3 ᠰᠠᠷ᠎ᠠ᠎ᠶ᠋ᠢᠨ 4᠎ᠦ ᠡᠳᠦᠷ
ᠡᠬᠢᠯᠡᠬᠦ᠌ ᠴᠠᠭ᠄
2026-03-04 10:33:10
ᠨᠠᠶ᠋ᠢᠷᠠᠭᠤᠯᠤᠭᠴᠢ ᠄
ᠭᠢᠯᠪᠡᠭᠡᠨ
ᠨᠡᠪᠲᠡᠷᠡᠬᠦᠯᠦᠭᠴᠢ ᠄
ᠭᠢᠯᠪᠡᠭᠡᠨ
ᠮᠡᠷᠭᠡᠵᠢᠯ ᠄
  
ᠤᠩᠰᠢᠭᠰᠠᠨ ᠤᠳᠠᠭ᠎ᠠ᠄


3.jpg


402.jpg


401.jpg


ᠬᠤᠶᠠᠷ ᠬᠤᠷᠠᠯ᠎ᠤᠨ ᠲᠤᠰᠭᠠᠢ ᠮᠡᠳᠡᠭᠡᠯᠡᠯ

✦ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠳᠥᠷᠪᠡᠳᠦᠭᠡᠷ ᠬᠤᠷᠠᠯ 3 ᠰᠠᠷ᠎ᠠ᠎ᠶᠢᠨ 4᠎ᠦ ᠡᠳᠦᠷ᠎ᠤᠨ 12 ᠴᠠᠭ᠎ᠲᠦ ᠠᠷᠠᠳ᠎ᠤᠨ ᠶᠡᠬᠡ ᠬᠤᠷᠠᠯ᠎ᠤᠨ ᠲᠠᠩᠬᠢᠮ᠎ᠤᠨ ᠰᠣᠨᠢᠨ ᠮᠡᠳᠡᠭᠡ ᠨᠡᠢᠲᠡᠯᠡᠬᠦ ᠲᠢᠩᠬᠢᠮ᠎ᠳᠦ ᠰᠣᠨᠢᠨ ᠮᠡᠳᠡᠭᠡ ᠨᠡᠢᠲᠡᠯᠡᠬᠦ ᠬᠤᠷᠠᠯ ᠬᠢᠵᠦ᠂ ᠶᠡᠬᠡ ᠬᠤᠷᠠᠯ᠎ᠤᠨ ᠥᠭᠦᠯᠡᠭᠴᠢ᠎ᠡᠴᠡ ᠶᠡᠬᠡ ᠬᠤᠷᠠᠯ᠎ᠤᠨ ᠵᠥᠪᠯᠡᠬᠦ ᠵᠦᠢᠯ ᠪᠣᠯᠣᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠠᠵᠢᠯ᠎ᠤᠨ ᠬᠣᠯᠪᠣᠭᠳᠠᠯ ᠪᠦᠬᠦᠢ ᠠᠰᠠᠭᠤᠳᠠᠯ᠎ᠤᠨ ᠲᠤᠬᠠᠢ ᠳᠤᠮᠳᠠᠳᠤ ᠭᠠᠳᠠᠭᠠᠳᠤ᠎ᠶᠢᠨ ᠰᠣᠷᠪᠣᠯᠵᠢᠯᠠᠭ᠍ᠴᠢᠳ᠎ᠤᠨ ᠠᠰᠠᠭᠤᠯᠲᠠ᠎ᠶᠢ ᠬᠠᠷᠢᠭᠤᠯᠬᠤ ᠪᠤᠯᠤᠨ᠎ᠠ᠃

✦ᠳᠤᠮᠳᠠᠳᠤ ᠤᠯᠤᠰ᠎ᠤᠨ ᠠᠷᠠᠳ᠎ᠤᠨ ᠤᠯᠤᠰ ᠲᠦᠷᠦ᠍ ᠶ᠋ᠢᠨ ᠵᠥᠪᠯᠡᠯᠭᠡᠨ ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠬᠤᠷᠢᠶ᠎ᠠ ᠵᠢᠨ ᠳᠥᠷᠪᠡᠳᠦᠭᠡᠷ ᠬᠤᠷᠠᠯ 3 ᠰᠠᠷ᠎ᠠ᠎ᠶᠢᠨ 4᠎ᠦ ᠦᠳᠡ᠎ᠶᠢᠨ ᠬᠣᠢᠨᠠᠬᠢ 3 ᠴᠠᠭ᠎ᠲᠤ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠡᠬᠢᠯᠡᠭᠦ ᠪᠣᠯᠣᠨ᠎ᠠ᠃

 

ᠨᠡᠢᠭᠡᠮ

✦3 ᠰᠠᠷ᠎ᠠ᠎ᠶᠢᠨ 2᠎ᠤᠨ ᠡᠳᠦᠷ᠂ ᠪᠦᠬᠦ ᠤᠯᠤᠰ᠎ᠤᠨ ᠡᠮᠡᠭᠲᠡᠢᠴᠦᠳ᠎ᠦᠨ ᠬᠣᠯᠪᠣᠭ᠎ᠠ ᠪᠡᠭᠡᠵᠢᠩ᠎ᠳᠦ 《3·8》᠎ᠤ ᠳᠡᠯᠡᠬᠡᠢ᠎ᠶᠢᠨ ᠡᠮᠡᠭᠲᠡᠢᠴᠦᠳ᠎ᠦᠨ ᠪᠠᠶᠠᠷ᠎ᠢ ᠳᠤᠷᠠᠰᠬᠠᠬᠤ ᠵᠢᠴᠢ ᠬᠥᠬᠢᠭᠦᠯᠦᠨ ᠰᠠᠢᠰᠢᠶᠠᠬᠤ ᠬᠤᠷᠠᠯ ᠬᠢᠪᠡ᠃ ᠬᠤᠷᠠᠯ᠎ᠠᠴᠠ ᠪᠦᠬᠦ ᠤᠯᠤᠰ᠎ᠤᠨ 《3·8》᠎ᠤ ᠤᠯᠠᠭᠠᠨ ᠲᠤᠭ᠍ᠴᠢ᠎ᠵᠢᠨ ᠵᠢᠱ᠌ᠢᠶᠡᠴᠢ 9 ᠬᠦᠮᠦᠨ᠂ ᠪᠦᠬᠦ ᠤᠯᠤᠰ᠎ᠤᠨ 《3·8》᠎ᠤ ᠤᠯᠠᠭᠠᠨ ᠲᠤᠭ᠍ᠴᠢ 598 ᠬᠥᠮᠥᠨ᠂ ᠪᠦᠬᠦ ᠤᠯᠤᠰ᠎ᠤᠨ 《3·8》 ᠎ᠤ ᠤᠯᠠᠭᠠᠨ ᠲᠤᠭ᠍ᠴᠢ 400 ᠬᠠᠮᠲᠤ ᠨᠡᠢᠲᠡ᠂ ᠪᠦᠬᠦ ᠤᠯᠤᠰ᠎ᠤᠨ 600 ᠡᠮᠡᠭᠲᠡᠢᠴᠦᠳ᠎ᠤᠨ ᠪᠣᠯᠪᠠᠰᠤᠨ ᠠᠵᠢᠯ᠎ᠤᠨ ᠪᠠᠢᠷᠢ᠎ᠶᠢ ᠬᠥᠬᠢᠭᠦᠯᠦᠨ ᠰᠠᠢᠰᠢᠶᠠᠪᠠ᠃

✦ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠶᠠᠮᠤᠨ ᠵᠡᠷᠭᠡ ᠲᠦᠷᠪᠡᠨ ᠰᠠᠯᠠᠭ᠎ᠠ ᠮᠥᠴᠢᠷ ᠬᠠᠮᠲᠤᠷᠠᠨ ᠪᠢᠴᠢᠭ ᠮᠠᠲᠧᠷᠢᠶᠠᠯ ᠪᠠᠭᠤᠯᠭᠠᠵᠤ᠂ 6 ᠲᠠᠯ᠎ᠠ᠎ᠵᠢᠨ 20 ᠵᠦᠢᠯ᠎ᠦᠨ ᠠᠷᠭ᠎ᠠ ᠬᠡᠮᠵᠢᠶ᠎ᠡ᠎ᠶᠢ ᠳᠤᠷᠠᠳᠤᠨ ᠭᠠᠷᠭᠠᠵᠤ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠰᠢᠨ᠎ᠡ ᠡᠭᠦᠳᠦᠯᠲᠡ᠎ᠲᠠᠢ ᠵᠣᠬᠢᠴᠠᠯᠳᠤᠭᠰᠠᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠳᠠᠭᠠᠳᠬᠠᠯ᠎ᠤᠨ ᠪᠠᠢᠭᠤᠯᠤᠯ ᠲᠣᠭᠲᠠᠴᠠ᠎ᠶᠢ ᠲᠦᠷᠭᠡᠪᠴᠢᠯᠡᠨ ᠪᠠᠢᠭᠤᠯᠪᠠ᠃

✦ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠶᠡᠷᠦᠩᠬᠡᠢ ᠲᠣᠪᠴᠢᠶ᠎ᠠ ᠣᠢᠷ᠎ᠠ᠎ᠳᠤ 《ᠪᠠᠢᠴᠠᠭᠠᠨ ᠰᠢᠯᠭᠠᠵᠤ ᠪᠠᠢᠴᠠᠭᠠᠨ ᠬᠡᠮᠵᠢᠬᠦ ᠣᠶᠤᠨᠴᠢ ᠬᠢᠨᠠᠯᠲᠠ ᠬᠠᠮᠢᠶᠠᠷᠤᠯᠲᠠ᠎ᠶᠢᠨ ᠴᠢᠳᠠᠪᠤᠷᠢ᠎ᠶᠢ ᠳᠡᠭᠡᠭᠰᠢᠯᠡᠭᠦᠯᠬᠦ ᠰᠢᠪᠲᠤᠯᠤᠯᠲᠠ᠎ᠶᠢᠨ ᠠᠵᠢᠯᠯᠠᠭ᠎ᠠ᠎ᠶᠢᠨ ᠲᠥᠰᠥᠯ》᠎ᠢ ᠳᠠᠷᠤᠮᠠᠯᠯᠠᠨ ᠲᠠᠷᠬᠠᠭᠠᠵᠤ᠂ 2027 ᠣᠨ᠎ᠤ ᠡᠴᠦᠰ ᠪᠣᠯᠬᠤ᠎ᠳᠤ ᠪᠥᠬᠥ ᠤᠯᠤᠰ᠎ᠤᠨ ᠨᠢᠭᠡᠳᠦᠯᠲᠡᠢ ᠪᠠᠢᠴᠠᠭᠠᠨ ᠰᠢᠯᠭᠠᠵᠤ ᠪᠠᠢᠴᠠᠭᠠᠨ ᠬᠡᠮᠵᠢᠬᠦ ᠣᠶᠤᠨᠴᠢ ᠬᠢᠨᠠᠯᠲᠠ ᠬᠠᠮᠢᠶᠠᠷᠤᠯᠲᠠ᠎ᠶᠢᠨ ᠲᠠᠪᠴᠠᠩ ᠎ᠢ ᠦᠨᠳᠦᠰᠦᠨ᠎ᠳᠡᠭᠡᠨ ᠪᠠᠢᠭᠤᠯᠵᠤ᠂ ᠪᠠᠢᠴᠠᠭᠠᠨ ᠰᠢᠯᠭᠠᠵᠤ ᠪᠠᠢᠴᠠᠭᠠᠨ ᠬᠡᠮᠵᠢᠬᠦ ᠬᠢᠨᠠᠯᠲᠠ ᠬᠠᠮᠢᠶᠠᠷᠤᠯᠲᠠ᠎ᠶᠢᠨ ᠲᠤᠬᠠᠢᠯᠠᠭᠰᠠᠨ ᠠᠵᠢᠯ ᠬᠢᠭᠡᠳ ᠲᠣᠭᠠᠴᠢᠯᠠᠭᠰᠠᠨ ᠣᠶᠤᠨᠴᠢᠯᠠᠭᠰᠠᠨ ᠮᠡᠷᠭᠡᠵᠢᠯ᠎ᠦᠨ ᠭᠦᠨᠵᠡᠭᠡᠢ ᠠᠭᠤᠰᠤᠯᠴᠠᠯ᠎ᠢ ᠪᠥᠬᠥ ᠲᠠᠯ᠎ᠠ᠎ᠪᠠᠷ ᠠᠬᠢᠭᠤᠯᠤᠨ᠎ᠠ ᠭᠡᠵᠦ ᠲᠣᠳᠣᠷᠬᠠᠢ ᠲᠣᠭᠲᠠᠭᠠᠪᠠ᠃

✦ᠠᠷᠠᠳ᠎ᠤᠨ ᠳᠡᠭᠡᠳᠦ ᠰᠢᠭᠦᠬᠦ ᠬᠣᠷᠢᠶ᠎ᠠ ᠵᠢᠨ ᠮᠡᠳᠡᠭᠡ᠎ᠶᠢ ᠦᠨᠳᠦᠰᠦᠯᠡᠪᠡᠯ᠂ ᠢᠷᠭᠡᠨ᠎ᠦ ᠬᠠᠤᠯᠢ᠎ᠶᠢᠨ ᠪᠢᠴᠢᠭ᠎ᠢ ᠬᠡᠷᠡᠭᠵᠢᠭᠦᠯᠦᠭᠰᠡᠨ ᠲᠠᠪᠤᠨ ᠵᠢᠯ᠎ᠦᠨ ᠲᠤᠷᠰᠢ᠂ ᠡᠯ᠎ᠡ ᠱᠠᠲᠤᠨ᠎ᠤ ᠰᠢᠭᠦᠬᠦ ᠬᠣᠷᠢᠶ᠎ᠠ 8674 ᠲᠦᠮᠡ ᠰᠢᠬᠠᠮ ᠨᠢᠭᠡᠳᠦᠭᠡᠷ ᠰᠢᠭᠦᠯᠲᠡ᠎ᠶᠢᠨ ᠢᠷᠭᠡᠨ᠎ᠦ ᠬᠡᠷᠡᠭ ᠪᠠ ᠬᠤᠳᠠᠯᠳᠤᠭᠠᠨ᠎ᠤ ᠬᠡᠷᠡᠭ᠎ᠢ ᠰᠢᠭᠦᠨ ᠳᠠᠭᠤᠰᠬᠠᠪᠠ᠃

✦ᠣᠢᠷ᠎ᠠ᠎ᠳᠤ ᠥᠪᠥᠷ ᠮᠣᠩᠭᠣᠯ᠎ᠤᠨ ᠭᠦᠸᠧ ᠵᠢᠢ ᠢᠳᠡᠭᠡᠨ᠎ᠦ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠬᠥᠭᠵᠢᠯᠲᠡ᠎ᠶᠢᠨ ᠬᠢᠵᠠᠭᠠᠷᠲᠤ ᠺᠣᠮᠫᠠᠨᠢ ᠵᠢᠢ ᠴᠢ ᠪᠦᠯᠦᠭᠯᠡᠯ᠎ᠲᠠᠢ ᠬᠠᠮᠲᠤᠷᠠᠨ ᠠᠬᠢᠭᠤᠯᠤᠭᠰᠠᠨ ᠤᠷᠤᠰ᠎ᠲᠤ ᠭᠠᠷᠭᠠᠬᠤ  ᠲᠤᠬᠠᠢᠯᠠᠭᠰᠠᠨ ᠠᠵᠢᠯ ᠶᠡᠬᠡ ᠰᠢᠪᠲᠤᠯᠤᠯᠲᠠ᠎ᠲᠠᠢ ᠪᠣᠯᠵᠤ᠂ ᠣᠷᠣᠰ᠎ᠤᠨ ᠲᠠᠯ᠎ᠠ᠎ᠶᠢᠨ ᠵᠠᠬᠢᠶᠠᠯᠠᠭ᠎ᠠ᠎ᠶᠢ ᠲᠤᠰᠴᠤ᠂ GG᠂ VV ᠬᠣᠶᠠᠷ ᠶᠡᠬᠡ ᠲᠠᠸᠠᠷ᠎ᠤᠨ ᠲᠡᠮᠳᠡᠭ᠎ᠦᠨ ᠲᠥᠷᠥᠯ ᠲᠡᠮᠳᠡᠭᠳᠦ᠎ᠶᠢ ᠳᠠᠩᠰᠠᠯᠠᠬᠤ ᠵᠢᠴᠢ ᠪᠥᠬᠥ ᠰᠢᠰᠲᠧᠮ᠎ᠦᠨ ᠦᠢᠯᠡᠳᠬᠦᠨ᠎ᠦ ᠵᠢᠷᠤᠭ ᠲᠥᠯᠥᠪᠯᠡᠭᠡ᠎ᠶᠢ ᠵᠡᠷᠭᠡ ᠳ᠋ᠦ᠍ᠨᠢ ᠪᠡᠶᠡᠯᠡᠭᠦᠯᠵᠦ᠂ ᠣᠷᠣᠰ᠎ᠲᠤ ᠬᠡᠪᠴᠢᠶᠡᠵᠢᠭᠦᠯᠦᠨ ᠪᠠᠷᠠᠭ᠎ᠠ ᠬᠠᠩᠭᠠᠬᠤ ᠠᠵᠢᠯ᠎ᠢ ᠡᠬᠢᠯᠡᠭᠦᠯᠪᠡ᠃

✦2026 ᠣᠨ᠎ᠤ ᠳᠡᠭᠡᠳᠦ ᠵᠡᠷᠭᠡ᠎ᠶᠢᠨ ᠰᠤᠷᠭᠠᠨ ᠬᠥᠮᠦᠵᠢᠯ᠎ᠦᠨ ᠥᠪᠡᠰᠦᠪᠡᠨ ᠰᠤᠷᠬᠤ ᠰᠢᠯᠭᠠᠯᠲᠠ᠎ᠶᠢᠨ ᠰᠦᠯᠵᠢᠶᠡᠨ ᠳᠡᠭᠡᠷ᠎ᠡ ᠨᠡᠷ᠎ᠡ ᠮᠡᠳᠡᠭᠦᠯᠬᠦ᠂ ᠬᠢᠴᠢᠶᠡᠯ ᠰᠣᠩᠭᠣᠬᠤ᠂ ᠰᠦᠢᠳᠬᠡᠯ ᠲᠤᠰᠢᠶᠠᠬᠤ ᠠᠵᠢᠯ 3 ᠰᠠᠷ᠎ᠠ᠎ᠶᠢᠨ 9 ᠎ᠦ ᠡᠳᠦᠷ᠎ᠡᠴᠡ ᠡᠬᠢᠯᠡᠨ᠎ᠡ᠃ ᠲᠣᠰ ᠤᠳᠠᠭᠠᠨ᠎ᠤ ᠰᠢᠯᠭᠠᠯᠲᠠ᠎ᠳᠤ ᠬᠥᠬᠡᠬᠣᠲᠠ᠂ ᠪᠤᠭᠤᠲᠤ ᠬᠣᠲᠠ᠂ ᠣᠷᠳᠣᠰ ᠬᠣᠲᠠ᠂ ᠤᠯᠠᠭᠠᠨᠬᠠᠳᠠ ᠬᠣᠲᠠ᠂ ᠲᠦᠩᠯᠢᠶᠣᠣ ᠬᠣᠲᠠ ᠵᠢᠴᠢ ᠬᠢᠩᠭᠠᠨ ᠠᠢᠮᠠᠭ᠎ᠲᠤ ᠰᠢᠯᠭᠠᠯᠲᠠ᠎ᠶᠢᠨ ᠲᠣᠭᠣᠷᠢᠭ᠋ ᠲᠤᠬᠢᠷᠠᠭᠤᠯᠬᠤ᠎ᠪᠡᠷ ᠪᠤᠢ᠃

✦3 ᠰᠠᠷ᠎ᠠ᠎ᠶᠢᠨ 3᠎ᠤ ᠡᠳᠦᠷ᠂ ᠪᠦᠬᠦ ᠤᠯᠤᠰ᠎ᠤᠨ 27᠎ᠳᠠᠬᠢ ᠴᠢᠬᠢ᠎ᠪᠡᠨ ᠬᠠᠮᠠᠭᠠᠯᠠᠬᠤ ᠡᠳᠦᠷ᠎ᠢ ᠲᠣᠬᠢᠶᠠᠯᠳᠤᠭᠤᠯᠤᠨ᠂ ᠣᠲᠤᠭ᠎ᠤᠨ ᠡᠮᠦᠨᠡᠲᠦ ᠬᠣᠰᠢᠭᠤᠨ᠎ᠤ ᠵᠡᠮᠳᠡᠭᠴᠦᠳ᠎ᠦᠨ ᠬᠣᠯᠪᠣᠭ᠎ᠠ᠎ᠠᠴᠠ ᠱᠠᠩᠬᠠᠢ᠎ᠶᠢᠨ ᠬᠡᠦᠬᠡᠳ᠎ᠦᠨ ᠡᠮᠨᠡᠯᠭᠡ᠎ᠶᠢᠨ ᠤᠬᠠᠭᠠᠨ᠎ᠤ ᠲᠥᠪ᠂ ᠤᠷᠳᠤᠰ ᠬᠤᠲᠠ᠎ᠶᠢᠨ ᠡᠬᠡ ᠨᠢᠯᠬᠠᠰ᠎ᠤᠨ ᠡᠷᠡᠭᠦᠯᠵᠢᠯ᠎ᠦᠨ ᠬᠣᠷᠢᠶ᠎ᠠ᠎ᠶᠢᠨ ᠲᠤᠰᠬᠠᠢ ᠮᠡᠷᠭᠡᠵᠢᠯᠲᠡᠨ᠎ᠢ ᠤᠷᠢᠵᠤ᠂ ᠪᠦᠬᠦ ᠬᠣᠰᠢᠭᠤᠨ᠎ᠤ 70 ᠭᠠᠷᠤᠢ ᠨᠠᠰᠤᠲᠠᠢᠴᠤᠳ ᠪᠠᠭᠠᠴᠤᠳ᠎ᠲᠤ ᠦᠨ᠎ᠡ ᠲᠥᠯᠥᠪᠦᠷᠢ ᠦᠭᠡᠢ᠎ᠪᠠᠷ ᠰᠣᠨᠣᠷ᠎ᠤᠨ ᠡᠪᠡᠳᠴᠢᠨ᠎ᠦ ᠪᠠᠢᠴᠠᠭᠠᠯᠲᠠ ᠪᠠ ᠵᠡᠮᠳᠡᠭ᠎ᠢ ᠬᠢᠨᠠᠨ ᠲᠣᠭᠲᠠᠭᠠᠬᠤ ᠪᠠᠢᠴᠠᠭᠠᠯᠲᠠ ᠬᠢᠵᠦ ᠦᠭᠴᠠᠢ᠃

✦ᠣᠢᠷ᠎ᠠ᠎ᠳᠦ ᠪᠠᠶᠠᠨᠨᠠᠭᠤᠷ ᠬᠤᠲᠠ᠎ᠵᠢᠨ ᠤᠷᠠᠳ᠎ᠤᠨ ᠡᠮᠦᠨᠡᠲᠦ ᠬᠣᠰᠢᠭᠤᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠭᠡᠷ ᠮᠡᠳᠡᠭᠳᠡᠯ ᠨᠡᠢᠲᠡᠯᠡᠵᠦ᠂ 2 ᠰᠠᠷ᠎ᠠ᠎ᠶᠢᠨ 28᠎ᠤ ᠡᠳᠦᠷ᠎ᠡᠴᠡ 3 ᠰᠠᠷ᠎ᠠ᠎ᠶᠢᠨ 15᠎ᠤ ᠡᠳᠦᠷ ᠪᠣᠯᠲᠠᠯ᠎ᠡ ᠬᠣᠰᠢᠭᠤᠨ᠎ᠤ ᠵᠠᠰᠠᠭ ᠵᠠᠬᠢᠷᠭᠠᠨ᠎ᠤ ᠣᠷᠣᠨ᠎ᠤ ᠳᠣᠲᠣᠷᠠᠬᠢ ᠪᠦᠬᠦ ᠣᠷᠣᠨ ᠪᠦᠰᠡ᠂ ᠪᠦᠬᠦ ᠴᠠᠭ ᠬᠤᠭᠤᠴᠠᠭᠠᠨ᠎ᠳᠤ ᠶᠠᠮᠠᠷᠪᠠ ᠨᠢᠭᠡᠴᠢ᠂ ᠵᠣᠬᠢᠶᠠᠨ ᠪᠠᠢᠭᠤᠯᠤᠯᠲᠠ ᠪᠠ ᠬᠤᠪᠢ ᠬᠥᠮᠥᠨ᠎ᠦ ᠳᠡᠭᠳᠡᠭᠦᠷ ᠳ᠋ᠧᠩᠯᠦ ᠠᠰᠠᠭᠠᠵᠤ ᠲᠠᠯᠪᠢᠬᠤ᠎ᠶᠢ ᠴᠠᠭᠠᠵᠠᠯᠠᠨ᠎ᠠ ᠭᠡᠵᠡᠢ᠃ 

 

ᠠᠵᠤ ᠠᠬᠤᠢ 

✦2025 ᠣᠨ᠎ᠳᠤ᠂ ᠪᠠᠷᠠᠭᠤᠨ ᠦᠵᠦᠮᠦᠴᠢᠨ ᠬᠣᠰᠢᠭᠤᠨ᠎ᠤ ᠬᠦᠯᠢᠶᠡᠨ ᠠᠪᠤᠭᠰᠠᠨ ᠤᠯᠤᠰ᠎ᠤᠨ ᠳᠣᠲᠣᠭᠠᠳᠤ ᠭᠠᠳᠠᠭᠠᠳᠤ᠎ᠶᠢᠨ ᠵᠢᠭᠤᠯᠴᠢᠯᠠᠭᠰᠠᠳ ᠎ᠤᠨ ᠲᠣᠭ᠎ᠠ ᠪᠠᠷᠤᠭ 366.6 ᠲᠦᠮᠡᠨ ᠬᠥᠮᠥᠨ ᠤᠳᠠᠭ᠎ᠠ᠎ᠳᠤ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 1.39 ᠳᠠᠬᠢᠨ ᠨᠡᠮᠡᠭᠳᠡᠪᠡ᠃ ᠵᠢᠭᠤᠯᠴᠢᠯᠠᠯ᠎ᠤᠨ ᠶᠡᠷᠦᠩᠬᠡᠢ ᠣᠷᠣᠯᠭ᠎ᠠ ᠪᠠᠷᠤᠭ 14.8 ᠳ᠋ᠦᠩᠰᠢᠭᠤᠷ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ 1.16 ᠳᠠᠬᠢᠨ ᠨᠡᠮᠡᠭᠳᠡᠪᠡ᠃

 

ᠲᠠᠮᠢᠷ

✦ᠳᠡᠯᠡᠬᠡᠢ᠎ᠶᠢᠨ ᠤᠮᠪᠠᠯᠲᠠ᠎ᠶᠢᠨ ᠬᠣᠯᠪᠣᠭᠠᠨ᠎ᠤ ᠤᠰᠤᠨ᠎ᠳᠤ ᠬᠠᠷᠠᠢᠬᠤ ᠳᠡᠯᠡᠬᠡᠢ᠎ᠶᠢᠨ ᠬᠤᠨᠳᠠᠭᠠᠲᠤ ᠺᠠᠨᠠᠳᠠ ᠥᠷᠲᠡᠭᠡᠨ᠎ᠦ ᠤᠷᠤᠯᠳᠤᠭᠠᠨ᠎ᠳᠤ᠂ ᠳᠤᠮᠳᠠᠳᠤ ᠤᠯᠤᠰ᠎ᠤᠨ ᠠᠩᠭᠢ 9 ᠠᠯᠲᠠᠨ ᠮᠧᠳᠠᠯ᠂ 4 ᠮᠥᠩᠭᠥᠨ ᠮᠧᠳᠠᠯ᠎ᠤᠨ ᠬᠢᠷᠢ ᠪᠦᠲᠦᠮᠵᠢ᠎ᠪᠡᠷ ᠤᠷᠤᠯᠳᠤᠭᠠᠨ᠎ᠵᠢᠡᠨ ᠳᠠᠭᠤᠰᠬᠠᠵᠤ᠂ ᠠᠯᠲᠠᠨ ᠮᠧᠳᠠᠯ ᠪᠠ ᠱᠠᠩᠨᠠᠯ᠎ᠤᠨ ᠮᠧᠳᠠᠯ᠎ᠤᠨ ᠨᠡᠷᠡᠰ᠎ᠤᠨ ᠵᠢᠭᠰᠠᠭᠠᠯᠲᠠ᠎ᠳᠦ ᠪᠦᠷ ᠲᠦᠷᠦᠭᠦᠯᠡᠵᠡᠢ᠃

✦ᠲᠤᠬᠠᠢ᠎ᠶᠢᠨ ᠭᠠᠵᠠᠷ᠎ᠤᠨ ᠴᠠᠭ᠎ᠢᠶᠠᠷ 3 ᠰᠠᠷ᠎ᠠ᠎ᠶᠢᠨ 1᠎ᠦ ᠡᠳᠦᠷ᠂ ᠲᠦᠷᠭᠡᠨ ᠲᠡᠰᠢᠯᠲᠡ ᠎ᠶᠢᠨ ᠳᠡᠯᠡᠬᠡᠢ᠎ᠶᠢᠨ ᠵᠠᠯᠠᠭᠤᠴᠤᠳ᠎ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠭᠧᠷᠮᠠᠨ᠎ᠳᠦ ᠥᠨᠳᠥᠷᠯᠡᠪᠡ᠃ ᠳᠤᠮᠳᠠᠳᠤ ᠤᠯᠤᠰ᠎ᠤᠨ ᠠᠩᠭᠢ ᠲᠤᠰ ᠤᠳᠠᠭᠠᠨ᠎ᠤ ᠤᠷᠤᠯᠳᠤᠭᠠᠨ᠎ᠳᠤ ᠨᠡᠢ᠍ᠢᠲᠡ 2 ᠠᠯᠲᠠᠨ ᠮᠧᠳᠠᠯ᠂ 2 ᠮᠥᠩᠭᠥᠨ ᠮᠧᠳᠠᠯ᠂ 2 ᠬᠦᠷᠡᠯ ᠮᠧᠳᠠᠯ ᠭᠠᠷᠳᠠᠵᠠᠢ᠃

 

ᠳᠡᠯᠡᠬᠡᠢ

✦ᠲᠥᠪ ᠲᠸᠯᠸᠢᠰ᠎ᠤᠨ ᠮᠡᠳᠡᠭᠡ᠎ᠶᠢ ᠦᠨᠳᠦᠰᠦᠯᠡᠪᠡᠯ᠂ ᠲᠤᠬᠠᠢ᠎ᠶᠢᠨ ᠭᠠᠵᠠᠷ᠎ᠤᠨ ᠴᠠᠭ᠎ᠢᠶᠠᠷ 3 ᠰᠠᠷ᠎ᠠ᠎ᠶᠢᠨ 2᠎ᠤᠨ ᠡᠳᠦᠷ᠂ ᠤᠮᠠᠷᠠᠲᠤ ᠠᠲᠯᠠᠨᠲ ᠳᠠᠯᠠᠢ᠎ᠶᠢᠨ ᠨᠡᠶ᠋ᠢᠲᠡ᠎ᠶᠢᠨ ᠭᠡᠷ᠎ᠡ᠎ᠶᠢᠨ ᠵᠣᠬᠢᠶᠠᠨ ᠪᠠᠢᠭᠤᠯᠤᠯᠲᠠ᠎ᠶᠢᠨ ᠨᠠᠷᠢᠨ ᠪᠢᠴᠢᠭ᠎ᠦᠨ ᠳᠠᠷᠤᠭ᠎ᠠ᠂ ᠤᠮᠠᠷᠠᠲᠤ ᠠᠲᠯᠠᠨᠲ ᠳᠠᠯᠠᠢ᠎ᠶᠢᠨ ᠨᠡᠶ᠋ᠢᠲᠡ᠎ᠶᠢᠨ ᠭᠡᠷ᠎ᠡ᠎ᠶᠢᠨ ᠵᠣᠬᠢᠶᠠᠨ ᠪᠠᠢᠭᠤᠯᠤᠯᠲᠠ ᠠᠮᠧᠷᠢᠺᠠ ᠪᠣᠯᠣᠨ ᠢᠰᠷᠧᠯ᠎ᠦᠨ ᠢᠷᠠᠨ᠎ᠳᠠᠬᠢ ᠴᠡᠷᠢᠭ ᠳᠠᠢ᠍ᠢᠨ᠎ᠦ ᠠᠵᠢᠯᠯᠠᠭ᠎ᠠ᠎ᠳᠤ ᠣᠷᠣᠯᠴᠠᠬᠤ ᠦᠭᠡᠢ ᠭᠡᠵᠦ ᠢᠯᠡᠷᠬᠡᠢᠯᠡᠪᠡ᠃

✦ᠰᠢᠨᠬᠤᠸᠠ ᠬᠣᠷᠢᠶ᠎ᠠ᠎ᠵᠢᠨ ᠮᠡᠳᠡᠭᠡ᠎ᠶᠢ ᠦᠨᠳᠦᠰᠦᠯᠡᠪᠡᠯ᠂ ᠣᠯᠠᠨ ᠤᠯᠤᠰ᠎ᠤᠨ ᠡᠨᠧᠷᠭᠢ᠎ᠶᠢᠨ ᠵᠤᠷᠭᠠᠨ᠎ᠤ ᠣᠢᠷ᠎ᠠ᠎ᠳᠤ ᠨᠡᠢᠲᠡᠯᠡᠭᠰᠡᠨ 《ᠴᠠᠬᠢᠯᠭᠠᠨ ᠬᠦᠴᠦᠨ 2026》᠎ᠳᠦ᠂ ᠣᠳᠣᠬᠠᠨ᠎ᠳᠤ ᠪᠥᠬᠥ ᠪᠥᠮᠪᠥᠷᠴᠡᠭ᠎ᠦᠨ ᠴᠠᠬᠢᠯᠭᠠᠨ ᠬᠦᠴᠦᠨ᠎ᠦ ᠬᠡᠷᠡᠭᠴᠡᠭᠡ᠎ᠶᠢᠨ ᠨᠡᠮᠡᠭᠳᠡᠯ᠎ᠦᠨ ᠬᠤᠷᠳᠤᠴᠠ ᠨᠢ ᠥᠩᠭᠡᠷᠡᠭᠰᠡᠨ ᠠᠷᠪᠠᠨ ᠵᠢᠯ᠎ᠦᠨ ᠬᠢ᠎ᠡᠴᠡ ᠬᠣᠯᠠ ᠥᠨᠳᠥᠷ ᠪᠠᠢᠵᠤ᠂ ᠵᠢᠱ᠌ᠢᠯᠲᠡ᠎ᠪᠡᠷ ᠣᠲᠣ᠌᠎ᠠᠴᠠ 2030 ᠣᠨ ᠪᠣᠯᠲᠠᠯ᠎ᠠ᠂ ᠪᠥᠬᠥ ᠪᠥᠮᠪᠥᠷᠴᠡᠭ᠎ᠦᠨ ᠴᠠᠬᠢᠯᠭᠠᠨ ᠬᠦᠴᠦᠨ᠎ᠦ ᠬᠡᠷᠡᠭᠴᠡᠭᠡ᠎ᠶᠢᠨ ᠵᠢᠯ᠎ᠦᠨ ᠳᠤᠮᠳᠠᠴᠢ ᠨᠡᠮᠡᠭᠳᠡᠯ᠎ᠦᠨ ᠬᠤᠷᠳᠤᠴᠠ ᠨᠢ 3.5%᠎ᠶᠢ ᠳᠠᠪᠠᠵᠤ᠂ ᠨᠠᠭᠠᠲᠤ ᠵᠠᠬ᠎ᠠ᠎ᠳᠠᠭᠠᠨ ᠪᠦᠬᠦᠯᠢ ᠴᠣᠭᠴᠠ᠎ᠶᠢᠨ ᠡᠨᠧᠷᠭᠢ᠎ᠶᠢᠨ ᠬᠡᠷᠡᠭᠴᠡᠭᠡ᠎ᠶᠢᠨ ᠨᠡᠮᠡᠭᠳᠡᠯ᠎ᠦᠨ ᠬᠤᠷᠳᠤᠴᠠ᠎ᠶᠢᠨ 2.5 ᠳᠠᠬᠢᠨ ᠪᠣᠯᠣᠨ᠎ᠠ ᠬᠡᠵᠡᠢ᠃

 

ᠦᠢᠯᠡᠴᠢᠯᠡᠭᠡ

✦ᠪᠤᠭᠤᠲᠤ ᠬᠣᠲᠠ᠎ᠶᠢᠨ ᠳᠥᠷᠪᠡᠳᠦᠭᠡᠷ ᠡᠮᠨᠡᠯᠭᠡ᠎ᠶᠢᠨ ᠬᠣᠷᠢᠶ᠎ᠠ ᠠᠵᠢᠯᠲᠠᠨ ᠡᠯᠰᠡᠵᠦ ᠪᠤᠢ᠃ 

 

ᠲᠠᠨ᠎ᠤ ᠲᠤᠰᠠ᠎ᠳᠤ

✦ᠠᠮᠧᠷᠢᠺᠠ᠎ᠶᠢᠨ ᠨᠢᠭᠡᠨ ᠶᠡᠬᠡ ᠰᠤᠷᠭᠠᠭᠤᠯᠢ᠎ᠶᠢᠨ ᠰᠢᠨ᠎ᠡ ᠰᠤᠳᠤᠯᠭᠠᠨ ᠎ᠳᠤ ᠢᠯᠡᠷᠡᠭᠦᠯᠦᠭᠰᠡᠨ᠎ᠢᠶᠡᠷ᠂ ᠣᠷᠣᠢ᠎ᠶᠢᠨ ᠬᠣᠭᠣᠯᠠᠨ᠎ᠤ ᠴᠠᠭ ᠪᠠ ᠤᠨᠲᠠᠬᠤ ᠴᠠᠭ᠎ᠤᠨ ᠬᠤᠭᠤᠷᠤᠨᠳᠤ 3 ᠴᠠᠭ᠎ᠠᠴᠠ ᠳᠡᠭᠡᠭᠰᠢ ᠠᠯᠤᠰᠯᠠᠪᠠᠯ᠂ ᠵᠢᠷᠦᠬᠡ ᠴᠢᠰᠤᠨ ᠰᠤᠳᠠᠯ ᠪᠠ ᠰᠣᠯᠢᠯᠴᠠᠭᠠᠨ᠎ᠤ ᠡᠪᠡᠳᠴᠢᠨ᠎ᠦ ᠲᠦᠭᠰᠢᠭᠦᠷᠢ᠎ᠶᠢ ᠪᠠᠭᠤᠷᠠᠭᠤᠯᠬᠤ᠎ᠳᠤ ᠠᠰᠢᠭ᠍ᠲᠠᠢ ᠪᠠᠢᠳᠠᠭ᠃

ᠵᠠᠯᠭᠠᠭᠠᠳ 《ᠬᠠᠢᠷ᠎ᠠ᠎ᠵᠢᠨ ᠢᠪᠡᠭᠡᠯ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ᠎ᠳᠤ  ᠪᠠᠶᠠᠷᠯᠠᠯ᠎ᠠ᠂  ᠪᠠᠶᠠᠷᠳᠠᠢ!

(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂  ᠮᠠᠨ᠎ᠤ ᠤᠷᠤᠨ᠎ᠤ ᠡᠯ᠎ᠠ ᠠᠢᠮᠠᠭ ᠬᠤᠳᠠ᠂  ᠬᠤᠰᠢᠭᠤ ᠰᠢᠶᠠᠨ᠎ᠤ  ᠵᠢᠷᠬᠢᠶ᠎ᠠ᠎ᠶᠢᠨ ᠲᠠᠪᠴᠠᠩ)

ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号