ᠣᠳᠣ ᠲᠠᠢ ᠪᠣᠯᠵᠣᠭ᠎ᠠ — ᠬᠠᠪᠤᠷ ᠵᠢᠡᠷ ᠮᠦᠭᠡᠷᠡᠳᠡᠭ ᠮᠢᠨᠤ ᠲᠤᠭᠤᠯ᠎ᠤᠨ ᠪᠡᠯᠴᠢᠭᠡᠷ
ᠡᠬᠢᠯᠡᠬᠦ᠌ ᠴᠠᠭ᠄
2026-04-20 11:38:23
ᠨᠠᠶ᠋ᠢᠷᠠᠭᠤᠯᠤᠭᠴᠢ ᠄
ᠤᠷᠠᠨᠲᠠᠨ᠎ᠡ
ᠨᠡᠪᠲᠡᠷᠡᠬᠦᠯᠦᠭᠴᠢ ᠄
ᠤᠷᠠᠨᠲᠠᠨ᠎ᠠ
ᠮᠡᠷᠭᠡᠵᠢᠯ ᠄

ᠤᠩᠰᠢᠭᠰᠠᠨ ᠤᠳᠠᠭ᠎ᠠ᠄

ᠬᠠᠪᠤᠷ ᠵᠢᠡᠷ ᠮᠦᠭᠡᠷᠡᠳᠡᠭ ᠮᠢᠨᠤ ᠲᠤᠭᠤᠯ᠎ᠤᠨ ᠪᠡᠯᠴᠢᠭᠡᠷ

                     ·ᠰ·ᠪᠦᠬᠡᠴᠢᠯᠠᠭᠤ 

ᠴᠠᠰᠤ ᠮᠥᠰᠥ᠎ᠲᠠᠢ ᠮᠥᠩᠭᠥᠨ ᠡᠪᠦᠯ᠎ᠢ ᠲᠤᠭᠤᠯᠵᠤ᠂ ᠤᠷᠢᠨ ᠳᠤᠯᠠᠭᠠᠨ ᠬᠠᠪᠤᠷ᠎ᠢ ᠤᠭᠲᠤᠭᠠᠳ ᠵᠡᠭᠦᠳᠦᠨ᠎ᠳᠦ ᠮᠢᠨᠢ ᠮᠥᠭᠡᠷᠡᠵᠦ ᠢᠷᠡᠳᠡᠭ ᠮᠢᠨᠤ ᠲᠤᠭᠤᠯ᠎ᠤᠨ ᠪᠡᠯᠴᠢᠭᠡᠷ᠎ᠡᠴᠡ ᠨᠠᠷᠠ ᠬᠤᠯᠠᠳᠠᠬᠤ ᠦᠭᠡᠢ᠂ ᠰᠠᠷᠠ ᠴᠤ᠌ ᠵᠠᠢᠳᠠᠬᠤ ᠦᠭᠡᠢ᠂ ᠬᠤᠷ᠎ᠠ ᠳᠤᠲᠠᠬᠤ ᠦᠭᠡᠢ᠂ ᠬᠤᠷ᠎ᠠ᠎ᠶᠢᠨ ᠳᠠᠷᠠᠭᠠᠬᠢ ᠬᠠᠩᠬᠤᠯᠤᠭᠰᠠᠨ ᠴᠡᠴᠡᠭ᠎ᠦᠨ ᠮᠦᠰᠢᠶᠡᠳᠦ ᠴᠤ᠌ ᠳᠤᠲᠠᠬᠤ ᠦᠭᠡᠢ ᠁ ᠴᠢᠨᠦ᠎ᠠ᠎ᠶᠢᠨ ᠬᠥᠬᠡ ᠴᠢᠯᠠᠭᠤᠳ ᠨᠢ ᠰᠥᠨᠢ᠎ᠪᠡᠷ ᠣᠢᠯᠵᠤ ᠴᠣᠯᠮᠣᠨ ᠣᠳᠣ᠌ ᠨᠢ ᠦᠷ᠎ᠢᠶᠡᠷ ᠲᠤᠶᠠᠭᠠᠷᠠᠨᠠᠮ!


0302298d654a4206ba01d8e7e49d4ba7.jpeg


ᠠᠭᠠᠷ᠎ᠢᠶᠠᠨ ᠰᠦᠯᠡᠭᠰᠡᠨ ᠰᠠᠯᠬᠢᠨ ᠨᠢ ᠬᠠᠴᠠᠷ᠎ᠢ ᠦᠨᠦᠰᠴᠦ ᠡᠷᠬᠡᠯᠡᠨ ᠡᠷᠭᠢᠴᠡᠬᠦ᠎ᠳᠦ ᠠᠯᠠᠭ ᠬᠥᠭᠡᠷᠦᠬᠦᠨ ᠲᠤᠭᠤᠯ ᠮᠢᠨᠢ ᠥᠭᠡᠳᠡ᠎ᠠᠴᠠ ᠤᠭᠲᠤᠵᠤ ᠭᠦᠶᠦᠨ᠎ᠡ᠃ ᠰᠠᠭᠠᠷᠠᠯ ᠵᠡᠷᠭᠡᠯᠭᠡᠨ ᠨᠢ ᠲᠣᠭᠯᠠᠵᠤ ᠳᠠᠪᠬᠢᠬᠤ᠎ᠳᠤ ᠰᠠᠨᠠᠭᠠᠨ᠎ᠠᠴᠠ ᠭᠠᠳᠠᠨ᠎ᠠ ᠡᠪᠡᠰᠦ ᠨᠢ ᠢᠨᠢᠶᠡᠵᠦ ᠣᠷᠭᠣᠨ᠎ᠠ᠃ ᠪᠤᠯᠠᠭ ᠱᠠᠩᠳᠠ᠎ᠶᠢᠨ ᠡᠭᠡᠰᠢᠭ᠎ᠲᠠᠢ ᠤᠬᠠᠭ᠎ᠠ ᠪᠣᠳᠤᠯ᠎ᠢ ᠳᠡᠯᠡᠭᠰᠡᠨ ᠤᠨᠠᠭᠠᠨ ᠨᠠᠰᠤᠨ᠎ᠤ ᠨᠢᠯᠬᠠᠰᠠᠭ ᠴᠠᠭᠠᠨ ᠳᠡᠯᠡᠬᠡᠢ ᠴᠢ ᠪᠠᠢᠵᠢ ᠳᠠ! ᠲᠤᠭᠤᠯ᠎ᠤᠨ ᠪᠡᠯᠴᠢᠭᠡᠷ ᠮᠢᠨᠢ!

ᠳᠦᠷᠪᠡᠨ ᠴᠠᠭ ᠴᠢᠮ᠎ᠠ᠎ᠠᠴᠠ ᠡᠬᠢᠯᠡᠵᠦ᠂ ᠳᠣᠮᠤᠭ ᠦᠯᠢᠭᠡᠷ ᠪᠤᠭᠤᠷᠤᠯ ᠱᠠᠩᠰᠢᠨ᠎ᠤ ᠴᠢᠨᠢ ᠨᠣᠭᠣᠭᠠᠨ ᠮᠥᠴᠢᠷ᠎ᠡᠴᠡ ᠣᠷᠭᠣᠨ᠎ᠠ᠃ ᠰᠦ ᠰᠢᠭ ᠦᠭᠡ᠂ ᠰᠡᠳᠬᠢᠯ ᠰᠢᠭ ᠠᠷᠢᠭᠤᠨ ᠬᠠᠢᠷ᠎ᠠ᠎ᠶᠢᠨ ᠴᠢᠨᠢ ᠭᠡᠷᠡᠯ ᠢᠯᠴᠢᠨ᠎ᠳᠦ ᠰᠥᠨᠢ ᠰᠢᠭ ᠬᠠᠷᠠᠩᠭᠤᠢ ᠠᠯᠠᠭ᠎ᠠ᠂ ᠰᠡᠭᠦᠷᠡᠰᠦ ᠰᠢᠭ ᠭᠤᠨᠢᠭ᠋ ᠴᠤ᠌ ᠠᠯᠠᠭ᠎ᠠ ᠁


bdc3376d6e32f2dfb0940ea362b63244_snapshot_t0.jpg

ᠠᠳᠤᠭᠤᠨ ᠲᠣᠭᠯᠠᠭᠠᠮ — ᠪᠤᠭᠤ᠎ᠶᠢᠨ ᠱᠠᠭ᠎ᠠ ᠰᠢᠭ᠋ ᠴᠢᠯᠠᠭᠤᠳ ᠠᠩᠭᠠᠬᠤ᠎ᠳᠠᠭᠠᠨ ᠠᠷᠤ ᠭᠣᠣᠯ᠎ᠤᠨ ᠣᠰᠣᠨ ᠤᠷᠤᠭᠤ ᠰᠠᠯᠬᠢ ᠲᠡᠳᠠᠨ ᠱᠤᠤᠭᠢᠨ᠎ᠠ᠃ ᠶᠠᠭᠠᠬᠢᠭ᠍ᠰᠠᠨ ᠭᠤᠶᠤ ᠪᠣᠶ? ᠮᠡᠷᠭᠡᠨ᠎ᠦ ᠲᠤᠷᠠᠩᠬᠠᠢ ᠬᠠᠷ᠎ᠠ ᠭᠡᠭᠦᠦ ᠪᠠᠰᠠ ᠯᠠ ᠰᠦᠷᠦᠭ᠎ᠦᠨ ᠰᠡᠭᠦᠯ ᠳᠠᠷᠤᠵᠤ ᠱᠣᠭ᠍ᠰᠢᠨ ᠢᠷᠡᠲᠡᠯ᠎ᠡ ᠰᠦᠮᠡᠨ᠎ᠦ ᠵᠡᠭᠡᠷᠳᠡ ᠮᠣᠷᠢ ᠬᠡᠪᠡᠯᠢ ᠭᠡᠳᠡᠰᠦ᠎ᠪᠡᠨ ᠭᠦᠳᠦᠢᠲᠡᠯ᠎ᠡ ᠤᠤᠭᠤᠵᠤ ᠬᠠᠨᠤᠭᠠᠳ ᠭᠣᠣᠯ᠎ᠤᠨ ᠡᠮᠦᠨ᠎ᠡ ᠡᠷᠭᠢ ᠳᠡᠭᠡᠷ᠎ᠡ ᠵᠢᠪᠠᠷ ᠡᠰᠡᠷᠭᠦᠯᠡᠨ ᠵᠣᠭᠰᠣᠨ᠎ᠠ᠃ ᠳᠠᠯ ᠨᠢ ᠵᠢᠪᠠᠷ᠎ᠲᠤ ᠲᠤᠭ ᠰᠢᠭ᠋ ᠨᠠᠮᠢᠷᠠᠭᠠᠳ ᠲᠡᠭᠷᠢ᠎ᠡᠴᠡ ᠳᠠᠩᠴᠤ ᠣᠢᠷᠠᠬᠠᠨ ᠠ᠋ ᠁ ᠪᠠᠯ ᠪᠤᠷᠠᠮ ᠰᠢᠭ᠋ ᠠᠮᠲᠠᠲᠠᠢ ᠪᠠᠭ᠎ᠠ ᠨᠠᠰᠤ᠂ ᠪᠠᠶᠠᠷ ᠵᠢᠷᠭᠠᠯᠲᠠᠢ ᠠᠮᠢᠳᠤᠷᠠᠯ᠎ᠤᠨ ᠠᠩᠬᠠᠨ᠎ᠤ ᠥᠷᠲᠡᠭᠡ — ᠲᠤᠭᠤᠯ᠎ᠤᠨ ᠪᠡᠯᠴᠢᠭᠡᠷ ᠮᠢᠨᠢ!




ᠱᠤᠯᠤᠭᠠᠨᠠᠨ ᠵᠢᠷᠭᠢᠵᠦ ᠨᠢᠰᠦᠨ ᠳᠡᠪᠳᠡᠷᠢᠬᠦ ᠪᠣᠷᠣ᠌ ᠪᠣᠯᠵᠣᠮᠣᠷ᠎ᠢ ᠴᠢᠨᠢ ᠪᠢ ᠬᠠᠮᠤᠭ᠎ᠠᠴᠠ ᠪᠠᠬᠠᠷᠬᠠᠨ᠎ᠠ᠃ ᠵᠢᠷᠭᠢᠬᠦ᠎ᠪᠡᠷ ᠳᠠᠭᠤᠯᠠᠶ᠎ᠠ ᠭᠡᠵᠦ ᠰᠠᠨᠠᠵᠤ᠂ ᠨᠢᠰᠬᠦ᠎ᠪᠡᠷ ᠳᠡᠪᠳᠡᠷᠢᠶ᠎ᠡ ᠭᠡᠵᠦ ᠳᠤᠷᠠᠯᠠᠵᠤ ᠶᠠᠪᠤᠭᠰᠠᠨ᠎ᠢ ᠴᠢ ᠲᠣᠳᠣᠷᠬᠠᠢ ᠮᠡᠳᠡᠨ᠎ᠡ ᠪᠢᠵᠡ? ᠬᠣᠶᠠᠷ ᠭᠠᠷ᠎ᠢᠶᠠᠨ ᠳᠡᠪᠢᠭᠡᠳ ᠬᠣᠢᠰᠢ᠎ᠪᠠᠨ ᠤᠷᠤᠭ᠍ᠰᠢ᠎ᠪᠠᠨ ᠭᠦᠶᠦᠬᠦ᠎ᠳᠦ ᠵᠢᠪᠠᠷ ᠲᠠᠲᠠᠭᠠᠳ ᠶᠣᠰᠣᠲᠠᠢ ᠯᠠ ᠣᠭᠲᠠᠷᠭᠤᠢ᠎ᠳᠤ ᠨᠢᠰᠴᠦ ᠪᠠᠢᠭ᠎ᠠ ᠭᠡᠮᠡᠷ ᠰᠠᠨᠠᠭᠳᠠᠨ᠎ᠠ᠃《ᠨᠠᠷᠠ ᠥᠭᠡᠳᠡ ᠨᠢᠰ ᠠ᠋!》ᠭᠡᠵᠦ ᠡᠷᠭᠢ᠎ᠶᠢᠨ ᠴᠢᠨᠢ ᠴᠤᠤᠷᠢᠶ᠎ᠠ ᠨᠠᠮ᠎ᠠ᠎ᠶᠢ ᠵᠣᠷᠢᠭ᠍ᠵᠢᠭᠤᠯᠬᠤ᠎ᠳᠤ᠂ ᠪᠣᠷᠣ᠌ ᠪᠣᠯᠵᠣᠮᠣᠷ ᠬᠠᠮᠲᠤ᠎ᠪᠠᠷ ᠨᠢᠰᠦᠶ᠎ᠡ ᠭᠡᠰᠡᠨ ᠰᠢᠭ ᠲᠣᠯᠣᠭᠠᠢ ᠰᠢᠭᠦᠷᠡᠮ᠎ᠡ ᠣᠢᠷᠠᠲᠤᠭᠠᠳ ᠢᠷᠡᠨ᠎ᠡ᠃ ᠬᠥᠭᠡᠷᠦᠬᠦᠢ᠂ ᠲᠠ ᠮᠢᠨᠤ ᠰᠡᠳᠬᠢᠯ᠎ᠢ ᠣᠢᠯᠠᠭᠠᠭᠰᠠᠨ ᠴᠤ᠌ ᠪᠣᠯᠪᠠ ᠦᠦ?ᠲᠤᠭᠤᠯ᠎ᠤᠨ ᠪᠡᠯᠴᠢᠭᠡᠷ ᠮᠢᠨᠢ!

ᠲᠠᠤᠯᠠᠢ ᠰᠢᠭ᠋ ᠳᠣᠩᠭᠣᠰ ᠳᠣᠩᠭᠣᠰ ᠭᠦᠶᠦᠬᠦ᠎ᠳᠡᠭᠡᠨ ᠬᠥᠰᠡᠷ ᠣᠢᠴᠢᠬᠤ᠎ᠳᠤ ᠲᠤᠰᠴᠤ ᠠᠪᠤᠭᠰᠠᠨ ᠴᠠᠬᠢᠯᠳᠠᠭ᠎ᠤᠨ ᠴᠡᠴᠡᠭ ᠮᠢᠨᠢ᠂ ᠤᠨᠠᠭᠰᠠᠨ ᠭᠠᠵᠠᠷ᠎ᠠᠴᠠ᠎ᠪᠠᠨ ᠤᠬᠤᠰᠬᠢᠨ ᠪᠣᠰᠬᠤ᠎ᠪᠠᠷ ᠥᠭᠡᠳᠡ᠎ᠡᠴᠡ ᠲᠣᠷᠮᠣᠰ ᠲᠣᠷᠮᠣᠰ ᠬᠠᠷᠠᠭᠰᠠᠨ ᠲᠤᠭᠤᠯ᠎ᠤᠨ ᠬᠠᠷ᠎ᠠ ᠨᠢᠳᠦᠨ ᠮᠢᠨᠢ᠂ ᠰᠢᠲᠠᠮ᠎ᠠ ᠬᠠᠯᠠᠭᠤᠨ᠎ᠳᠤ ᠰᠡᠭᠦᠳᠡᠷ ᠪᠣᠯᠤᠭᠰᠠᠨ ᠰᠠᠭᠰᠠᠭᠠᠷ ᠤᠳᠠ ᠮᠢᠨᠢ᠂ ᠬᠥᠪᠥᠨ ᠨᠡᠭᠦᠬᠦ ᠴᠠᠭᠠᠨ ᠡᠭᠦᠯᠡ᠂ ᠰᠡᠳᠬᠢᠯ᠎ᠦᠨ ᠠᠩᠭᠠᠯ ᠎ᠢ ᠲᠠᠢᠯᠤᠭᠰᠠᠨ ᠰᠤᠵᠠᠭ᠎ᠤᠨ ᠪᠤᠯᠠᠭ ᠮᠢᠨᠢ᠂ ᠲᠠᠨ ᠎ᠳᠠᠭᠠᠨ ᠪᠢ ᠬᠠᠢᠷᠠᠲᠠᠢ!

ᠪᠤᠭᠤ᠎ᠶᠢᠨ ᠱᠠᠭ᠎ᠠ ᠰᠢᠭ᠋ ᠴᠢᠯᠠᠭᠤᠳ ᠴᠢᠨᠢ ᠴᠢᠨᠠᠷ ᠪᠣᠯᠵᠤ ᠭᠡᠷᠡᠯᠲᠦᠨ᠎ᠡ᠃ ᠳᠡᠷᠭᠡᠳᠡ ᠨᠢ ᠤᠳᠠᠲᠠᠯ᠎ᠠ ᠵᠣᠭᠰᠣᠬᠤ᠎ᠳᠤ ᠶᠠᠰᠤᠨ᠎ᠳᠤ ᠮᠢᠨᠢ ᠠᠭᠤᠰᠤᠨ ᠰᠢᠩᠭᠡᠵᠦ ᠪᠠᠢᠭ᠎ᠠ ᠮᠡᠲᠦ᠃ ᠬᠠᠮᠤᠭ ᠪᠡᠶ᠎ᠡ  ᠬᠥᠩᠭᠡᠷᠡᠭᠡᠳ ᠳᠡᠯᠡᠬᠡᠢ ᠬᠠᠷᠠᠭᠠᠨ ᠳᠣᠲᠣᠷ᠎ᠠ ᠮᠣᠷᠢᠨ ᠲᠤᠭᠤᠷᠠᠢ᠎ᠶᠢᠨ ᠴᠢᠨᠡᠭᠡᠨ ᠬᠠᠷᠠᠭᠳᠠᠨᠠᠮ!ᠰᠢᠵᠢᠷ ᠠᠯᠳᠠ ᠰᠢᠷᠣᠢ᠎ᠳᠤ ᠳᠠᠷᠤᠭᠳᠠᠭᠰᠠᠨ ᠴᠤ᠌ ᠥᠩᠭᠡ ᠨᠢ ᠬᠤᠪᠢᠷᠠᠬᠤ ᠦᠭᠡᠢ ᠭᠡᠳᠡᠭ ᠨᠢ ᠲᠡᠷᠡ ᠴᠤ᠌  ᠶᠤᠮ ᠦᠦ? ᠡᠵᠢ ᠮᠢᠨᠢ ᠨᠠᠮ᠎ᠠ᠎ᠶᠢ ᠭᠤᠷᠪᠠᠨ ᠨᠠᠰᠤᠲᠠᠢ ᠵᠢᠯ᠎ᠡᠴᠡ ᠵᠢᠵᠢᠭᠬᠡᠨ ᠠᠯᠳᠠᠨ ᠣᠨᠢᠰᠤ᠎ᠶᠢ ᠬᠦᠵᠦᠭᠦᠨ᠎ᠳᠦ ᠵᠡᠭᠦᠯᠭᠡᠭᠰᠡᠨ ᠶᠤᠮ᠃ ᠬᠥᠮᠥᠨ ᠴᠢᠨᠠᠷ ᠲᠠᠢ ᠬᠥᠮᠥᠨ ᠪᠣᠯᠣᠭᠠᠷᠠᠢ ᠭᠡᠰᠡᠨ ᠰᠠᠨᠠᠭ᠎ᠠ ᠪᠣᠯ ᠦᠦ? ᠲᠤᠭᠤᠯ᠎ᠤᠨ ᠪᠡᠯᠴᠢᠭᠡᠷ ᠮᠢᠨᠢ!

ᠢᠲᠡᠭᠡᠯ ᠪᠣᠯ ᠤᠷᠭᠣᠵᠤ ᠪᠠᠢᠭ᠎ᠠ ᠨᠣᠭᠣᠭᠠᠨ ᠭᠡᠷᠡᠯ᠂ ᠭᠡᠷᠡᠯ ᠪᠣᠯ ᠤᠷᠭᠤᠵᠤ ᠪᠠᠢᠭ᠎ᠠ ᠰᠢᠵᠢᠷ ᠭᠡᠷᠡᠯ ᠠ᠋!ᠭᠣᠷᠣᠬ᠎ᠠ᠎ᠶᠢᠨ ᠴᠢᠨᠢ ᠬᠥᠪᠡᠭᠡᠨ᠎ᠳᠦ ᠰᠠᠭᠤᠭᠠᠳ ᠪᠢ ᠦᠯᠢᠭᠡᠷ᠎ᠦᠨ ᠨᠣᠮ᠎ᠢᠶᠠᠨ ᠤᠩᠰᠢᠬᠤ᠎ᠳᠤ ᠰᠦᠷᠦᠭ ᠵᠢᠭᠠᠰᠤ ᠴᠢᠨᠢ ᠬᠥᠪᠡᠭᠡᠳᠡᠵᠦ ᠢᠷᠡᠭᠡᠳ ᠲᠣᠯᠣᠭᠠᠢ᠎ᠪᠠᠨ ᠤᠰᠤᠨ᠎ᠠᠴᠠ ᠪᠤᠯᠲᠠᠢᠯᠭᠠᠵᠤ ᠨᠠᠮ᠎ᠠ᠎ᠶᠢ ᠴᠤᠭᠤ ᠰᠢᠷᠲᠡᠵᠦ ᠪᠠᠢᠮᠠᠷ ᠡ᠃ ᠰᠡᠪᠢᠯᠵᠡᠭᠰᠡᠨ ᠵᠢᠪᠠᠷ ᠴᠢᠨᠢ ᠤᠷᠮᠠᠰᠢᠭᠠᠳ ᠰᠠᠨᠳᠤᠷᠬᠤ᠎ᠶᠢᠨ ᠡᠷᠬᠡᠨ᠎ᠳᠦ ᠨᠣᠮ᠎ᠤᠨ ᠬᠠᠭᠤᠳᠠᠰᠤ᠎ᠶᠢ ᠰᠡᠬᠦᠭᠡᠳ ᠡᠯᠢᠭᠡᠰᠡᠭ ᠭᠡᠳᠡᠭ ᠨᠢ ᠬᠡᠴᠡᠭᠦᠦ ᠁ ᠪᠣᠳᠤᠬᠤ᠎ᠳᠤ᠂ ᠲᠤᠭᠤᠯ᠎ᠤᠨ ᠪᠡᠯᠴᠢᠭᠡᠷ ᠭᠡᠵᠦ ᠮᠢᠨᠤ ᠤᠩᠰᠢᠵᠤ ᠳᠠᠭᠤᠰᠬᠤ ᠦᠭᠡᠢ ᠬᠥᠯᠭᠡᠨ ᠰᠤᠳᠤᠷ  ᠪᠠᠢᠭᠰᠠᠨ ᠠᠵᠤᠭᠤ᠃

ᠪᠣᠷᠣᠭᠠᠨ᠎ᠤ ᠳᠠᠷᠠᠭ᠎ᠠ ᠳᠣᠯᠤᠭᠠᠨ ᠥᠩᠭᠡ᠎ᠶᠢᠨ ᠰᠣᠯᠣᠩᠭ᠎ᠠ ᠴᠢᠮ᠎ᠠ᠎ᠠᠴᠠ ᠡᠬᠢᠯᠡᠵᠦ ᠲᠡᠭᠷᠢ ᠵᠦᠭ ᠲᠠᠲᠠᠨ᠎ᠠ᠃ ᠪᠢ ᠪᠠᠶᠠᠰᠤᠨ ᠳᠡᠪᠬᠡᠷᠴᠦ ᠠᠲᠠᠯ᠎ᠠ ᠡᠮᠡᠭᠡ ᠮᠢᠨᠢ᠄《ᠬᠤᠷᠤᠭᠤ᠎ᠪᠠᠷ᠎ᠢᠶᠠᠨ ᠪᠦᠦ ᠵᠢᠭ᠎ᠠ!ᠬᠥᠬᠡᠷᠡᠵᠦ ᠬᠠᠪᠤᠳᠤᠨ᠎ᠠ》ᠬᠡᠮᠡᠨ ᠰᠠᠨᠠᠭᠤᠯᠳᠠᠭ ᠪᠠᠢᠯ᠎ᠠ᠃ ᠰᠠᠨᠠᠬᠤ᠎ᠳᠤ ᠪᠠᠢᠭᠠᠯᠢ ᠠᠬᠤᠢ᠎ᠶᠢᠨ ᠶᠠᠭᠤ ᠪᠦᠬᠦᠨ᠎ᠳᠡᠭᠡᠨ ᠬᠠᠢᠷᠠᠲᠠᠢ ᠡᠮᠡᠭᠡ᠎ᠶᠢᠨ ᠰᠡᠳᠬᠢᠯ ᠭᠡᠵᠦ ᠪᠤᠷᠬᠠᠨ᠎ᠠᠴᠠ ᠳᠤᠲᠠᠭᠤ ᠦᠭᠡᠢ ᠁

ᠲᠤᠭᠤᠯ᠎ᠲᠠᠢ᠎ᠪᠠᠨ ᠨᠣᠴᠣᠯᠳᠤᠵᠤ ᠴᠢᠮ᠎ᠠ ᠳᠡᠭᠡᠷ᠎ᠡ ᠲᠠᠮᠢᠷ᠎ᠢᠶᠠᠨ ᠰᠣᠷᠢᠭ᠍ᠰᠠᠨ ᠪᠣᠯ ᠦᠶᠡᠴᠦᠦᠯ᠎ᠲᠠᠢ᠎ᠪᠠᠨ ᠪᠠᠷᠢᠯᠳᠤᠵᠤ ᠪᠥᠬᠡ᠎ᠶᠢᠨ ᠮᠡᠷᠭᠡᠵᠢᠯ ᠰᠣᠷᠣᠭᠰᠠᠨ ᠰᠢᠤ! ᠭᠠᠩ ᠲᠠᠢᠯᠤᠭᠰᠠᠨ ᠪᠣᠷᠣᠭᠠᠨ ᠴᠢᠨᠢ ᠬᠠᠢᠷ᠎ᠠ᠎ᠶᠢᠨ ᠲᠤᠬᠠᠢ ᠰᠢᠪᠡᠨᠡᠬᠦ᠎ᠳᠦ᠂ ᠭᠠᠩᠬᠤᠵᠤ ᠳᠡᠯᠭᠡᠷᠡᠭᠰᠡᠨ ᠰᠠᠷᠭᠠᠢ ᠴᠢᠨᠢ ᠳᠤᠷᠠᠯᠠᠯ ᠎ᠤᠨ ᠨᠢᠭᠤᠴᠠ᠎ᠶᠢ ᠮᠡᠳᠡᠭᠦᠯᠦᠭᠰᠡᠨ ᠪᠢᠯᠡ᠃ ᠴᠠᠰᠤ ᠮᠥᠰᠥ᠎ᠲᠠᠢ ᠡᠪᠦᠯ᠎ᠢ ᠨᠢᠴᠦᠭᠦᠨ ᠥᠩᠭᠡᠷᠡᠭᠦᠯᠦᠭᠰᠡᠨ ᠤᠢ ᠮᠣᠳᠣ᠌ ᠴᠢᠨᠢ ᠤᠷᠢᠨ ᠳᠤᠯᠠᠭᠠᠨ᠎ᠢ ᠤᠭᠲᠤᠵᠤ ᠬᠥᠬᠡᠷᠡᠨ ᠨᠣᠭᠣᠭᠠᠷᠠᠭᠠᠳ ᠲᠡᠰᠪᠦᠷᠢ ᠲᠡᠪᠴᠢᠶᠡᠷᠢ᠂ ᠵᠣᠷᠢᠭ᠋ ᠵᠤᠯᠪᠣᠭ᠎ᠠ᠂ ᠪᠠᠶᠠᠷ ᠭᠤᠨᠢᠭ᠋᠂ ᠦᠯᠡᠮᠵᠢ᠎ᠶᠢᠨ ᠴᠢᠨᠠᠷ᠎ᠢ ᠲᠠᠨᠢᠭᠤᠯᠤᠭᠰᠠᠨ ᠤᠤᠭᠠᠨ ᠪᠠᠭ᠍ᠰᠢ ᠪᠠᠢᠵᠤ ᠲᠠᠭᠠᠷᠠᠨ᠎ᠠ᠃ ᠴᠢᠮ᠎ᠠ᠎ᠪᠠᠨ ᠬᠠᠷᠠᠬᠤ ᠎ᠠᠴᠠ ᠤᠷᠮ᠎ᠠ ᠰᠡᠷᠭᠦᠵᠦ ᠳᠠᠭᠤᠯᠠᠶ᠎ᠠ ᠬᠡᠮᠡᠨ ᠰᠠᠨᠠᠨ᠎ᠠ᠃ ᠴᠢ ᠳᠠᠭᠤᠤ ᠴᠤ᠌ ᠪᠠᠢᠭᠠᠰᠠᠢ!ᠪᠢ ᠴᠢᠮ᠎ᠠ᠎ᠪᠠᠨ ᠳᠠᠭᠤᠯᠠᠭᠠᠳ ᠳᠡᠯᠡᠬᠡᠢ᠎ᠶᠢᠨ ᠬᠡᠢᠮᠣᠷᠢ ᠎ᠶᠢ ᠬᠤᠷᠤᠢᠯᠠᠬᠤ ᠦᠭᠡᠢ ᠎ᠤᠤ᠎ᠳᠠ!


u=2779854563,1861977960&fm=193.jpg


ᠭᠠᠵᠠᠷ᠎ᠤᠨ ᠵᠢᠷᠤᠭ ᠳᠡᠭᠡᠷ᠎ᠡ ᠴᠢ ᠲᠣᠯᠪᠣ ᠲᠡᠳᠦᠢ ᠴᠦ᠍ ᠭᠠᠩᠭᠠᠩ ᠰᠡᠳᠬᠢᠯ᠎ᠳᠦ ᠮᠢᠨᠢ ᠴᠢ ᠭᠠᠯᠪᠠ᠎ᠳᠤ ᠭᠠᠭᠴᠠᠬᠠᠨ ᠡᠬᠡ ᠤᠯᠤᠰ᠎ᠤᠨ ᠮᠢᠨᠢ ᠮᠢᠬ᠎ᠠ ᠴᠢᠰᠤᠨ᠎ᠤ ᠲᠠᠰᠤᠷᠬᠠᠢ ᠶᠤᠮ ᠰᠠᠨ᠃ ᠴᠢᠮ᠎ᠠ᠎ᠠᠴᠠ ᠪᠢ ᠥᠪᠡᠷ᠎ᠢ᠎ᠪᠡᠨ ᠲᠠᠨᠢᠵᠤ᠂ ᠡᠬᠡ ᠤᠯᠤᠰ᠎ᠤᠨ᠎ᠢᠶᠠᠨ ᠴᠡᠩᠬᠡᠷ ᠠᠭᠠᠷ᠎ᠲᠤ ᠴᠢᠯᠦᠭᠡᠲᠡᠢ ᠨᠢᠰᠬᠦ ᠬᠥᠭᠡᠷᠦᠬᠦᠨ ᠪᠣᠷᠣ᠌ ᠪᠣᠯᠵᠣᠮᠣᠷ ᠭᠡᠳᠡᠭ᠎ᠢᠶᠡᠨ ᠴᠦ᠍ ᠲᠠᠨᠢᠯ᠎ᠠ ᠁ 

ᠬᠠᠪᠤᠷ᠎ᠢᠶᠠᠷ ᠮᠥᠭᠡᠷᠡᠳᠡᠭ ᠮᠢᠨᠤ ᠲᠤᠭᠤᠯ᠎ᠤᠨ ᠪᠡᠯᠴᠢᠭᠡᠷ᠂ ᠬᠠᠯᠠᠭᠤᠨ ᠵᠢᠷᠦᠬᠡᠨ᠎ᠳᠦ ᠮᠢᠨᠢ ᠨᠠᠷᠠ᠎ᠲᠠᠢ᠎ᠪᠠᠨ ᠲᠤᠶᠠᠭᠠᠷᠠᠳᠠᠭ ᠴᠠᠯ ᠨᠣᠭᠣᠭᠠᠨ ᠳᠤᠷᠠᠰᠤᠮᠵᠢ ᠮᠢᠨᠢ ᠠ᠋!ᠳᠡᠯᠡᠬᠡᠢ᠎ᠶᠢ ᠪᠢ ᠴᠢᠮ᠎ᠠ᠎ᠠᠴᠠ ᠡᠬᠢᠯᠡᠵᠦ ᠲᠠᠨᠢᠯ᠎ᠠ᠃ ᠲᠡᠭᠷᠢ᠎ᠶᠢᠨ ᠬᠢᠵᠠᠭᠠᠷ ᠬᠦᠷᠦᠭᠰᠡᠨ ᠴᠦ᠍ ᠴᠢᠮ᠎ᠠ᠎ᠪᠠᠨ ᠮᠠᠷᠲᠠᠬᠤ ᠦᠭᠡᠢ ᠠ᠋᠂ ᠮᠠᠷᠲᠠᠵᠤ ᠴᠦ᠍ ᠴᠢᠳᠠᠬᠤ ᠦᠭᠡᠢ ᠁ 

(《ᠦᠪᠤᠷ ᠮᠤᠩᠭᠤᠯ᠎ᠤᠨ ᠡᠮᠡᠭᠳᠠᠢᠴᠤᠳ》 ᠰᠡᠳᠬᠦᠯ ᠡᠴᠡ ᠰᠤᠩᠭᠤᠪᠠ)

ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号