


ᠨᠡᠢ᠌ᠭᠡᠮ
✦ ᠲᠥᠷᠥ ᠶᠢᠨ ᠶᠠᠪᠤᠳᠠᠯ ᠤᠨ ᠬᠣᠷᠢᠶ᠎ᠠ
ᠲᠦᠷᠦᠭᠦᠬᠡᠨ 《ᠦᠢᠯᠡᠴᠢᠯᠡᠭᠡᠨ᠎ᠦ
ᠦᠢᠯᠡᠰ᠎ᠦᠨ ᠴᠢᠳᠠᠪᠤᠷᠢ᠎ᠶᠢ ᠥᠷᠭᠡᠳᠬᠡᠨ ᠶᠠᠰᠤ ᠴᠢᠨᠠᠷ᠎ᠢ ᠳᠡᠭᠡᠭᠰᠢᠯᠡᠭᠦᠯᠬᠦ᠎ᠶᠢ ᠠᠬᠢᠭᠤᠯᠬᠤ ᠲᠤᠬᠠᠢ ᠰᠠᠨᠠᠯ》 ᠳᠠᠷᠤᠮᠠᠯᠯᠠᠨ ᠲᠠᠷᠬᠠᠭᠠᠵᠤ᠂ 2030 ᠣᠨ ᠪᠣᠯᠬᠤ᠎ᠳᠤ ᠦᠢᠯᠡᠴᠢᠯᠡᠭᠡᠨ᠎ᠦ ᠦᠢᠯᠡᠰ᠎ᠦᠨ ᠶᠡᠷᠦᠩᠬᠡᠢ
ᠬᠡᠪᠴᠢᠶ᠎ᠡ᠎ᠶᠢ 100 ᠲᠦᠮᠡᠨ ᠳ᠋ᠦᠩᠰᠢᠭᠤᠷ ᠲᠥᠭᠥᠷᠢᠭ᠎ᠲᠦ
ᠬᠦᠷᠭᠡᠨ᠎ᠡ ᠭᠡᠪᠡ᠃
✦ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ
ᠶᠡᠷᠦᠩᠬᠡᠢ ᠲᠣᠪᠴᠢᠶ᠎ᠠ᠂ ᠰᠤᠷᠭᠠᠨ ᠬᠥᠮᠦᠵᠢᠯ᠎ᠦᠨ ᠶᠠᠮᠤᠨ ᠲᠦᠷᠦᠭᠦᠦ ᠪᠦᠯᠦᠭ᠎ᠦᠨ 《ᠲᠤᠰᠬᠠᠢ ᠮᠡᠷᠭᠡᠵᠢᠯ ᠬᠢᠭᠡᠳ ᠪᠠᠷᠢᠮᠵᠢᠶᠠᠵᠢᠭᠤᠯᠤᠭᠰᠠᠨ
ᠰᠤᠷᠭᠠᠨ ᠬᠥᠮᠦᠵᠢᠯ᠎ᠢ ᠠᠭᠤᠰᠤᠯᠴᠠᠭᠤᠯᠬᠤ ᠲᠤᠷᠰᠢᠯᠲᠠ》 ᠵᠢᠨ ᠨᠡᠷᠡᠰ᠎ᠢ ᠬᠠᠮᠲᠤᠷᠠᠨ ᠨᠡᠢᠲᠡᠯᠡᠵᠦ᠂ ᠪᠥᠬᠥ ᠤᠯᠤᠰ᠎ᠤᠨ
ᠨᠡᠶ᠋ᠢᠲᠡ 281 ᠲᠤᠷᠰᠢᠯᠲᠠ᠎ᠶᠢᠨ ᠴᠡᠭ᠎ᠤᠨ ᠲᠥᠷᠥᠯ ᠵᠦᠢᠯ᠂ 253 ᠶᠡᠬᠡ ᠳᠡᠭᠡᠳᠦ ᠰᠤᠷᠭᠠᠭᠤᠯᠢ᠎ᠶᠢ ᠬᠠᠮᠤᠷᠤᠭᠰᠠᠨ ᠪᠠᠢᠨ᠎ᠠ᠃
✦ ᠬᠣᠶᠠᠳᠤᠭᠠᠷ ᠬᠤᠭᠤᠴᠠᠭᠠᠨ᠎ᠤ ᠳᠡᠯᠡᠬᠡᠢ᠎ᠶᠢᠨ ᠬᠥᠮᠥᠨ ᠳᠦᠷᠰᠦᠲᠦ
ᠮᠠᠰᠢᠨ ᠬᠥᠮᠥᠨ᠎ᠦ ᠲᠠᠮᠢᠷ᠎ᠤᠨ ᠴᠤᠭᠯᠠᠭᠠᠨ 8 ᠰᠠᠷ᠎ᠠ᠎ᠶᠢᠨ 22 — 26᠎ᠤ ᠡᠳᠦᠷ ᠪᠣᠯᠲᠠᠯ᠎ᠠ ᠤᠯᠤᠰ᠎ᠤᠨ ᠲᠦᠷᠭᠡᠨ ᠲᠡᠰᠢᠯᠲᠡ ᠶᠢᠨ
ᠣᠷᠳᠣᠨ᠎ᠳᠤ ᠶᠠᠪᠤᠭᠳᠠᠬᠤ᠎ᠪᠡᠷ ᠪᠠᠢᠵᠤ᠂ ᠤᠷᠤᠯᠳᠤᠭᠠᠨ᠎ᠤ ᠬᠤᠭᠤᠴᠠᠭ᠎ᠠ ᠨᠢ 5 ᠡᠳᠦᠷ ᠪᠤᠯᠤᠨ᠎ᠠ᠃
✦ 4 ᠰᠠᠷ᠎ᠠ᠎ᠶᠢᠨ 22᠎ᠤᠨ ᠡᠳᠦᠷ᠂ ᠺᠣᠷᠢᠶᠠ᠎ᠳᠤ
ᠪᠠᠢᠭᠰᠠᠨ ᠳᠤᠮᠳᠠᠳᠤ ᠤᠯᠤᠰ᠎ᠤᠨ ᠠᠷᠠᠳ᠎ᠤᠨ ᠰᠠᠢᠨ ᠳᠤᠷ᠎ᠠ᠎ᠶᠢᠨ ᠴᠡᠷᠢᠭ᠎ᠦᠨ 12 ᠦᠷᠡᠭᠳᠡᠭᠰᠡᠨ ᠪᠠᠭᠠᠲᠤᠷ᠎ᠤᠨ ᠴᠢᠨᠳᠠᠷ ᠵᠢᠴᠢ ᠬᠣᠯᠪᠣᠭᠳᠠᠯ
ᠪᠦᠬᠦᠢ ᠦᠯᠡᠳᠡᠭᠳᠡᠯ ᠪᠣᠳᠠᠰ᠎ᠢ ᠤᠯᠤᠰ᠎ᠲᠠᠭᠠᠨ ᠠᠪᠴᠢᠷᠠᠵᠠᠢ᠃
✦ 4 ᠰᠠᠷ᠎ᠠ᠎ᠶᠢᠨ 21᠎ᠦ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ
ᠠᠷᠠᠳ᠎ᠤᠨ ᠵᠠᠰᠠᠭ᠎ᠤᠨ ᠣᠷᠳᠣᠨ᠎ᠤ ᠰᠣᠨᠢᠨ ᠮᠡᠳᠡᠭᠡᠨ᠎ᠦ ᠠᠯᠪᠠᠨ ᠭᠡᠷ 《ᠠᠷᠪᠠᠨ ᠲᠠᠪᠤᠳᠤᠭᠠᠷ ᠲᠠᠪᠤᠨ ᠵᠢᠯ》᠎ᠤᠨ ᠲᠥᠯᠥᠪᠵᠢᠭᠦᠯᠭᠡ᠎ᠶᠢᠨ ᠬᠤᠭᠤᠴᠠᠭᠠᠨ᠎ᠤ
ᠲᠤᠰᠬᠠᠢ ᠰᠡᠳᠦᠪᠲᠦ ᠰᠣᠨᠢᠨ ᠮᠡᠳᠡᠭᠡ ᠨᠡᠢᠲᠡᠯᠡᠬᠦ ᠬᠤᠷᠠᠯ ᠬᠢᠪᠡ᠃ ᠰᠣᠨᠢᠨ ᠮᠡᠳᠡᠭᠡ ᠨᠡᠢᠲᠡᠯᠡᠬᠦ ᠬᠤᠷᠠᠯ ᠨᠢ
ᠰᠢᠨ᠎ᠡ ᠣᠷᠣᠨ ᠪᠠᠢᠷᠢ᠎ᠶᠢ ᠡᠵᠡᠮᠳᠡᠬᠦ᠂ ᠰᠢᠨ᠎ᠡ ᠬᠠᠷᠠᠯᠲᠠ᠎ᠶᠢ ᠡᠵᠡᠮᠳᠡᠬᠦ᠂ ᠰᠢᠨ᠎ᠡ ᠪᠠᠢᠷᠢᠯᠠᠭᠤᠯᠤᠯᠲᠠ᠎ᠶᠢ
ᠡᠵᠡᠮᠳᠡᠬᠦ 《ᠭᠤᠷᠪᠠᠨ
ᠰᠢᠨ᠎ᠡ》 ᠲᠠᠯ᠎ᠠ᠎ᠠᠴᠠ
ᠥᠪᠡᠷᠲᠡᠭᠡᠨ ᠵᠠᠰᠠᠬᠤ ᠣᠷᠣᠨ᠎ᠤ 《ᠠᠷᠪᠠᠨ ᠲᠠᠪᠤᠳᠤᠭᠠᠷ ᠲᠠᠪᠤᠨ ᠵᠢᠯ》᠎ᠤᠨ ᠲᠥᠯᠦᠪᠵᠢᠭᠦᠯᠭᠡ᠎ᠶᠢᠨ ᠬᠤᠭᠤᠴᠠᠭᠠᠨ᠎ᠤ
ᠠᠵᠤ ᠠᠬᠤᠢ ᠨᠡᠢᠭᠡᠮ᠎ᠦᠨ ᠬᠥᠭᠵᠢᠯᠲᠡ᠎ᠶᠢᠨ ᠬᠠᠷᠠᠯᠲᠠ ᠪᠠ ᠡᠭᠦᠷᠭᠡ᠎ᠶᠢ ᠲᠠᠨᠢᠯᠴᠠᠭᠤᠯᠪᠠ᠃
✦ ᠲᠦᠷᠦᠭᠦᠬᠡᠨ 《ᠳᠤᠮᠳᠠᠳᠤ ᠤᠯᠤᠰ᠎ᠤᠨ ᠤᠯᠤᠰ᠎ᠤᠨ ᠵᠢᠭᠤᠯᠴᠢᠯᠠᠯ》᠎ᠤᠨ ᠰᠢᠨ᠎ᠡ ᠵᠠᠭᠤᠴᠢᠯᠠᠭᠤᠷ ᠤᠨ ᠬᠥᠭᠵᠢᠯᠲᠡ᠎ᠶᠢᠨ
ᠬᠤᠷᠠᠯ ᠵᠢᠴᠢ 《ᠡᠷᠳᠡᠨᠢᠰ᠎ᠦᠨ ᠰᠠᠩ᠎ᠤᠨ ᠵᠢᠵᠢᠭ ᠬᠣᠲᠠ》᠎ᠳᠤ ᠫᠠᠢᠰᠠ ᠣᠯᠭᠣᠬᠤ ᠠᠵᠢᠯᠯᠠᠭ᠎ᠠ ᠪᠡᠭᠡᠵᠢᠩ᠎ᠳᠦ ᠶᠠᠪᠤᠭᠳᠠᠪᠠ᠃
ᠲᠣᠰ ᠤᠳᠠᠭᠠᠨ᠎ᠤ ᠠᠵᠢᠯᠯᠠᠭ᠎ᠠ᠎ᠳᠦ ᠪᠥᠬᠥ ᠤᠯᠤᠰ᠎ᠤᠨ 19 ᠮᠤᠵᠢ ᠬᠣᠲᠠ᠎ᠵᠢᠨ 36 ᠬᠣᠲᠠ ᠴᠣᠯᠭᠣᠷᠠᠵᠤ᠂ ᠲᠦᠩᠯᠢᠶᠣᠣ ᠬᠣᠲᠠ᠎ᠶᠢᠨ ᠬᠦᠷᠢᠶ᠎ᠡ ᠬᠣᠰᠢᠭᠤ
ᠪᠥᠬᠥ ᠤᠯᠤᠰ᠎ᠤᠨ ᠠᠩᠬᠠᠳᠠᠭ᠍ᠴᠢ ᠪᠦᠯᠦᠭ 《ᠡᠷᠳᠡᠨᠢᠰ᠎ᠦᠨ ᠰᠠᠩ᠎ᠤᠨ ᠵᠢᠵᠢᠭ ᠬᠣᠲᠠ》 ᠵᠢᠨ ᠴᠣᠯᠠ ᠭᠥᠷᠳᠡᠪᠡ᠃
✦ ᠤᠢᠷ᠎ᠠ᠎ᠳᠦ ᠥᠪᠡᠷᠲᠡᠭᠡᠨ ᠵᠠᠰᠠᠬᠤ ᠣᠷᠣᠨ᠎ᠤ
ᠡᠨᠧᠷᠭᠢ᠎ᠶᠢᠨ ᠠᠵᠢᠯ ᠲᠥᠷᠥᠯ᠎ᠤᠨ ᠠᠩᠬᠠᠳᠠᠭ᠍ᠴᠢ ᠴᠢᠮᠡᠭᠡ
ᠬᠣᠯᠪᠣᠭᠠᠨ᠎ᠤ ᠲᠤᠰᠬᠠᠢ ᠮᠡᠷᠭᠡᠵᠢᠯ᠎ᠤᠨ ᠲᠤᠷᠰᠢᠯᠳᠠ᠎ᠶᠢᠨ ᠲᠠᠰᠤᠭ ᠪᠣᠯᠬᠤ ᠥᠪᠥᠷ ᠮᠣᠩᠭᠣᠯ᠎ᠤᠨ ᠴᠠᠬᠢᠯᠭᠠᠨ ᠬᠦᠴᠦᠨ᠎ᠦ
ᠪᠦᠯᠦᠭᠯᠡᠯ᠎ᠦᠨ ᠴᠢᠮᠡᠭᠡ ᠬᠣᠯᠪᠣᠭᠠᠨ᠎ᠦ ᠰᠣᠷᠢᠯᠲᠠ ᠬᠢᠭᠡᠳ
ᠳᠠᠭᠤᠷᠢᠶᠠᠮᠠᠯ ᠲᠤᠷᠰᠢᠯᠲᠠ᠎ᠶᠢᠨ ᠲᠠᠰᠤᠭ ᠨᠢ ᠳᠤᠮᠳᠠᠳᠤ ᠤᠯᠤᠰ᠎ᠤᠨ ᠬᠢᠷᠢ ᠬᠡᠮ᠎ᠢ ᠦᠨᠡᠯᠡᠨ ᠲᠣᠭᠲᠠᠭᠠᠬᠤ
ᠤᠯᠤᠰ᠎ᠤᠨ ᠬᠢᠨᠠᠨ ᠵᠥᠪᠰᠢᠶᠡᠷᠡᠬᠦ ᠵᠥᠪᠯᠡᠯ (CMAS)᠎ᠤᠨ ᠬᠢᠨᠠᠨ ᠲᠣᠭᠲᠠᠭᠠᠯᠲᠠ᠎ᠳᠤ ᠵᠥᠪᠰᠢᠶᠡᠷᠡᠭᠳᠡᠪᠡ᠃
✦ ᠲᠦᠷᠦᠭᠦᠬᠡᠨ ᠪᠠᠶᠠᠨᠨᠠᠭᠤᠷ ᠬᠤᠲᠠ᠎ᠵᠢᠨ
ᠳ᠋ᠧᠩᠺᠸᠦ ᠰᠢᠶᠠᠨ᠎ᠤ ᠮᠸᠩ ᠱᠧᠩ ᠾᠸ ᠪᠠᠯᠭᠠᠰᠤᠨ᠎ᠤ ᠭᠣᠣᠯ ᠡᠷᠡᠭᠦᠯ ᠬᠠᠮᠠᠭᠠᠯᠠᠯ᠎ᠤᠨ ᠬᠣᠷᠢᠶ᠎ᠠ ᠪᠷᠦ᠋ᠼᠧᠯ᠎ᠤᠨ
ᠰᠠᠪᠠᠬᠠᠨᠴᠢᠷ ᠪᠠᠺᠲᠧᠷᠢ᠎ᠶᠢᠨ ᠡᠪᠡᠳᠴᠢᠨ᠎ᠢ ᠰᠢᠭ᠌ᠰᠢᠨ ᠪᠠᠢᠴᠠᠭᠠᠬᠤ ᠠᠯᠪᠠᠨ ᠵᠢᠷᠤᠮ᠎ᠤᠨ ᠡᠮᠴᠢᠯᠡᠭᠡᠨ᠎ᠦ ᠵᠥᠪᠯᠡᠯᠭᠡ
ᠥᠭᠬᠦ ᠠᠵᠢᠯᠯᠠᠭ᠎ᠠ ᠥᠷᠨᠢᠭᠦᠯᠪᠡ᠃
✦ ᠣᠳᠣᠬᠠᠨ᠎ᠳᠤ ᠮᠠᠨ᠎ᠤ ᠤᠷᠤᠨ ᠬᠠᠪᠤᠷ᠎ᠤᠨ
ᠤᠯᠠᠷᠢᠯ᠎ᠤᠨ ᠪᠡᠯᠴᠢᠭᠡᠷᠯᠡᠭᠦᠯᠬᠦ᠎ᠵᠢ ᠵᠤᠭᠰᠤᠭᠠᠬᠤ ᠵᠠᠩᠭᠢᠯᠠᠭ᠎ᠠ᠎ᠶᠢᠨ ᠬᠤᠭᠤᠴᠠᠭᠠᠨ᠎ᠳᠦ ᠤᠷᠤᠵᠤ᠂ ᠰᠢᠯᠢ᠎ᠵᠢᠨ
ᠭᠤᠤᠯ ᠠᠢᠮᠠᠭ᠎ᠤᠨ ᠰᠢᠯᠤᠭᠤᠨ ᠬᠥᠪᠡᠭᠡᠲᠦ ᠴᠠᠭᠠᠨ ᠬᠣᠰᠢᠭᠤ ᠪᠠᠴᠢᠮ ᠪᠠᠢᠳᠠᠯ᠎ᠢ ᠠᠷᠭᠠᠴᠠᠭᠠᠬᠤ ᠲᠡᠵᠢᠭᠡᠯ ᠡᠪᠡᠰᠦ
ᠲᠠᠷᠬᠠᠭᠠᠬᠤ ᠠᠵᠢᠯᠯᠠᠭ᠎ᠠ ᠵᠣᠬᠢᠶᠠᠨ ᠪᠠᠢᠭᠤᠯᠤᠨ ᠥᠷᠨᠢᠭᠦᠯᠵᠦ᠂ 2000 ᠭᠠᠷᠤᠢ ᠲᠣᠨ ᠬᠠᠭᠤᠷᠠᠢ ᠡᠪᠡᠰᠦ᠎ᠶᠢ ᠬᠤᠨᠢ ᠪᠦᠷᠢ 5.58 ᠺᠢᠯᠣᠭ᠌ᠷᠠᠮ᠎ᠤᠨ ᠪᠠᠷᠢᠮᠵᠢᠶ᠎ᠠ᠎ᠪᠠᠷ ᠬᠡᠷᠡᠭᠴᠡᠭᠡ ᠱᠠᠭᠠᠷᠳᠠᠯᠭ᠎ᠠ᠎ᠲᠠᠢ
ᠮᠠᠯᠵᠢᠬᠤ ᠡᠷᠦᠬᠡ᠎ᠳᠦ ᠲᠠᠷᠬᠠᠭᠠᠵᠠᠢ᠃
ᠠᠵᠤ ᠠᠬᠤᠢ
✦ ᠳᠤᠮᠳᠠᠳᠤ ᠤᠯᠤᠰ᠎ᠤᠨ ᠲᠣᠭᠯᠠᠯᠲᠠ᠎ᠶᠢᠨ ᠠᠵᠢᠯ
ᠲᠥᠷᠥᠯ᠎ᠦᠨ ᠨᠡᠢᠭᠡᠮᠯᠢᠭ᠎ᠦᠨ ᠨᠡᠢᠲᠡᠯᠡᠭᠰᠡᠨ ᠲᠣᠭ᠎ᠠ ᠪᠠᠷᠢᠮᠲᠠ᠎ᠵᠢ ᠦᠨᠳᠦᠰᠦᠯᠡᠪᠡᠯ᠂ 2025 ᠣᠨ᠎ᠳᠤ ᠪᠥᠬᠥ ᠤᠯᠤᠰ᠎ᠤᠨ ᠲᠣᠭᠯᠠᠯᠲᠠ᠎ᠶᠢᠨ ᠵᠠᠬ᠎ᠠ ᠳᠡᠯᠭᠡᠭᠦᠷ᠎ᠦᠨ
ᠶᠡᠷᠦᠩᠬᠡᠢ ᠣᠷᠣᠯᠭ᠎ᠠ 837.22 ᠳ᠋ᠦᠩᠰᠢᠭᠤᠷ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ
ᠬᠢ᠎ᠡᠴᠡ 5.19% ᠪᠡᠷ ᠨᠡᠮᠡᠭᠳᠡᠪᠡ᠃
✦ ᠨᠢᠭᠡᠳᠦᠭᠡᠷ ᠤᠯᠠᠷᠢᠯ᠎ᠳᠤ ᠮᠠᠨ᠎ᠤ ᠤᠯᠤᠰ᠎ᠤᠨ
ᠬᠡᠪᠴᠢᠶᠡᠵᠢᠯ᠎ᠡᠴᠡ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠦᠷᠳᠡᠭ ᠠᠳᠠᠯᠢ ᠬᠤᠭᠤᠴᠠᠭᠠᠨ᠎ᠤ ᠬᠢ᠎ᠡᠴᠡ
6.1% ᠪᠡᠷ ᠨᠡᠮᠡᠭᠳᠡᠵᠦ᠂ 31 ᠮᠤᠵᠢ ᠣᠷᠣᠨ᠎ᠤ ᠠᠵᠤ ᠦᠢᠯᠡᠳᠪᠦᠷᠢ᠎ᠶᠢᠨ ᠨᠡᠮᠡᠭᠳᠡᠯ ᠦᠷᠳᠡᠭ
ᠴᠥᠮ ᠨᠡᠮᠡᠭᠳᠡᠵᠡᠢ᠃
ᠰᠣᠶᠣᠯ
✦ ᠤᠢᠷ᠎ᠠ᠎ᠳᠦ 《ᠪᠠᠳᠠᠢ ᠵᠢᠨ ᠵᠢᠷᠠᠨ ᠡᠯᠡᠰᠦ — ᠡᠯᠡᠰᠦᠨ ᠴᠣᠬᠢᠶ᠎ᠠ ᠨᠠᠭᠤᠷ ᠪᠦᠷᠢᠳᠦᠨᠦᠭᠦᠳ》 ᠭᠡᠬᠦ ᠭᠣᠣᠯ ᠰᠡᠳᠦᠪᠲᠦ ᠭᠡᠷᠡᠯ ᠵᠢᠷᠤᠭ᠎ᠤᠨ
ᠦᠵᠡᠰᠬᠦᠯᠡᠩ ᠮᠠᠨ᠎ᠤ ᠣᠷᠣᠨ᠎ᠤ ᠡᠯ᠎ᠡ ᠶᠡᠬᠡ ᠳᠡᠭᠡᠳᠦ ᠰᠤᠷᠭᠠᠭᠤᠯᠢ᠎ᠳᠤ ᠳᠡᠯᠭᠡᠭᠳᠡᠨ᠂ ᠳᠡᠯᠡᠬᠡᠢ ᠶᠢᠨ ᠪᠠᠢᠭᠠᠯᠢ
ᠶᠢᠨ ᠥᠪ ᠪᠣᠯᠬᠤ ᠪᠠᠳᠠᠢ᠎ᠶᠢᠨ ᠵᠢᠷᠠᠨ ᠡᠯᠡᠰᠦ᠎ᠶᠢ ᠤᠬᠠᠭᠤᠯᠬᠤ᠂ ᠬᠠᠮᠠᠭᠠᠯᠠᠬᠤ᠂ ᠠᠰᠢᠭ᠍ᠯᠠᠬᠤ᠎ᠶᠢ ᠠᠬᠢᠭᠤᠯᠵᠤ᠂
ᠶᠡᠬᠡ ᠳᠡᠭᠡᠳᠦ ᠰᠤᠷᠭᠠᠭᠤᠯᠢ ᠵᠢᠨ ᠪᠠᠭ᠍ᠰᠢ ᠰᠤᠷᠤᠭ᠍ᠴᠢᠳ᠎ᠲᠤ ᠠᠯᠠᠱᠠ᠎ᠶᠢ ᠲᠠᠨᠢᠵᠤ ᠮᠡᠳᠡᠭᠦᠯᠬᠦ ᠲᠠᠪᠴᠠᠩ ᠬᠠᠩᠭᠠᠭᠰᠠᠨ
ᠪᠠᠢᠨ᠎ᠠ᠃
ᠳᠡᠯᠡᠬᠡᠢ
✦ ᠲᠥᠪ ᠲᠸᠯᠸᠢᠰ᠎ᠤᠨ ᠮᠡᠳᠡᠭᠡ᠎ᠶᠢ ᠦᠨᠳᠦᠰᠦᠯᠡᠪᠡᠯ᠂ ᠢᠷᠡᠨ᠎ᠤ
ᠢᠰᠯᠠᠮ᠎ᠤᠨ ᠪᠥᠬᠥᠳᠡ ᠨᠠᠢᠷᠠᠮᠳᠠᠬᠤ ᠤᠯᠤᠰ᠎ᠤᠨ ᠠᠭᠠᠷ᠎ᠤᠨ ᠠᠶᠠᠯᠠᠯ᠎ᠤᠨ ᠺᠣᠮᠫᠠᠨᠢ᠎ᠵᠢᠨ ᠬᠢᠨ 22᠎ᠤᠨ ᠡᠳᠦᠷ᠎ᠡᠴᠡ ᠡᠬᠢᠯᠡᠨ ᠤᠯᠤᠰ᠎ᠤᠨ ᠳᠣᠲᠣᠭᠠᠳᠤ᠎ᠶᠢᠨ ᠡᠭᠡᠯᠵᠢ᠎ᠶᠢᠨ
ᠨᠢᠰᠬᠡᠯ᠎ᠦᠨ ᠡᠵᠡᠩᠨᠡᠯᠲᠡ᠎ᠶᠢ ᠰᠡᠷᠭᠦᠭᠡᠪᠡ ᠭᠡᠵᠦ ᠨᠡᠢᠲᠡᠯᠡᠪᠡ᠃
✦ ᠲᠥᠪ ᠲᠸᠯᠸᠢᠰ᠎ᠤᠨ ᠮᠡᠳᠡᠭᠡ᠎ᠶᠢ
ᠦᠨᠳᠦᠰᠦᠯᠡᠪᠡᠯ᠂ ᠠᠮᠧᠷᠢᠺᠠ᠎ᠶᠢᠨ apple ᠺᠣᠮᠫᠠᠨᠢ᠎ᠶᠢᠨ ᠬᠢᠨ ᠵᠤᠨ·ᠲᠸᠷᠨᠦᠰ
ᠢ ᠳᠠᠷᠠᠭᠠᠴᠢ᠎ᠵᠢᠨ ᠬᠤᠭᠤᠴᠠᠭᠠᠨ᠎ᠤ ᠲᠡᠷᠢᠭᠦᠨ ᠭᠦᠢᠴᠡᠳᠭᠡᠭᠴᠢ ᠲᠤᠰᠢᠶᠠᠯᠲᠠᠨ᠎ᠢᠶᠠᠷ ᠲᠣᠮᠢᠯᠠᠵᠤ᠂ 2011 ᠣᠨ᠎ᠠᠴᠠ ᠨᠠᠭᠠᠰᠢ ᠺᠣᠮᠫᠠᠨᠢ᠎ᠶᠢᠨ ᠲᠡᠷᠢᠭᠦᠨ ᠭᠦᠢᠴᠡᠳᠭᠡᠭᠴᠢ
ᠲᠤᠰᠢᠶᠠᠯᠲᠠᠨ᠎ᠤ ᠡᠭᠦᠷᠭᠡ᠎ᠶᠢ ᠡᠭᠦᠷᠭᠡᠯᠡᠵᠦ ᠪᠠᠢᠭᠰᠠᠨ ᠲᠢᠮ·ᠺᠦᠺᠢ ᠣᠷᠣᠯᠠᠨ᠎ᠠ ᠭᠡᠵᠦ ᠨᠡᠢᠲᠡᠯᠡᠪᠡ᠃
✦ ᠠᠮᠧᠷᠢᠺᠠ᠎ᠶᠢᠨ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ
ᠶᠠᠮᠤᠨ᠎ᠤ 20᠎ᠤ ᠡᠳᠦᠷ ᠨᠡᠢᠲᠡᠯᠡᠭᠰᠡᠨ ᠬᠠᠮᠤᠭ᠎ᠤᠨ ᠰᠢᠨ᠎ᠡ ᠲᠣᠭ᠎ᠠ ᠪᠠᠷᠢᠮᠲᠠ᠎ᠵᠢ
ᠦᠨᠳᠦᠰᠦᠯᠡᠪᠡᠯ᠂ ᠠᠮᠧᠷᠢᠺᠠ 2 ᠰᠠᠷ᠎ᠠ᠎ᠶᠢᠨ 28᠎ᠤ ᠡᠳᠦᠷ ᠢᠷᠠᠨ᠎ᠳᠤ ᠴᠡᠷᠢᠭ᠎ᠦᠨ ᠶᠠᠪᠤᠳᠠᠯ᠎ᠤᠨ ᠠᠵᠢᠯᠯᠠᠭ᠎ᠠ
ᠶᠠᠪᠤᠭᠤᠯᠤᠭᠰᠠᠨ᠎ᠡᠴᠡ ᠨᠠᠭᠠᠰᠢ ᠤᠳᠤᠬᠠᠨ᠎ᠳᠦ ᠨᠡᠶ᠋ᠢᠲᠡ 415 ᠴᠡᠷᠢᠭ ᠰᠢᠷᠬᠠᠲᠤᠵᠤ᠂ 13 ᠬᠥᠮᠥᠨ ᠡᠨᠳᠡᠵᠡᠢ᠃
ᠦᠢ᠍ᠯᠡᠴᠢᠯᠡᠭᠡ
✦ ᠪᠠᠶᠠᠨᠨᠠᠭᠤᠷ
ᠬᠣᠲᠠ᠎ᠶᠢᠨ ᠮᠣᠩᠭᠣᠯ ᠡᠮᠨᠡᠯᠭᠡ᠎ᠶᠢᠨ ᠬᠣᠷᠢᠶ᠎ᠠ ᠠᠵᠢᠯᠲᠠᠨ ᠡᠯᠰᠡᠵᠤ ᠪᠤᠢ᠃
✦ 21᠎ᠦ ᠡᠳᠦᠷ᠎ᠦᠨ 24 ᠴᠠᠭ᠎ᠠᠴᠠ ᠡᠬᠢᠯᠡᠨ᠂ ᠤᠯᠤᠰ᠎ᠤᠨ ᠳᠣᠲᠣᠭᠠᠳᠤ᠎ᠶᠢᠨ ᠲᠣᠰᠣᠨ᠎ᠤ
ᠦᠨ᠎ᠡ ᠡᠨᠡ ᠵᠢᠯ ᠠᠩᠬ᠎ᠠ ᠤᠳᠠᠭ᠎ᠠ ᠪᠠᠭᠤᠷᠠᠵᠤ᠂ 92 ᠨᠣᠮᠧᠷᠲᠤ ᠴᠢᠶᠢᠦ ᠲᠣᠰᠣ᠌᠂ 95 ᠨᠣᠮᠧᠷᠲᠤ ᠴᠢᠶᠢᠦ ᠲᠣᠰᠣ᠌᠂ 0 ᠨᠣᠮᠧᠷᠲᠤ ᠴᠠᠢᠶᠢᠦ ᠲᠣᠰᠣ᠌ ᠨᠢ ᠯᠢᠲᠷ ᠪᠦᠷᠢ᠎ᠳᠡᠭᠡᠨ
ᠲᠣᠰ ᠲᠣᠰ 0.44 ᠲᠥᠭᠥᠷᠢᠭ᠂ 0.46 ᠲᠥᠭᠥᠷᠢᠭ᠂ 0.45 ᠲᠥᠭᠥᠷᠢᠭ ᠪᠠᠭᠤᠷᠠᠵᠠᠢ᠃
ᠲᠠᠨ᠎ᠤ ᠲᠤᠰᠠ᠎ᠳᠤ
✦ ᠨᠠᠰᠤᠨ᠎ᠳᠤ
ᠬᠦᠷᠦᠭᠰᠡᠳ ᠡᠳᠦᠷ ᠪᠦᠷᠢ 20
ᠭᠷᠡᠮ ᠣᠷᠴᠢᠮ ᠰᠢᠷ᠎ᠠ ᠪᠤᠷᠴᠠᠭ ᠪᠤᠶᠤ ᠨᠡᠯᠢᠶᠡᠳ ᠬᠡᠮᠵᠢᠶᠡᠨ᠎ᠦ ᠰᠢᠷ᠎ᠠ ᠪᠤᠷᠴᠠᠭ᠎ᠤᠨ ᠢᠳᠡᠭᠡᠨ ( ᠵᠢᠱ᠌ᠢᠶᠡᠯᠡᠪᠡᠯ ᠬᠠᠲᠠᠭᠠᠮᠠᠯ
ᠳ᠋ᠧᠦᠹᠦ᠋ 50 ᠭᠷᠡᠮ᠂
ᠳᠠᠪᠤᠰᠤᠯᠠᠭᠰᠠᠨ ᠳ᠋ᠧᠦᠹᠦ᠋ 90
ᠭᠷᠡᠮ᠂ ᠳ᠋ᠧᠦᠹᠦ᠋ 150 ᠭᠷᠡᠮ ) ᠢᠳᠡᠪᠡᠯ ᠵᠣᠬᠢᠨ᠎ᠠ᠃
ᠡᠩ᠎ᠦᠨ ᠦᠶ᠎ᠡ᠎ᠳᠦ ᠰᠢᠷ᠎ᠠ ᠪᠤᠷᠴᠠᠭ᠎ᠢᠶᠠᠷ ᠱᠥᠯᠥ ᠬᠢᠬᠦ ᠪᠤᠶᠤ ᠪᠤᠷᠴᠠᠭ᠎ᠤᠨ ᠵᠤᠲᠠᠩ᠂ ᠳ᠋ᠧᠦᠹᠦ᠋᠂
ᠬᠠᠲᠠᠭᠠᠮᠠᠯ ᠳ᠋ᠧᠦᠹᠦ᠋ ᠬᠢᠵᠦ ᠢᠳᠡᠪᠡᠯ ᠰᠠᠢᠨ᠃
ᠵᠠᠯᠭᠠᠭᠠᠳ 《ᠠᠪᠤ ᠡᠵᠢ᠎ᠶᠢ᠎ᠪᠡᠨ
ᠬᠠᠢᠷᠠᠯᠠᠭᠠᠷᠠᠢ》 ᠬᠡᠬᠦ ᠲᠠᠭᠤᠤ
ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠲᠠ ᠪᠦᠬᠦᠨ᠎ᠤ
ᠬᠦᠯᠢᠶᠡᠨ ᠠᠪᠴᠤ᠌ ᠰᠤᠨᠤᠰᠤᠬ᠍ᠰᠠᠨ᠎ᠳᠤ ᠪᠠᠶᠠᠷᠯᠠᠯ᠎ᠠ᠂ ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ
ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ
ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ
ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)