


ᠨᠡᠢᠭᠡᠮ
✦4
ᠰᠠᠷ᠎ᠠ᠎ᠵᠢᠨ 19᠎ᠦ ᠡᠳᠦᠷ᠂ 2026 ᠬᠥᠮᠥᠨ
ᠲᠥᠷᠰᠥ᠎ᠲᠦ ᠮᠠᠰᠢᠨ ᠬᠥᠮᠥᠨ᠎ᠦ ᠬᠠᠭᠠᠰ ᠵᠠᠶ᠎ᠵᠢᠨ ᠮᠠᠷᠠᠽᠤᠨ ᠤᠷᠤᠯᠳᠤᠭᠠᠨ ᠪᠡᠭᠡᠵᠢᠩ᠎ᠳᠦ ᠶᠠᠪᠤᠭᠳᠠᠵᠤ᠂ ᠮᠠᠩᠯᠠᠢ᠎ᠳᠦ
ᠲᠤᠳᠤᠷᠠᠭᠰᠠᠨ ᠮᠠᠰᠢᠨ ᠬᠦᠮᠦᠨ 50 ᠮᠢᠨᠦ᠋ᠲ
26 ᠰᠧᠺᠦ᠋ᠨ᠋ᠳ᠋ ᠬᠡᠷᠡᠭᠯᠡᠵᠦ᠂
57 ᠮᠢᠨᠦ᠋ᠲ 20 ᠰᠧᠺᠦ᠋ᠨ᠋ᠳ᠋ᠬᠡᠷᠡᠭᠯᠡᠭᠰᠡᠡ ᠡᠷᠡᠭᠲᠡᠢ᠎ᠶᠢᠨ ᠬᠠᠭᠠᠰ ᠵᠠᠢ᠎ᠵᠢᠨ
ᠮᠠᠷᠠᠽᠤᠨ ᠤᠷᠤᠯᠳᠤᠭᠠᠨ᠎ᠤ ᠳᠡᠯᠡᠬᠡᠢ᠎ᠶᠢᠨ ᠲᠡᠮᠳᠡᠭᠯᠡᠯ᠎ᠢ ᠳᠠᠪᠠᠵᠠᠢ᠃
✦ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ
ᠶᠡᠷᠦᠩᠬᠡᠢ ᠲᠣᠪᠴᠢᠶ᠎ᠠ᠎ᠶᠢᠨ ᠮᠡᠳᠡᠭᠡ᠎ᠶᠢ ᠦᠨᠳᠦᠰᠦᠯᠡᠪᠡᠯ᠂ ᠣᠢᠷ᠎ᠠ᠎ᠳᠤ ᠮᠠᠨ᠎ᠤ ᠤᠯᠤᠰ ᠣᠨᠴᠠ ᠶᠡᠬᠡ ᠲᠠᠸᠠᠷ᠎ᠤᠨ
ᠲᠡᠮᠳᠡᠭ᠎ᠦᠨ ᠡᠷᠬᠡ᠎ᠳᠦ ᠬᠠᠯᠳᠠᠭᠰᠠᠨ ᠪᠠ ᠬᠠᠭᠤᠷᠮᠠᠭ ᠮᠠᠭᠤ ᠬᠠᠷ᠎ᠠ ᠠᠷᠢᠬᠢ ᠦᠢᠯᠡᠳᠴᠦ ᠪᠣᠷᠣᠯᠠᠭᠤᠯᠤᠭᠰᠠᠨ
ᠬᠠᠤᠯᠢ᠎ᠠᠴᠠ ᠵᠥᠷᠢᠴᠡᠭᠰᠡᠨ ᠶᠠᠯᠠᠲᠤ ᠠᠵᠢᠯᠯᠠᠭ᠎ᠠ᠎ᠶᠢ ᠢᠯᠡᠷᠡᠭᠦᠯᠦᠨ ᠴᠤᠬᠢᠯᠲᠠ ᠥᠭᠪᠡ᠃ ᠤᠳᠤᠬᠠᠨ᠎ᠳᠦ ᠬᠡᠷᠡᠭ᠎ᠲᠦ
ᠬᠣᠯᠪᠣᠭᠳᠠᠭᠰᠠᠨ ᠵᠣᠭᠣᠰ᠎ᠤᠨ ᠲᠣᠭ᠎ᠠ ᠨᠢ 2.6 ᠳ᠋ᠦᠩᠰᠢᠭᠤᠷ ᠲᠥᠭᠥᠷᠢᠭ ᠪᠣᠯᠬᠤ᠎ᠶᠢ ᠪᠠᠢᠴᠠᠭᠠᠨ ᠲᠣᠳᠣᠯᠠᠪᠠ᠃
✦ᠤᠯᠤᠰ᠎ᠤᠨ ᠬᠥᠭᠵᠢᠭᠦᠯᠦᠯᠲᠡ ᠪᠠ ᠥᠭᠡᠷᠡᠴᠢᠯᠡᠯᠲᠡ᠎ᠶᠢᠨ
ᠵᠥᠪᠯᠡᠯ᠎ᠦᠨ ᠮᠡᠳᠡᠭᠡᠵᠢ ᠦᠨᠳᠦᠰᠦᠯᠡᠪᠡᠯ᠂ ᠣᠢᠷ᠎ᠠ᠎ᠳᠤ ᠤᠯᠤᠰ᠎ᠤᠨ ᠬᠥᠭᠵᠢᠭᠦᠯᠦᠯᠲᠡ ᠪᠠ ᠥᠭᠡᠷᠡᠴᠢᠯᠡᠯᠲᠡ᠎ᠶᠢᠨ
ᠵᠥᠪᠯᠡᠯ ᠬᠣᠯᠪᠣᠭᠳᠠᠯ ᠪᠦᠬᠦᠢ ᠰᠠᠯᠠᠭ᠎ᠠ ᠮᠥᠴᠢᠷ᠎ᠲᠠᠢ ᠬᠠᠮᠲᠤᠷᠠᠨ 2026 ᠣᠨ᠎ᠤ ᠬᠣᠶᠠᠳᠤᠭᠠᠷ ᠪᠦᠯᠦᠭ᠎ᠦᠨ《ᠬᠣᠶᠠᠷ ᠴᠢᠬᠤᠯᠠ》ᠪᠦᠲᠦᠭᠡᠨ ᠪᠠᠢᠭᠤᠯᠤᠯᠲᠠ᠎ᠶᠢᠨ ᠲᠥᠷᠥᠯ ᠵᠦᠢᠯ᠎ᠦᠨ
ᠨᠠᠷᠢᠨ ᠲᠠᠩᠰᠠ᠎ᠶᠢ ᠵᠣᠬᠢᠶᠠᠨ ᠪᠠᠢᠭᠤᠯᠤᠨ ᠪᠠᠭᠤᠯᠭᠠᠵᠤ᠂ ᠣᠷᠳᠣ᠌ ᠬᠤᠭᠤᠴᠠᠭᠠᠨ᠎ᠤ ᠤᠯᠤᠰ᠎ᠤᠨ ᠣᠨᠴᠠᠭᠠᠶ ᠵᠢᠭᠡᠯᠡᠯᠭᠡ᠎ᠶᠢᠨ
ᠪᠡᠯᠡ ᠮᠥᠩᠭᠥ᠎ᠶᠢ ᠨᠡᠶ᠋ᠢᠲᠡ 2168 ᠳ᠋ᠦᠩᠰᠢᠭᠤᠷ ᠲᠥᠭᠥᠷᠢᠭ ᠲᠣᠬᠢᠷᠠᠭᠤᠯᠵᠤ᠂ 336 ᠴᠢᠬᠤᠯᠠ
ᠶᠡᠬᠡ ᠲᠥᠷᠥᠯ ᠵᠦᠢᠯ᠎ᠢ ᠳᠡᠮᠵᠢᠪᠡ᠃
✦《ᠡᠮ ᠡᠮᠨᠡᠯᠭᠡ᠎ᠶᠢᠨ
ᠳᠠᠭᠠᠳᠬᠠᠯ᠎ᠢᠶᠠᠷ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠦ ᠬᠥᠭᠵᠢᠯᠲᠡ᠎ᠶᠢ
ᠳᠡᠮᠵᠢᠬᠦ ᠲᠤᠬᠠᠢ ᠵᠢᠯᠤᠭᠣᠳᠬᠤ ᠰᠠᠨᠠᠯ》᠎ᠢ ᠣᠢᠷ᠎ᠠ᠎ᠳᠤ ᠳᠠᠷᠤᠮᠠᠯᠯᠠᠨ ᠲᠠᠷᠬᠠᠭᠠᠵᠤ᠂ 14 ᠵᠤᠷᠪᠤᠰ
ᠪᠣᠳᠠᠲᠠᠢ ᠠᠷᠭ᠎ᠠ ᠬᠡᠮᠵᠢᠶ᠎ᠡ ᠳᠤᠷᠠᠳᠴᠠᠢ᠃
✦4 ᠰᠠᠷ᠎ᠠ᠎ᠵᠢᠨ 20᠎ᠦ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠦ 2026 ᠣᠨ᠎ᠤ ᠡᠩ᠎ᠦᠨ ᠶᠡᠬᠡ ᠳᠡᠭᠡᠳᠦ ᠰᠤᠷᠭᠠᠭᠤᠯᠢ᠎ᠶᠢᠨ ᠰᠤᠷᠤᠭ᠍ᠴᠢ
ᠡᠯᠰᠡᠬᠦ ᠪᠡᠶ᠎ᠡ᠎ᠶᠢᠨ ᠲᠠᠮᠢᠷ᠎ᠤᠨ ᠲᠥᠷᠥᠯ᠎ᠦᠨ ᠲᠤᠰᠬᠠᠢ ᠮᠡᠷᠭᠡᠵᠢᠯ᠎ᠦᠨ ᠨᠢᠭᠡᠳᠦᠯᠲᠡᠢ ᠰᠢᠯᠭᠠᠯᠲᠠ ᠡᠬᠢᠯᠡᠵᠦ᠂
ᠰᠢᠯᠭᠠᠯᠲᠠ᠎ᠶᠢᠨ ᠴᠡᠭ᠎ᠢ ᠣᠷᠳᠣᠰ ᠬᠣᠲᠠ ᠶᠢᠨ ᠳ᠋ᠦᠩᠱᠧᠩ ᠲᠣᠭᠣᠷᠢᠭ᠋᠎ᠤᠨ ᠪᠦᠬᠥ ᠠᠷᠠᠳ᠎ᠤᠨ ᠪᠡᠶ᠎ᠡ ᠴᠢᠭᠢᠷᠠᠭᠵᠢᠭᠤᠯᠬᠤ
ᠬᠥᠳᠡᠯᠭᠡᠭᠡᠨ᠎ᠦ ᠲᠥᠪ᠎ᠲᠤ ᠲᠣᠬᠢᠷᠠᠭᠤᠯᠪᠠ᠃
✦4 ᠰᠠᠷ᠎ᠠ᠎ᠶᠢᠨ 19᠎ᠦ ᠡᠳᠦᠷ᠂ ᠥᠪᠥᠷ ᠮᠣᠩᠭᠣᠯ᠎ᠤᠨ ᠮᠠᠯ᠎ᠤᠨ ᠠᠰᠢᠭ᠋ ᠰᠢᠮ᠎ᠡ ᠲᠠᠷᠢᠶᠠᠯᠠᠩ᠎ᠤᠨ
ᠪᠦᠲᠦᠭᠡᠭᠳᠡᠬᠦᠨ᠎ᠦ ᠲᠡᠯᠡᠶ᠎ᠳᠦ ( ᠬᠠᠢᠨᠠᠨ ) ᠭᠠᠷᠬᠤ᠎ᠵᠢ ᠵᠣᠯᠭᠠᠭᠤᠯᠬᠤ ᠬᠤᠷᠠᠯ ᠰᠠᠨᠶᠠ ᠬᠣᠲᠠ᠎ᠳᠦ ᠬᠤᠷᠠᠯᠳᠤᠪᠠ᠃
✦ᠣᠷᠳᠣᠰ ᠬᠣᠲᠠ᠎ᠶᠢᠨ ᠬᠢᠶ᠎ᠡ ᠪᠠᠭ᠍ᠰᠢ ᠲᠣᠭᠣᠷᠢᠭ᠋
ᠡᠨᠡ ᠵᠢᠯ᠎ᠤᠨ 4 ᠰᠠᠷ᠎ᠠ᠎ᠵᠢᠨ 17᠎ᠦ ᠡᠳᠦᠷ᠎ᠠᠴᠠ ᠡᠬᠢᠯᠡᠨ ᠭᠠᠷᠠᠭ ᠪᠦᠷᠢ᠎ᠶᠢᠨ
ᠭᠠᠷᠠᠭ᠎ᠤᠨ ᠲᠠᠪᠤ᠎ᠨᠢ《ᠰᠢᠷᠠᠯᠵᠢ ᠠᠷᠢᠯᠭᠠᠬᠤ ᠡᠳᠦᠷ》ᠵᠢᠡᠷ ᠲᠣᠭᠲᠠᠭᠠᠪᠠ
᠃
✦ᠤᠢᠷ᠎ᠠ᠎ᠳᠦ ᠰᠢᠯᠤᠭᠤᠨ ᠬᠥᠬᠡ ᠬᠣᠰᠢᠭᠤᠨ᠎ᠤ
ᠭᠤᠷᠪᠠᠳᠤᠭᠠᠷ ᠰᠤᠷᠭᠠᠭᠤᠯᠢ᠎ᠶᠢᠨ ᠶᠡᠷᠦᠩᠬᠡᠢᠯᠡᠭᠰᠡᠨ ᠠᠰᠠᠷ᠎ᠤᠨ ᠪᠠᠷᠢᠯᠭ᠎ᠠ᠎ᠶᠢ ᠪᠠᠢᠭᠤᠯᠵᠤ ᠡᠬᠢᠯᠡᠪᠡ᠃ ᠲᠤᠰ
ᠪᠠᠷᠢᠯᠭ᠎ᠠ ᠶᠢᠨ ᠶᠡᠷᠦᠩᠬᠡᠢ ᠲᠠᠯᠠᠪᠠᠢ ᠨᠢ 5749.79 ᠲᠡᠭᠰᠢ ᠳᠥᠷᠪᠡᠯᠵᠢᠨ ᠮᠧᠲᠷ᠂ 4 ᠳᠠᠪᠬᠤᠷᠭ᠎ᠠ ᠪᠠᠢᠵᠤ᠂ ᠵᠢᠱ᠌ᠢᠯᠲᠡ᠎ᠪᠠᠷ 10 ᠰᠠᠷ᠎ᠠ᠎ᠶᠢᠨ 30᠎ᠤ ᠡᠳᠦᠷ ᠪᠠᠢᠭᠤᠯᠵᠤ ᠳᠠᠭᠤᠰᠬᠠᠬᠤ ᠪᠣᠯᠣᠨ᠎ᠠ᠃
✦18᠎ᠤ ᠡᠳᠦᠷ᠂ ᠤᠯᠠᠭᠠᠨᠰᠤᠬᠠᠢ ᠨᠠᠭᠤᠷ᠎ᠤᠨ ᠬᠠᠪᠤᠷ᠎ᠤᠨ ᠤᠯᠠᠷᠢᠯ᠎ᠤᠨ
ᠨᠡᠭᠦᠳᠡᠯ᠎ᠤᠨ ᠰᠢᠪᠠᠭᠤ ᠰᠣᠨᠢᠷᠬᠠᠬᠤ ᠠᠵᠢᠯᠯᠠᠭ᠎ᠠ ᠵᠢᠴᠢ ᠪᠠᠶᠠᠨᠨᠠᠭᠤᠷ ᠬᠤᠲᠠ᠎ᠶᠢᠨ《ᠰᠢᠪᠠᠭᠤ᠎ᠶᠢ ᠬᠠᠢᠷᠠᠯᠠᠬᠤ ᠭᠠᠷᠠᠭ》᠎ᠤᠨ ᠠᠵᠢᠯᠯᠠᠭ᠎ᠠ ᠡᠬᠢᠯᠡᠪᠡ᠃ ᠠᠵᠢᠯᠯᠠᠭ᠎ᠠ
ᠨᠢ ᠬᠣᠶᠠᠷ ᠡᠳᠦᠷ᠎ᠦᠨ ᠬᠤᠭᠤᠴᠠᠭ᠎ᠠ᠎ᠲᠠᠢ ᠶᠠᠪᠤᠭᠳᠠᠵᠤ᠂ 300 ᠰᠢᠬᠠᠮ ᠬᠥᠮᠥᠨ ᠣᠷᠣᠯᠴᠠᠵᠠᠢ᠃
✦ᠤᠢᠷ᠎ᠠ᠎ᠳᠦ ᠠᠯᠠᠱᠠ ᠠᠢᠮᠠᠭ᠎ᠤᠨ ᠲᠣᠭ᠎ᠠ
ᠪᠦᠷᠢᠳᠬᠡᠯ᠎ᠦᠨ ᠲᠣᠪᠴᠢᠶ᠎ᠠ᠎ᠠᠴᠠ 2025 ᠣᠨ᠎ᠤ ᠪᠥᠬᠥ ᠠᠢᠮᠠᠭ᠎ᠤᠨ ᠪᠠᠢᠩᠭᠤ ᠰᠠᠭᠤᠭ᠎ᠠ ᠬᠥᠮᠥᠨ ᠠᠮᠠ᠎ᠶᠢᠨ
ᠭᠣᠣᠯ ᠪᠣᠯᠬᠤ ᠲᠣᠭ᠎ᠠ ᠪᠠᠷᠢᠮᠲᠠ᠎ᠶᠢ ᠨᠡᠢᠲᠡᠯᠡᠵᠦ᠂ 2025 ᠣᠨ ᠤ ᠡᠴᠦᠰ ᠪᠣᠯᠲᠠᠯ᠎ᠠ ᠠᠯᠠᠱᠠ ᠠᠢᠮᠠᠭ᠎ᠤᠨ ᠪᠠᠢᠩᠭᠤ ᠰᠠᠭᠤᠭ᠎ᠠ
ᠬᠥᠮᠥᠨ ᠠᠮᠠ 26.8 ᠲᠦᠮᠡ ᠪᠠᠢᠵᠤ᠂ 2024 ᠣᠨ᠎ᠤ ᠬᠢ ᠡᠴᠡ 0.13 ᠲᠦᠮᠡ ᠪᠠᠭᠠᠰᠴᠤ᠂ 0.48%᠎ᠪᠠᠷ ᠪᠠᠭᠤᠷᠠᠵᠠᠢ᠃
ᠠᠵᠦ ᠠᠬᠤᠢ
✦139᠎ᠳᠦᠭᠡᠷ ᠬᠤᠭᠤᠴᠠᠭᠠᠨ᠎ᠤ ᠭᠤᠸᠠᠩᠵᠧᠦ᠎ᠶᠢᠨ ᠠᠷᠠᠯᠵᠢᠶᠠᠨ᠎ᠤ
ᠴᠤᠭᠯᠠᠭᠠᠨ᠎ᠤ ᠨᠢᠭᠡᠳᠦᠭᠡᠷ ᠬᠤᠭᠤᠴᠠᠭᠠᠨ᠎ᠤ ᠬᠤᠷᠠᠯ᠎ᠳᠤ ᠣᠷᠣᠯᠴᠠᠭᠰᠠᠨ ᠬᠢᠯᠢ᠎ᠶᠢᠨ ᠭᠠᠳᠠᠨᠠᠬᠢ ᠬᠤᠳᠠᠯᠳᠤᠭᠠᠴᠢᠨ᠎ᠤ
ᠲᠣᠭ᠎ᠠ ᠥᠩᠭᠡᠷᠡᠭᠰᠡᠨ ᠵᠢᠯ᠎ᠤᠳ᠎ᠡᠴᠡ ᠳᠠᠪᠠᠵᠤ ᠰᠢᠨ᠎ᠡ ᠲᠡᠮᠳᠡᠭᠯᠡᠯ᠎ᠢ ᠡᠭᠦᠳᠴᠡᠢ᠃ 19᠎ᠦ ᠡᠳᠦᠷ᠎ᠦᠨ 17 ᠴᠠᠭ ᠪᠣᠯᠲᠠᠯ᠎ᠠ᠂ 216 ᠤᠯᠤᠰ ᠪᠠ ᠭᠠᠵᠠᠷ ᠣᠷᠣᠨ᠎ᠤ 16.7 ᠲᠦᠮᠡᠨ ᠬᠢᠯᠢ᠎ᠶᠢᠨ ᠭᠠᠳᠠᠨᠠᠬᠢ ᠬᠤᠳᠠᠯᠳᠤᠭᠠᠴᠢᠨ ᠴᠤᠭᠯᠠᠭᠠᠨ᠎ᠳᠤ
ᠤᠷᠤᠯᠴᠠᠵᠤ᠂ ᠠᠳᠠᠯᠢ ᠬᠤᠭᠤᠴᠠᠭᠠᠨ᠎ᠤ ᠬᠢ᠎ᠡᠴᠡ 5.9% ᠪᠠᠷ ᠨᠡᠮᠡᠭᠳᠡᠵᠦ᠂ ᠮᠠᠨ᠎ᠤ ᠤᠯᠤᠰ᠎ᠤᠨ ᠭᠠᠳᠠᠭᠠᠳᠤ
ᠠᠷᠠᠯᠵᠢᠶᠠᠨ᠎ᠤ ᠤᠶᠠᠨ ᠬᠠᠲᠠᠨ ᠴᠢᠨᠠᠷ ᠪᠠ ᠠᠮᠢᠵᠢᠷᠠᠯ᠎ᠤᠨ ᠬᠦᠴᠦᠨ᠎ᠢ ᠭᠦᠢᠴᠡᠳ ᠢᠯᠡᠷᠡᠭᠦᠯᠪᠡ᠃
ᠰᠤᠶᠤᠯ
✦4 ᠰᠠᠷ᠎ᠠ᠎ᠵᠢᠨ 20᠎ᠤ ᠡᠳᠦᠷ᠂ 2026 ᠣᠨ᠎ᠤ ᠪᠥᠬᠥ ᠠᠷᠠᠳ᠎ᠤᠨ ᠨᠣᠮ ᠤᠩᠰᠢᠬᠤ ᠠᠵᠢᠯᠯᠠᠭ᠎ᠠ᠎ᠶᠢᠨ ᠭᠠᠷᠠᠭ
ᠡᠬᠢᠯᠡᠵᠦ᠂ 26᠎ᠤ ᠡᠳᠦᠷ ᠪᠤᠯᠲᠠᠯ᠎ᠠ ᠶᠠᠪᠤᠭᠳᠠᠨ᠎ᠠ᠃
✦ᠠᠯᠠᠱᠠ ᠠᠢᠮᠠᠭ᠎ᠤᠨ ᠡᠵᠡᠨ᠎ᠡ ᠬᠣᠰᠢᠭᠤᠨ᠎ᠤ 2026 ᠣᠨ᠎ᠤ ᠰᠣᠶᠣᠯ
ᠵᠢᠭᠤᠯᠴᠢᠯᠠᠯ᠎ᠤᠨ ᠰᠢᠷᠢᠰ ᠠᠵᠢᠯᠯᠠᠭ᠎ᠠ 4 ᠰᠠᠷ᠎ᠠ᠎ᠶᠢᠨ 25 — 27᠎ᠤ ᠡᠳᠦᠷ
ᠪᠤᠯᠲᠠᠯ᠎ᠠ ᠶᠠᠪᠤᠭᠳᠠᠨ᠎ᠠ᠃
ᠲᠠᠮᠢᠷ
✦ᠲᠤᠬᠠᠢ᠎ᠶᠢᠨ ᠭᠠᠵᠠᠷ᠎ᠤᠨ ᠴᠠᠭ᠎ᠢᠶᠠᠷ 19᠎ᠦ ᠡᠳᠦᠷ᠂ ᠢᠷᠠᠨ᠎ᠤ ᠤᠯᠤᠰ᠎ᠤᠨ ᠬᠥᠯ
ᠪᠥᠮᠪᠥᠭᠡ᠎ᠶᠢᠨ ᠠᠩᠭᠢ᠎ᠵᠢᠨ ᠬᠢᠨ ᠳᠡᠯᠡᠬᠡᠢ᠎ᠶᠢᠨ ᠬᠤᠨᠳᠠᠭᠠᠲᠤ ᠬᠥᠯ ᠪᠥᠮᠪᠥᠭᠡ᠎ᠶᠢᠨ ᠤᠷᠤᠯᠳᠤᠭᠠᠨ᠎ᠳᠤ
ᠤᠷᠤᠯᠴᠠᠬᠤ ᠲᠠᠮᠢᠷᠴᠢᠨ᠎ᠤ ᠨᠡᠷᠡᠰ᠎ᠢ ᠨᠡᠢᠲᠡᠯᠡᠭᠰᠡᠨ ᠪᠥᠭᠡᠳ ᠪᠣᠯᠪᠠᠰᠤᠷᠠᠯ᠎ᠤᠨ ᠠᠵᠢᠯ᠎ᠢ ᠡᠮᠬᠢ ᠵᠢᠷᠤᠮ᠎ᠲᠠᠢ
ᠠᠬᠢᠭᠤᠯᠵᠤ᠂ 2026 ᠣᠨ᠎ᠤ ᠳᠡᠯᠡᠬᠡᠢ᠎ᠶᠢᠨ ᠬᠤᠨᠳᠠᠭᠠᠲᠤ ᠬᠥᠯ ᠪᠥᠮᠪᠥᠭᠡ᠎ᠶᠢᠨ ᠤᠷᠤᠯᠳᠤᠭᠠᠨ᠎ᠳᠤ ᠪᠡᠯᠡᠳᠬᠡᠬᠦ
ᠪᠦᠬᠦᠯᠢ ᠴᠣᠭᠴᠠ᠎ᠶᠢᠨ ᠲᠥᠯᠥᠪᠯᠡᠭᠡ᠎ᠶᠢ ᠪᠠᠲᠤᠯᠠᠨ᠎ᠠ ᠭᠡᠵᠦ ᠢᠯᠡᠷᠬᠡᠢᠯᠡᠪᠡ᠃
✦ᠲᠤᠬᠠᠢ᠎ᠶᠢᠨ ᠭᠠᠵᠠᠷ᠎ᠤᠨ ᠴᠠᠭ᠎ᠢᠶᠠᠷ 4 ᠰᠠᠷ᠎ᠠ᠎ᠶᠢᠨ 18᠎ᠤ ᠡᠳᠦᠷ᠂ 2026 ᠣᠨ᠎ᠤ ᠰᠨᠤᠺᠤᠨ ᠳᠡᠯᠡᠬᠡᠢ᠎ᠶᠢᠨ ᠮᠠᠩᠯᠠᠢ
ᠰᠢᠯᠭᠠᠷᠠᠭᠤᠯᠬᠤ ᠤᠷᠤᠯᠳᠤᠭᠠᠨ ᠠᠩᠭᠯᠢ᠎ᠳᠦ ᠡᠬᠢᠯᠡᠪᠡ᠃ ᠳᠤᠮᠳᠠᠳᠤ ᠤᠯᠤᠰ᠎ᠤᠨ ᠲᠠᠮᠢᠷᠴᠢᠨ ᠵᠣᠣ ᠰᠢᠨ ᠲᠦᠩ ᠠᠩᠬᠠᠨ᠎ᠤ ᠡᠭᠡᠯᠵᠢ᠎ᠶᠢᠨ
ᠤᠷᠤᠯᠳᠤᠭᠠᠨ᠎ᠳᠤ 10᠄ 7 ᠪᠠᠷ ᠠᠩᠭᠯᠢ᠎ᠵᠢᠨ ᠲᠠᠮᠢᠷᠴᠢᠨ᠎ᠢ ᠢᠯᠠᠵᠤ᠂ ᠡᠮᠦᠨ᠎ᠡ 16᠎ᠳᠦ ᠤᠷᠤᠵᠠᠢ᠃
✦19᠎ᠤ ᠡᠳᠦᠷ᠂ 2026 ᠣᠨ᠎ᠤ ᠥᠪᠥᠷ ᠮᠣᠩᠭᠣᠯ᠎ᠤᠨ ᠥᠪᠡᠷᠲᠡᠭᠡᠨ
ᠵᠠᠰᠠᠬᠤ ᠣᠷᠣᠨ᠎ᠤ ᠬᠥᠯ ᠪᠦᠮᠪᠥᠭᠡᠶᠢᠨ ᠭᠡᠲᠦ ᠳᠡᠰ᠎ᠤᠨ ᠬᠣᠯᠪᠣᠭᠠᠲᠤ ᠤᠷᠤᠯᠳᠤᠭᠠᠨ᠎ᠤ ᠰᠢᠪᠠᠭ᠎ᠠ ᠰᠤᠭᠤᠯᠬᠤ
ᠶᠣᠰᠣᠯᠠᠯ ᠬᠦᠬᠡᠬᠣᠲᠠ᠎ᠳᠤ ᠶᠠᠪᠤᠭᠳᠠᠪᠠ᠃ ᠡᠭᠦᠨ᠎ᠳᠤ ᠠᠩᠬᠠᠨ᠎ᠤ ᠡᠭᠡᠯᠵᠢ᠎ᠶᠢᠨ ᠤᠷᠤᠯᠳᠤᠭᠠᠨ᠎ᠳᠤ ᠪᠠᠶᠠᠨᠨᠠᠭᠤᠷ
ᠬᠣᠲᠠ᠎ᠶᠢᠨ ᠪᠥᠮᠪᠥᠭᠡ᠎ᠶᠢᠨ ᠠᠩᠭᠢ ᠠᠯᠠᠱᠠ ᠠᠢᠮᠠᠭ᠎ᠤᠨ
ᠬᠢᠨ᠎ᠲᠠᠢ ᠤᠷᠤᠯᠳᠤᠬᠤ᠎ᠪᠡᠷ ᠪᠠᠢᠵᠤ᠂ 5 ᠰᠠᠷ᠎ᠠ᠎ᠶᠢᠨ 15 — 17᠎ᠤ ᠡᠳᠦᠷᠪᠤᠯᠲᠠᠯᠠ ᠪᠠᠶᠠᠨᠨᠠᠭᠤᠷ ᠬᠣᠲᠠ᠎ᠶᠢᠨ ᠬᠥᠯ ᠪᠥᠮᠪᠥᠭᠡ᠎ᠶᠢᠨ ᠴᠡᠴᠡᠷᠯᠢᠭ᠎ᠲᠦ
ᠶᠠᠪᠤᠭᠳᠠᠬᠤ ᠪᠣᠯᠣᠨ᠎ᠠ᠃
ᠲᠡᠯᠡᠬᠡᠢ
✦ᠲᠥᠪ ᠲᠸᠯᠸᠢᠰ᠎ᠤᠨ ᠮᠡᠳᠡᠭᠡ᠎ᠶᠢ ᠦᠨᠳᠦᠰᠦᠯᠡᠪᠡᠯ᠂ ᠢᠷᠡᠨ᠎ᠤ ᠠᠷᠠᠳ᠎ᠤᠨ ᠠᠭᠠᠷ᠎ᠤᠨ ᠠᠶᠠᠯᠠᠯ᠎ᠤᠨ ᠵᠣᠬᠢᠶᠠᠨ ᠪᠠᠢᠭᠤᠯᠤᠯᠲᠠ᠎ᠶᠢᠨ
ᠳᠡᠳ᠋ ᠲᠡᠷᠢᠭᠦᠯᠡᠭᠴᠢ 19᠎ᠦ ᠡᠳᠦᠷ ᠢᠯᠡᠷᠬᠡᠢᠯᠡᠬᠦ᠎ᠳᠡᠭᠡᠨ᠂ ᠢᠷᠡᠨ᠎ᠤ ᠬᠠᠷᠢᠶ᠎ᠠ ᠠᠭᠠᠷ᠎ᠢ
ᠳᠥᠷᠪᠡᠨ ᠱᠠᠲᠤ ᠬᠤᠪᠢᠶᠠᠨ ᠳᠠᠬᠢᠨ ᠨᠡᠭᠡᠭᠡᠵᠦ᠂ ᠬᠡᠰᠡᠭ ᠡᠭᠡᠯᠵᠢ᠎ᠶᠢᠨ ᠨᠢᠰᠬᠡᠯ᠎ᠢ ᠠᠯᠬᠤᠮ ᠠᠯᠬᠤᠮ᠎ᠢᠶᠠᠷ ᠰᠡᠷᠭᠦᠭᠡᠨ᠎ᠡ
ᠭᠡᠵᠡᠢ᠃
ᠦᠢᠯᠡᠴᠢᠯᠡᠭᠡ
✦ᠬᠥᠬᠡᠬᠣᠲᠠ᠎ᠶᠢᠨ ᠣᠢ ᠰᠢᠭᠤᠢ ᠪᠠ ᠨᠤᠲᠤᠭ ᠪᠡᠯᠴᠢᠭᠡᠷ᠎ᠦᠨ ᠲᠣᠪᠴᠢᠶ᠎ᠠ᠎ᠵᠢᠨ
ᠳᠠᠯᠠᠨ ᠬᠠᠷ᠎ᠠ ᠠᠭᠤᠯᠠ᠎ᠶᠢᠨ ᠠᠮᠢ ᠠᠬᠤᠢ᠎ᠶᠢᠨ ᠠᠷᠠᠴᠢᠯᠠᠨ ᠬᠠᠮᠠᠭᠠᠯᠠᠬᠤ ᠲᠥᠪ ᠠᠵᠢᠯᠲᠠᠨ ᠡᠯᠰᠡᠵᠦ ᠪᠤᠢ᠃ ᠨᠠᠷᠢᠨ ᠠᠭᠤᠯᠭ᠎ᠠ᠎ᠶᠢ《ᠤᠤᠯ
ᠵᠤᠬᠢᠶᠠᠯ᠎ᠢ ᠦᠵᠡᠬᠦ》(阅读原文)ᠦᠰᠦᠭ᠎ᠢ
ᠳᠤᠪᠴᠢᠳᠠᠵᠤ ᠦᠵᠡᠭᠡᠷᠡᠢ!
ᠲᠠᠨ᠎ᠤ ᠲᠤᠰᠠ᠎ᠳᠤ
✦ᠬᠠᠲᠠᠭᠤ
ᠵᠢᠮᠢᠰ᠎ᠦᠨ ᠳᠣᠲᠣᠷᠠᠬᠢ ᠥᠭᠡᠬᠦ ᠨᠢ ᠬᠠᠨᠤᠮᠠᠯ ᠪᠤᠰᠤ ᠥᠭᠡᠬᠦ᠎ᠪᠡᠷ ᠭᠣᠣᠯᠯᠠᠵᠤ᠂ ᠪᠠᠰᠠ ᠢᠳᠡᠭᠡᠨ᠎ᠦ
ᠰᠢᠷᠬᠡᠭᠯᠢᠭ᠂ ᠤᠷᠭᠤᠮᠠᠯ᠎ᠤᠨ ᠭᠤᠨᠠᠨ ᠠᠯᠺᠣᠣᠯ᠂ ᠣᠯᠠᠨᠴᠢ ᠹᠧᠨᠣᠯ ᠵᠡᠷᠭᠡ ᠪᠦᠷᠢᠯᠳᠦᠭᠦᠨ ᠠᠭᠤᠯᠵᠤ᠂ ᠴᠥᠮ
ᠴᠢᠰᠤᠨ᠎ᠤ ᠥᠭᠡᠬᠦ᠎ᠳᠦ ᠠᠰᠢᠭ᠍ᠲᠠᠢ ᠪᠦᠷᠢᠯᠳᠦᠭᠦᠨ ᠪᠣᠯᠣᠨ᠎ᠠ᠃ ᠡᠩ᠎ᠦᠨ ᠦᠶ᠎ᠠ᠎ᠳᠤ ᠭᠦᠢᠯᠡᠰᠦᠨ ᠴᠥᠮ᠎ᠡ᠂
ᠬᠤᠰᠢᠭ᠎ᠠ᠂ ᠬᠤᠸᠠᠱᠧᠩ ᠵᠡᠷᠭᠡ ᠬᠠᠲᠠᠭᠤ ᠵᠢᠮᠢᠰ ᠢᠳᠡᠬᠦ ᠨᠢ ᠪᠡᠶ᠎ᠡ᠎ᠵᠢᠨ ᠰᠢᠮ᠎ᠡ ᠲᠡᠵᠢᠭᠡᠯ᠎ᠢ
ᠨᠥᠬᠥᠪᠥᠷᠢᠯᠡᠬᠦ᠎ᠳᠦ ᠠᠰᠢᠭᠲᠠᠢ᠃
ᠵᠠᠯᠭᠠᠭᠠᠳ 《ᠬᠠᠩᠭᠠᠢ ᠨᠤᠲᠤᠭ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠲᠠ ᠪᠦᠬᠦᠨ᠎ᠤ ᠬᠦᠯᠢᠶᠡᠨ ᠠᠪᠴᠤ᠌ ᠰᠤᠨᠤᠰᠤᠬ᠍ᠰᠠᠨ᠎ᠳᠤ ᠪᠠᠶᠠᠷᠯᠠᠯ᠎ᠠ᠂
ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)