠷ᠎ᠠ᠎ᠵᠢᠨ 4᠎ᠦ ᠡᠳᠦᠷ᠎ᠦᠨ 0 ᠴᠠᠭ᠎ᠠᠴᠠ ᠡᠬᠢᠯᠡᠵᠦ᠂ 4 ᠰᠠᠷ᠎ᠠ᠎ᠶᠢᠨ 6᠎ᠤ ᠡᠳᠦᠷ᠎ᠦᠨ 24 ᠴᠠᠭ ᠪᠣᠯᠲᠠᠯ᠎ᠠ 3 ᠡᠳᠦᠷ ᠶᠠᠪᠤᠭᠳᠠᠨ᠎ᠠ᠃
✦2025 ᠣᠨ᠎ᠳᠤ ᠰᠢᠯᠢ᠎ᠶᠢᠨ ᠭᠣᠣᠯ ᠠᠢᠮᠠᠭ 3478 ᠲᠦᠮᠡᠨ ᠲᠥᠭᠥᠷᠢᠭ᠎ᠦᠨ ᠲᠠᠷᠢᠶᠠᠯᠠᠩ᠎ᠤᠨ ᠮᠠᠰᠢᠨ᠎ᠤ ᠨᠥᠬᠥᠪᠦᠷᠢ᠎ᠶᠢ ᠨᠠᠢᠳᠠᠪᠤᠷᠢᠵᠢᠭᠤᠯᠵᠤ᠂ 3060 ᠮᠠᠯᠴᠢᠨ ᠲᠠᠷᠢᠶᠠᠴᠢᠨ᠎ᠳᠤ ᠠᠰᠢᠭ᠋ ᠬᠦᠷᠲᠡᠭᠡᠪᠡ᠃ ᠵᠢᠱ᠌ᠢᠯᠲᠡ᠎ᠪᠡᠷ 2026 ᠣᠨ᠎ᠳᠤ ᠪᠥᠬᠥ ᠠᠢᠮᠠᠭ᠎ᠤᠨ ᠲᠷᠠᠺᠲ᠋ᠣᠷ᠎ᠤᠨ ᠬᠠᠳᠠᠭᠠᠯᠠᠯᠲᠠ᠎ᠶᠢᠨ ᠬᠡᠮᠵᠢᠶ᠎ᠡ 5.9 ᠲᠦᠮᠡ᠂ ᠢᠵᠢ ᠪᠦᠷᠢᠳᠦᠭᠰᠡᠨ ᠮᠠᠰᠢᠨ ᠪᠠᠭᠠᠵᠢ 10.95 ᠲᠦᠮᠡ᠎ᠳᠤ ᠬᠦᠷᠴᠦ᠂ ᠲᠠᠷᠢᠮᠠᠯ᠎ᠤᠨ ᠵᠦᠢᠯ᠎ᠦᠨ ᠳᠠᠷᠢᠵᠤ ᠬᠤᠷᠢᠶᠠᠬᠤ ᠶᠡᠷᠦᠩᠬᠡᠢᠯᠡᠭᠰᠡᠨ ᠮᠠᠰᠢᠨᠴᠢᠯᠠᠯᠲᠠ᠎ᠶᠢᠨ ᠨᠣᠷᠮ᠎ᠠ 95%᠎ᠳᠤ ᠬᠦᠷᠴᠦ᠂ ᠲᠠᠷᠢᠶᠠᠯᠠᠩ ᠮᠠᠯ ᠠᠵᠤ ᠠᠬᠤᠢ᠎ᠶᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠳᠠᠪᠰᠢᠯᠲᠠ᠎ᠶᠢᠨ ᠬᠤᠪᠢ ᠨᠡᠮᠡᠷᠢ᠎ᠶᠢᠨ ᠨᠣᠷᠮ᠎ᠠ 63% ᠪᠣᠯᠵᠤ ᠳᠡᠭᠡᠭᠰᠢᠯᠡᠨ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠬᠢᠭᠡᠳ ᠲᠣᠨᠣᠭ ᠲᠥᠬᠦᠭᠡᠷᠦᠮᠵᠢ᠎ᠵᠢᠨ ᠬᠣᠣᠰ ᠬᠦᠷᠳᠦ᠎ᠪᠡᠷ ᠣᠳᠣᠬᠢᠴᠢᠯᠠᠭᠰᠠᠨ ᠲᠠᠷᠢᠶᠠᠯᠠᠩ ᠮᠠᠯ ᠠᠵᠤ ᠠᠬᠤᠢ᠎ᠶᠢ ᠲᠦᠷᠭᠡᠳᠬᠡᠨ ᠬᠥᠭᠵᠢᠭᠦᠯᠬᠦ᠎ᠪᠡᠷ ᠪᠤᠢ᠃
✦2026 ᠤᠨ᠎ᠳᠦ ᠲᠦᠩᠯᠢᠶᠤᠤ ᠬᠣᠲᠠ᠎ᠶᠢᠨ ᠡᠯ᠎ᠡ ᠭᠠᠵᠠᠷ᠎ᠤᠨ ᠬᠢᠨ 220 ᠲᠦᠮᠡᠨ ᠮᠦ᠍ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠲᠥᠷᠥᠯ ᠵᠦᠢᠯ᠎ᠦᠨ ᠪᠦᠲᠦᠭᠡᠨ ᠪᠠᠢᠭᠤᠯᠤᠯᠲᠠ᠎ᠶᠢ ᠪᠥᠬᠥ ᠬᠦᠴᠦᠨ᠎ᠢᠶᠡᠷ᠎ᠢᠶᠡᠨ ᠠᠬᠢᠭᠤᠯᠵᠤ᠂ ᠬᠠᠪᠤᠷ᠎ᠤᠨ ᠲᠠᠷᠢᠶᠠᠯᠠᠭ᠎ᠠ᠎ᠠᠴᠠ ᠡᠮᠦᠨ᠎ᠡ ᠭᠣᠣᠯ ᠴᠣᠭᠴᠠ᠎ᠶᠢᠨ ᠢᠨᠵᠧᠨᠧᠷᠢᠩ᠎ᠢ ᠳᠠᠭᠤᠰᠬᠠᠬᠤ᠎ᠶᠢᠨ ᠬᠠᠮᠲᠤ ᠴᠠᠭ ᠲᠤᠬᠠᠢ ᠳ᠋ᠤᠨᠢ ᠠᠰᠢᠭ᠍ᠯᠠᠯᠲᠠ᠎ᠳᠤ ᠣᠷᠣᠭᠤᠯᠬᠤ᠎ᠶᠢ ᠪᠠᠲᠤᠯᠠᠬᠤ᠎ᠪᠠᠷ ᠴᠢᠷᠮᠠᠢᠵᠤ ᠪᠣᠶ᠃
ᠠᠵᠤ ᠠᠬᠤᠢ
✦ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠲᠢᠩᠬᠢᠮ ᠤᠢᠷ᠎ᠠ᠎ᠳᠦ ᠮᠡᠳᠡᠭᠡ ᠨᠡᠢᠲᠡᠯᠡᠵᠦ᠂ ᠡᠨᠡ ᠵᠢᠯ᠎ᠦᠨ 3 ᠰᠠᠷ᠎ᠠ᠎ᠶᠢᠨ 23᠎ᠤ ᠡᠳᠦᠷ ᠪᠣᠯᠲᠠᠯ᠎ᠠ᠂ ᠪᠥᠬᠥ ᠣᠷᠣᠨ᠎ᠳᠤ ᠨᠡᠶ᠋ᠢᠲᠡ 605 ᠵᠦᠢᠯ᠎ᠦᠨ ᠮᠡᠷᠭᠡᠵᠢᠯ᠎ᠦᠨ ᠭᠡᠷ᠎ᠡ᠎ᠶᠢ ᠮᠠᠭᠠᠳᠯᠠᠨ ᠲᠣᠭᠲᠠᠭᠠᠵᠤ ᠳᠡᠩᠰᠡᠯᠡᠨ᠂ ᠠᠳᠠᠯᠢ ᠬᠤᠭᠤᠴᠠᠭᠠᠨ᠎ᠤ ᠬᠢ᠎ᠡᠴᠡ 45.13% ᠪᠠᠷ ᠨᠡᠮᠡᠭᠳᠡᠪᠡ᠃ ᠮᠡᠷᠭᠡᠵᠢᠯ᠎ᠦᠨ ᠭᠡᠷ᠎ᠡ᠎ᠶᠢᠨ ᠠᠷᠠᠯᠵᠢᠶ᠎ᠠ ᠪᠦᠲᠦᠭᠰᠡᠨ ᠲᠣᠭ᠎ᠠ 17.46 ᠳ᠋ᠦᠩᠰᠢᠭᠤᠷ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 5.43 ᠳ᠋ᠦᠩᠰᠢᠭᠤᠷ ᠲᠥᠭᠥᠷᠢᠭ ᠨᠡᠮᠡᠭᠳᠡᠪᠡ᠃
ᠰᠤᠶᠤᠯ
✦3 ᠰᠠᠷ᠎ᠠ᠎ᠶᠢᠨ 29᠎ᠦ ᠡᠳᠦᠷ᠂ ᠰᠠᠷᠪᠠ ᠳᠡᠯᠯᠡᠬᠦ᠂ ᠠᠳᠤᠭᠤ ᠲᠠᠮᠠᠭᠠᠯᠠᠬᠤ ᠠᠳᠤᠭᠤᠨ ᠰᠣᠶᠣᠯ᠎ᠤᠨ ᠵᠠᠩ ᠦᠢᠯᠡ ᠵᠢᠴᠢ ᠦᠦᠰᠢᠨ ᠤᠰᠤᠨ ᠵᠢᠷᠤᠭ᠎ᠠ ᠮᠣᠷᠢᠨ᠎ᠤ ᠤᠷᠤᠯᠳᠤᠭᠠᠨ ᠤᠷᠳᠤᠰ ᠬᠤᠲᠠ᠎ᠵᠢᠨ ᠦᠦᠰᠢᠨ ᠤᠰᠤᠨ ᠵᠢᠷᠤᠭ᠎ᠠ ᠮᠣᠷᠢᠨ᠎ᠤ ᠰᠣᠶᠣᠯ ᠵᠢᠭᠤᠯᠴᠢᠯᠠᠯ᠎ᠤᠨ ᠣᠷᠣᠨ᠎ᠳᠤ ᠶᠠᠪᠤᠭᠳᠠᠪᠠ᠃
✦ᠣᠢᠷ᠎ᠠ᠎ᠳᠦ ᠠᠯᠠᠰᠠ ᠬᠣᠱᠣᠳ ᠬᠤᠷᠢᠮ᠎ᠤᠨ ᠲᠤᠰᠬᠠᠢ ᠰᠡᠳᠦᠪᠲᠦ ᠭᠡᠷᠡᠯ ᠵᠢᠷᠤᠭ᠎ᠤᠨ ᠦᠵᠡᠰᠬᠦᠯᠡᠩ ᠪᠠᠶᠠᠨᠬᠣᠲᠠ᠎ᠶᠢᠨ ᠬᠤᠯᠠᠨ᠎ᠤ ᠲᠠᠯ᠎ᠠ᠎ᠳᠠᠬᠢ ᠮᠣᠩᠭᠣᠯ ᠭᠡᠷ᠎ᠲᠦ ᠶᠠᠪᠤᠭᠳᠠᠵᠤ᠂ ᠦᠵᠡᠰᠬᠦᠯᠡᠩ᠎ᠤᠨ ᠠᠬᠤᠢ ᠲᠠᠯᠠᠪᠠᠢ᠎ᠳᠤ ᠠᠷᠢᠬᠢ ᠬᠠᠳᠠᠭ ᠲᠠᠯᠪᠢᠬᠤ᠂ ᠬᠤᠷᠢᠮ᠎ᠤᠨ ᠶᠣᠰᠣᠯᠠᠯ ᠬᠢᠬᠦ ᠵᠡᠷᠭᠡ ᠠᠯᠠᠱᠠ ᠨᠤᠲᠤᠭ᠎ᠤᠨ ᠤᠯᠠᠮᠵᠢᠯᠠᠯᠲᠤ ᠬᠤᠷᠢᠮ᠎ᠤᠨ ᠶᠣᠰᠣ᠌ ᠵᠠᠩᠰᠢᠯ᠎ᠢ ᠭᠡᠷᠡᠯ ᠵᠢᠷᠤᠭ᠎ᠤᠨ ᠬᠡᠯᠪᠡᠷᠢ᠎ᠪᠠᠷ ᠪᠦᠷᠢᠨ ᠢᠯᠡᠳᠬᠡᠭᠰᠡᠨ ᠪᠠᠢᠨ᠎ᠠ ᠃
ᠲᠠᠮᠢᠷ
✦ᠲᠤᠬᠠᠢ᠎ᠶᠢᠨ ᠭᠠᠵᠠᠷ᠎ᠤᠨ ᠴᠠᠭ᠎ᠢᠶᠠᠷ 28᠎ᠤ ᠡᠳᠦᠷ᠂ ᠳᠤᠮᠳᠠᠳᠤ ᠤᠯᠤᠰ᠎ᠤᠨ 《ᠵᠠᠩ ᠰᠢᠤᠸᠠᠢ ᠮᠤᠲ᠋ᠤᠷ ᠲᠡᠷᠭᠡ》 ᠮᠤᠲ᠋ᠤᠷ᠎ᠤᠨ ᠠᠩᠭᠢ᠎ᠵᠢᠨ ᠬᠢᠨ ᠳᠡᠯᠡᠬᠡᠢ᠎ᠶᠢᠨ ᠳᠡᠰ᠎ᠠᠴᠠ ᠳᠠᠪᠠᠭᠰᠠᠨ ᠮᠣᠲ᠋ᠣᠷ ᠲᠡᠷᠭᠡᠨ᠎ᠦ ᠮᠠᠩᠯᠠᠢ ᠰᠢᠯᠭᠠᠷᠠᠭᠤᠯᠬᠤ ᠤᠷᠤᠯᠳᠤᠭᠠᠨ᠎ᠤ ᠫᠣᠷᠲ᠋ᠦ᠋ᠭᠠᠯ ᠥᠷᠲᠡᠭᠡ᠎ᠶᠢᠨ ᠳᠤᠮᠳᠠ ᠵᠡᠷᠭᠡ᠎ᠵᠢᠨ ᠳᠤᠭᠤᠢᠯᠠᠩ᠎ᠤᠨ ᠤᠷᠤᠯᠳᠤᠭᠠᠨ᠎ᠤ ᠮᠠᠩᠯᠠᠢ᠎ᠪᠡᠷ ᠲᠤᠲᠤᠷᠠᠵᠠᠢ᠃
✦ᠤᠢᠷ᠎ᠠ᠎ᠳᠦ ᠤᠷᠳᠤᠰ ᠬᠤᠲᠠ᠎ᠵᠢᠨ ᠦᠦᠰᠢᠨ ᠬᠣᠰᠢᠭᠤᠨ᠎ᠤ ᠱᠡᠷᠯᠢᠭ᠋ ᠬᠡᠣᠬᠡᠳ᠎ᠤᠨ ᠴᠡᠴᠡᠷᠯᠢᠭ ᠰᠤᠷᠤᠭ᠍ᠴᠢ ᠪᠣᠯᠣᠨ ᠭᠡᠷ᠎ᠤᠨ ᠠᠬᠠᠮᠠᠳ᠎ᠦᠨ ᠣᠷᠤᠯᠴᠠᠯᠭ᠎ᠠ᠎ᠲᠠᠢ ᠮᠠᠷᠠᠽᠤᠨ ᠣᠷᠣᠯᠳᠤᠭ᠎ᠠ᠎ᠨᠢ ᠡᠷᠬᠢᠯᠡᠨ ᠶᠠᠪᠤᠭᠳᠠᠭᠤᠯᠵᠤ᠂ ᠪᠦᠬᠦ ᠴᠡᠴᠡᠷᠯᠢᠭ᠎ᠦᠨ ᠲᠠᠪᠤᠨ ᠠᠩᠭᠢ᠎ᠶᠢᠨ 84 ᠰᠤᠷᠤᠭ᠍ᠴᠢ᠂ ᠭᠡᠷ᠎ᠦᠨ ᠠᠬᠠᠮᠠᠳ ᠪᠤᠯᠤᠨ ᠪᠠᠭ᠍ᠰᠢ ᠤᠷᠤᠯᠴᠠᠵᠠᠢ᠃
ᠳᠡᠯᠡᠬᠡᠢ
✦ᠣᠷᠣᠰ᠎ᠤᠨ ᠶᠡᠷᠦᠩᠬᠡᠢᠯᠡᠭᠴᠢ᠎ᠶᠢᠨ ᠰᠣᠨᠢᠨ ᠮᠡᠳᠡᠭᠡᠨ᠎ᠦ ᠨᠠᠷᠢᠨ ᠪᠢᠴᠢᠭᠡᠴᠢ 29᠎ᠦ ᠡᠳᠦᠷ ᠢᠯᠡᠷᠬᠡᠢᠯᠡᠬᠦ᠎ᠳᠡᠭᠡᠨ᠂ ᠣᠷᠣᠰ ᠳᠤᠷᠠᠲᠠᠶ᠎ᠠ ᠠᠮᠧᠷᠢᠺᠠ ᠯᠤᠭ᠎ᠠ ᠬᠠᠷᠢᠴᠠᠭ᠎ᠠ᠎ᠪᠠᠨ ᠬᠥᠭᠵᠢᠭᠦᠯᠵᠤ᠂ ᠬᠠᠷᠢᠴᠠᠭᠠᠨ᠎ᠤ ᠭᠦᠨᠴᠡ ᠪᠠ ᠠᠬᠢᠯᠲᠠ᠎ᠶᠢᠨ ᠬᠤᠷᠳᠤᠴᠠ ᠨᠢ ᠠᠮᠧᠷᠢᠺᠠ᠎ᠶᠢᠨ ᠲᠠᠯ᠎ᠠ᠎ᠶᠢᠨ ᠬᠦᠰᠡᠯ ᠰᠠᠨᠠᠭ᠎ᠠ᠎ᠪᠠᠷ ᠲᠣᠭᠲᠠᠭᠠᠭᠳᠠᠨ᠎ᠠ ᠭᠡᠵᠡᠢ᠃
✦ᠰᠢᠨᠬᠤᠸᠠ ᠬᠤᠷᠢᠶ᠎ᠠ᠎ᠵᠢᠨ ᠮᠡᠳᠡᠭᠡ᠎ᠶᠢ ᠦᠨᠳᠦᠰᠦᠯᠡᠪᠡᠯ᠂ 3 ᠰᠠᠷ᠎ᠠ᠎ᠵᠢᠨ 28᠎ᠤ ᠡᠳᠦᠷ᠂ ᠠᠮᠧᠷᠢᠺᠠ᠂ ᠠᠨᠭ᠌ᠭ᠌ᠯᠢ᠂ ᠢᠰᠷᠧᠯ ᠵᠡᠷᠭᠡ ᠤᠯᠤᠰ᠎ᠲᠤ ᠰᠦᠷᠲᠦ ᠵᠢᠭ᠍ᠰᠠᠭᠠᠯ ᠶᠠᠪᠤᠭᠳᠠᠵᠤ᠂ ᠦᠯᠡᠮᠵᠢ ᠣᠯᠠᠨ ᠠᠷᠠᠳ ᠣᠯᠠᠨ ᠵᠡᠭᠡᠯᠢ ᠳᠡᠭᠡᠷ᠎ᠡ ᠭᠠᠷᠴᠤ᠂ ᠠᠮᠧᠷᠢᠺᠠ ᠪᠣᠯᠣᠨ ᠢᠰᠷᠧᠯ᠎ᠦᠨ ᠢᠷᠡᠨ᠎ᠳᠤ ᠶᠠᠪᠤᠭᠤᠯᠤᠭᠰᠠᠨ ᠴᠡᠷᠢᠭ᠎ᠦᠨ ᠶᠠᠪᠤᠳᠠᠯ᠎ᠤᠨ ᠴᠣᠬᠢᠯᠲᠠ᠎ᠶᠢ ᠡᠰᠡᠷᠭᠦᠴᠡᠵᠦ᠂ ᠳᠠᠶ᠋ᠢᠨ᠎ᠢ ᠲᠡᠪᠴᠢᠵᠦ᠂ ᠡᠩᠬᠡ ᠲᠠᠢᠪᠤᠩ᠎ᠢ ᠤᠷᠢᠶᠠᠯᠠᠵᠠᠢ᠃
✦ᠰᠢᠨᠬᠤᠸᠠ ᠬᠤᠷᠢᠶ᠎ᠠ᠎ᠵᠢᠨ ᠮᠡᠳᠡᠭᠡ᠎ᠶᠢ ᠦᠨᠳᠦᠰᠦᠯᠡᠪᠡᠯ᠂ ᠸᠧᠨᠧᠽᠦ᠋ᠧᠯᠠ᠎ᠶᠢᠨ ᠤᠮᠠᠷᠠᠲᠤ ᠠᠮᠧᠷᠢᠺᠠ ᠪᠣᠯᠣᠨ ᠡᠸᠦ᠋ᠷᠦᠫᠡ ᠲᠢᠪ᠎ᠦᠨ ᠬᠡᠷᠡᠭ ᠶᠠᠪᠤᠳᠠᠯ᠎ᠢ ᠬᠤᠪᠢᠳᠠᠨ ᠬᠠᠮᠢᠶᠠᠷᠴᠤ ᠪᠠᠢᠭ᠎ᠠ ᠭᠠᠳᠠᠭᠠᠳᠤ ᠶᠠᠪᠤᠳᠠᠯ᠎ᠤᠨ ᠳᠡᠳ᠋ ᠰᠠᠢᠳ 28᠎ᠤ ᠡᠳᠦᠷ ᠨᠡᠢᠭᠡᠮ᠎ᠦᠨ ᠬᠠᠷᠢᠯᠴᠠᠭᠠᠨ᠎ᠤ ᠵᠠᠭᠤᠴᠢᠯᠠᠭᠤᠷ᠎ᠢᠶᠠᠷ ᠳᠠᠮᠵᠢᠭᠤᠯᠤᠨ᠂ ᠸᠧᠨᠧᠽᠦ᠋ᠧᠯᠠ᠎ᠶᠢᠨ ᠵᠠᠰᠠᠭ᠎ᠤᠨ ᠣᠷᠳᠣᠨ ᠨᠢᠭᠡᠨᠲᠡ ᠠᠮᠧᠷᠢᠺᠠ᠎ᠳᠤ ᠰᠠᠭᠤᠭ᠎ᠠ ᠡᠯᠴᠢᠨ ᠰᠠᠢᠳ᠎ᠤᠨ ᠶᠠᠮᠤᠨ᠎ᠢᠶᠠᠨ ᠰᠡᠷᠭᠦᠭᠡᠪᠡ ᠭᠡᠵᠦ ᠨᠡᠢᠲᠡᠯᠡᠵᠡᠢ᠃
ᠦᠢᠯᠡᠴᠢᠯᠡᠭᠡ
✦ᠤᠯᠠᠭᠠᠨᠴᠠᠪ ᠬᠤᠲᠠ᠎ᠵᠢᠨ ᠵᠢᠨᠢᠩ ᠲᠣᠭᠣᠷᠢᠭ᠋ ᠠᠵᠢᠯ ᠦᠢᠯᠡᠰ᠎ᠦᠨ ᠨᠢᠭᠡᠴᠢ᠎ᠶᠢᠨ ᠴᠢᠳᠠᠪᠤᠷᠢᠲᠠᠨ ᠡᠯᠰᠡᠬᠦ᠎ᠪᠡᠷ ᠪᠤᠢ᠃
ᠲᠠᠨ᠎ᠤ ᠲᠤᠰᠠ᠎ᠳᠤ
✦ᠬᠡᠲᠦᠷᠡᠲᠡᠯ᠎ᠡ ᠢᠳᠡᠬᠦ᠂ ᠲᠦᠭᠦᠬᠡᠢᠬᠦᠢᠲᠡᠨ ᠢᠳᠡᠭᠡᠨ ᠬᠡᠳᠦ ᠠᠷᠪᠢᠨ ᠢᠳᠡᠬᠦ ᠨᠢ ᠳᠡᠯᠢᠭᠦᠦ ᠬᠣᠳᠣᠭᠣᠳᠤ᠎ᠶᠢ ᠮᠠᠭᠤᠳᠠᠭᠤᠯᠤᠨ᠂ ᠬᠡᠢ ᠴᠢᠰᠤ᠎ᠵᠢᠨ ᠨᠡᠪᠲᠡᠷᠡᠭᠦ᠎ᠶᠢ ᠨᠥᠯᠥᠭᠡᠯᠡᠨ᠎ᠡ᠃ ᠡᠢᠮᠦ᠎ᠡᠴᠡ ᠡᠩ᠎ᠦᠨ ᠦᠶ᠎ᠡ᠎ᠳᠦ ᠭᠤᠱᠤᠭᠤᠨ᠂ ᠬᠦᠢᠲᠡᠨ ᠢᠳᠡᠭᠡᠨ ᠪᠠᠭ᠎ᠠ ᠢᠳᠡᠪᠡᠯ ᠵᠤᠬᠢᠨ᠎ᠠ᠃ ᠡᠭᠦᠨ᠎ᠦ ᠬᠠᠮᠲᠤ ᠢᠳᠡᠭᠡᠨ ᠤᠮᠳᠠᠭᠠᠨ᠎ᠢᠶᠠᠨ ᠲᠣᠭᠲᠠᠭᠰᠠᠨ ᠴᠠᠭ ᠲᠣᠭᠲᠠᠭᠰᠠᠨ ᠬᠡᠮᠵᠢᠶ᠎ᠡ᠎ᠲᠠᠢ ᠢᠳᠡᠵᠦ᠂ ᠣᠷᠣᠢ᠎ᠶᠢᠨ ᠬᠣᠭᠣᠯᠠ᠎ᠪᠠᠨ ᠬᠡᠲᠦ ᠴᠠᠳᠲᠠᠯ᠎ᠠ ᠢᠳᠡᠬᠦ ᠦᠭᠡᠢ ᠪᠠᠢᠵᠤ᠂ ᠮᠢᠬ᠎ᠠ ᠪᠠ ᠨᠣᠭᠣᠭ᠎ᠠ᠎ᠵᠢᠨ ᠬᠡᠮᠵᠢᠶ᠎ᠡ᠎ᠶᠢ ᠵᠣᠬᠢᠴᠠᠭᠤᠯᠪᠠᠯ ᠵᠤᠬᠢᠨ᠎ᠠ᠃
ᠵᠠᠯᠭᠠᠭᠠᠳ 《ᠬᠦᠴᠦᠲᠡᠢ ᠪᠠᠢ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ᠎ᠳᠤ ᠪᠠᠶᠠᠷᠯᠠᠯ᠎ᠠ᠂ ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)