


ᠨᠡᠢᠭᠡᠮ
✦ᠠᠵᠤ ᠦᠢᠯᠡᠳᠪᠦᠷᠢ ᠪᠠ ᠮᠡᠳᠡᠭᠡ ᠵᠠᠩᠭᠢᠴᠢᠯᠠᠯᠲᠠ᠎ᠶᠢᠨ
ᠶᠠᠮᠤᠨ ᠵᠡᠷᠭᠡ ᠠᠷᠪᠠᠨ ᠰᠠᠯᠠᠭ᠎ᠠ ᠮᠥᠴᠢᠷ ᠣᠢᠷ᠎ᠠ᠎ᠳᠤ ᠬᠠᠮᠲᠤᠷᠠᠨ 《ᠵᠣᠬᠢᠶᠠᠮᠠᠯ ᠣᠶᠤᠨ
ᠴᠢᠳᠠᠪᠤᠷᠢ᠎ᠶᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠶᠣᠰᠣ᠌ ᠰᠤᠷᠲᠠᠬᠤᠨ᠎ᠢ ᠬᠢᠨᠠᠨ ᠪᠠᠢᠴᠠᠭᠠᠬᠤ
ᠪᠠ ᠦᠢᠯᠡᠴᠢᠯᠡᠬᠦ ᠠᠷᠭ᠎ᠠ (ᠲᠤᠷᠰᠢᠨ ᠬᠡᠷᠡᠭᠵᠢᠭᠦᠯᠬᠦ)》᠎ᠶᠢ ᠳᠠᠷᠤᠮᠠᠯᠯᠠᠨ
ᠲᠠᠷᠬᠠᠭᠠᠪᠠ᠃
✦4 ᠰᠠᠷ᠎ᠠ ᠵᠢᠨ 3 — 7᠎ᠤ ᠡᠳᠤᠷ ᠪᠤᠯᠳᠠᠯ᠎ᠠ᠂ ᠪᠦᠬᠦ
ᠤᠯᠤᠰ᠎ᠤᠨ ᠲᠡᠮᠦᠷ ᠵᠠᠮ᠎ᠤᠨ ᠬᠢᠨ ᠵᠢᠱ᠌ᠢᠯᠲᠡ᠎ᠪᠡᠷ 9050 ᠲᠦᠮᠡᠨ ᠠᠶᠠᠨᠴᠢᠨ᠎ᠢ ᠵᠦᠭᠡᠭᠡᠪᠤᠷᠢᠯᠡᠨᠡ᠃
✦ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶ᠎ᠠ᠎ᠠᠴᠠ
ᠣᠢᠯᠠᠭᠠᠭᠰᠠᠨ᠎ᠢᠶᠠᠷ᠂ ᠮᠠᠨ ᠤ ᠤᠯᠤᠰ ᠨᠢᠭᠡᠨᠲᠡ ᠪᠥᠬᠥ ᠪᠥᠮᠪᠥᠷᠴᠡᠭ᠎ᠦᠨ ᠬᠡᠪᠴᠢᠶ᠎ᠡ᠎ᠪᠠᠷ ᠬᠠᠮᠤᠭ᠎ᠤᠨ ᠶᠡᠬᠡ
ᠲᠠᠷᠢᠶᠠᠯᠠᠩ᠎ᠤᠨ ᠴᠠᠭ ᠠᠭᠤᠷ᠎ᠤᠨ ᠠᠵᠢᠭ᠍ᠯᠠᠯᠲᠠ᠎ᠶᠢᠨ ᠲᠣᠣᠷ᠎ᠢ ᠪᠠᠢᠭᠤᠯᠪᠠ ᠃
✦2026
ᠣᠨ ᠤ ᠬᠠᠩᠰᠢ ᠶᠢᠨ ᠠᠮᠠᠷᠠᠯᠲᠠ᠎ᠳᠠᠬᠢ ᠰᠢᠨ᠎ᠡ ᠡᠨᠧᠷᠭᠢ ᠵᠢᠨ ᠮᠠᠰᠢᠨ ᠲᠡᠷᠭᠡᠨ᠎ᠦ ᠴᠠᠬᠢᠯᠭᠠᠨ ᠴᠡᠨᠡᠭᠯᠡᠬᠦ
ᠬᠡᠷᠡᠭᠴᠡᠭᠡ᠎ᠶᠢ ᠨᠡᠩ ᠰᠠᠢᠲᠤᠷ ᠪᠠᠲᠤᠯᠠᠬᠤ᠎ᠶᠢᠨ ᠲᠥᠯᠥᠭᠡ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ
ᠲᠦᠷᠬᠡᠨ᠎ᠤ ᠵᠠᠰᠠᠮᠠᠯ ᠵᠠᠮ᠎ᠤᠨ ᠦᠢᠯᠡᠴᠢᠯᠡᠭᠡᠨ᠎ᠤ ᠲᠣᠭᠣᠷᠢᠭ᠋᠎ᠲᠤ ᠴᠠᠬᠢᠯᠭᠠᠨ ᠴᠡᠨᠡᠭᠯᠡᠭᠦᠷᠢ 1827 ᠶᠢ
ᠲᠣᠬᠢᠷᠠᠭᠤᠯᠵᠤ᠂ ᠠᠷᠠᠳ ᠣᠯᠠᠨ᠎ᠤ ᠠᠮᠠᠷᠠᠯᠲᠠ᠎ᠶᠢᠨ ᠬᠤᠭᠤᠴᠠᠭᠠᠨ᠎ᠤ ᠶᠠᠪᠤᠵᠤ ᠰᠠᠭᠤᠬᠤ᠎ᠳᠤ ᠪᠠᠲᠤᠯᠠᠭ᠎ᠠ ᠬᠠᠩᠭᠠᠵᠤ
ᠪᠣᠢ᠃
✦ᠤᠢᠷ᠎ᠠ᠎ᠳᠤ
15 ᠳ᠋ᠦᠩᠰᠢᠭᠤᠷ ᠲᠥᠭᠥᠷᠢᠭ᠎ᠦᠨ ᠶᠡᠷᠦᠩᠬᠡᠢ ᠪᠡᠯᠡ ᠣᠷᠣᠭᠤᠯᠤᠯᠲᠠ ᠵᠢᠨ ᠳᠦᠰᠦᠯ ᠲᠠᠢ ᠱᠣᠸᠠᠩ ᠵᠢᠶᠧ ᠪᠦᠯᠦᠭᠯᠡᠯ᠎ᠦᠨ
ᠥᠪᠥᠷ ᠮᠣᠩᠭᠣᠯ᠎ᠤᠨ ᠬᠡᠲᠦ ᠥᠨᠳᠥᠷ ᠬᠦᠴᠦᠳᠡᠯ ᠥᠭᠡᠷᠡᠴᠢᠯᠡᠭᠴᠢ᠎ᠶᠢᠨ ᠪᠣᠬᠢᠷᠲᠤᠯ ᠦᠭᠡᠢ ᠤᠶᠤᠨᠳᠤ ᠦᠢᠯᠡᠳᠬᠦ
ᠠᠵᠤ ᠦᠢᠯᠡᠰ᠎ᠦᠨ ᠬᠦᠷᠢᠶᠡᠯᠡᠩ᠎ᠦᠨ ᠲᠦᠷᠦᠯ ᠵᠤᠢᠯ ᠬᠥᠬᠡᠬᠤᠲᠠ᠎ᠶᠢᠨ ᠠᠵᠤ ᠠᠬᠤᠢ ᠵᠢᠨ ᠮᠡᠷᠭᠡᠵᠢᠯ᠎ᠦᠨ ᠨᠡᠭᠡᠭᠡᠯᠲᠡ᠎ᠶᠢᠨ
ᠲᠣᠭᠣᠷᠢᠭ᠋᠎ᠲᠤ ᠠᠵᠢᠯ ᠡᠬᠢᠯᠡᠭᠦᠯᠪᠡ᠃ ᠲᠤᠰ ᠲᠦᠷᠦᠯ ᠵᠤᠢᠯ ᠪᠠᠢᠭᠤᠯᠤᠭᠳᠠᠭᠰᠠᠨ ᠤ ᠳᠠᠷᠠᠭ᠎ᠠ ᠮᠠᠨ ᠤ ᠣᠷᠣᠨ᠎ᠤ
ᠭᠡᠲᠦ ᠥᠨᠳᠥᠷ ᠬᠦᠴᠦᠳᠡᠯ ᠥᠭᠡᠷᠡᠴᠢᠯᠡᠭᠴᠢ ᠵᠢᠨ ᠦᠢᠯᠡᠳᠪᠦᠷᠢᠯᠡᠬᠦ ᠴᠢᠳᠠᠪᠤᠷᠢ ᠳᠤᠲᠠᠭᠳᠠᠵᠤ ᠪᠠᠢᠭᠰᠠᠨ ᠬᠣᠭᠣᠰᠤᠨ
ᠢ ᠨᠥᠬᠥᠪᠦᠷᠢᠯᠡᠬᠦ ᠪᠤᠯᠤᠨ᠎ᠠ ᠃
✦ᠡᠨᠡ
ᠵᠢᠯ ᠲᠦᠩᠯᠢᠶᠤᠤ ᠬᠤᠲᠠ ᠬᠣᠷᠴᠢᠨ᠎ᠤ ᠡᠯᠡᠰᠦᠷᠬᠡᠭ ᠭᠠᠵᠠᠷ᠎ᠤᠨ ᠰᠥᠨᠥᠭᠡᠯᠲᠡ᠎ᠶᠢᠨ ᠳᠠᠢᠯᠠᠯᠳᠤᠭᠠᠨ᠎ᠤ ᠠᠮᠢ
ᠠᠬᠤᠢ᠎ᠶᠢ ᠬᠠᠮᠠᠭᠠᠯᠠᠨ ᠰᠡᠷᠭᠦᠭᠡᠬᠦ ᠡᠭᠦᠷᠭᠡ᠎ᠶᠢ 391.75 ᠲᠦᠮᠡᠨ ᠮᠦ᠍ ᠪᠡᠶᠡᠯᠡᠭᠦᠯᠬᠦ᠎ᠪᠡᠷ ᠲᠥᠯᠥᠪᠯᠡᠵᠦ
ᠪᠠᠢᠨ᠎ᠠ᠃ ᠡᠭᠦᠨ᠎ᠳᠦ ᠮᠢᠩᠭᠠᠨ ᠲᠦᠮᠡᠨ ᠮᠦ᠍ ᠡᠯᠡᠰᠦ᠎ᠶᠢ ᠶᠡᠷᠦᠩᠬᠡᠢᠯᠡᠨ ᠵᠠᠰᠠᠬᠤ ᠲᠦᠷᠦᠯ
ᠵᠤᠢᠯ᠎ᠢ 72.89 ᠲᠦᠮᠡᠨ ᠮᠦ᠍᠂ ᠮᠢᠩᠭᠠᠨ ᠲᠦᠮᠡᠨ ᠮᠦ᠍ ᠣᠢ ᠰᠢᠭᠤᠢ᠎ᠶᠢᠨ
ᠶᠠᠰᠤ ᠴᠢᠨᠠᠷ᠎ᠢ ᠳᠡᠭᠡᠭᠰᠢᠯᠡᠭᠦᠯᠬᠦ ᠲᠦᠷᠦᠯ
ᠵᠤᠢᠯ᠎ᠢ 156.41 ᠲᠦᠮᠡᠨ ᠮᠦ᠍᠂ ᠮᠢᠩᠭᠠᠨ ᠲᠦᠮᠡᠨ ᠮᠦ᠍ ᠨᠤᠲᠤᠭ
ᠪᠡᠯᠴᠢᠭᠡᠷ᠎ᠢ ᠰᠠᠢᠵᠢᠷᠠᠭᠤᠯᠬᠤ ᠲᠦᠷᠦᠯ ᠵᠤᠢᠯ᠎ᠢ 62.45 ᠲᠦᠮᠡᠨ ᠮᠦ᠍ ᠪᠡᠶᠡᠯᠡᠭᠦᠯᠬᠦ
ᠪᠣᠯᠣᠨ᠎ᠠ᠃
✦ᠤᠷᠴᠢᠮᠬᠠᠨ
ᠠᠮᠢ ᠠᠬᠤᠢ ᠤᠷᠴᠢᠨ ᠲᠤᠭᠤᠷᠢᠨ᠎ᠤ ᠶᠠᠮᠤᠨ ᠡᠴᠡ ᠤᠷᠳᠤᠰ᠎ᠤᠨ ᠰᠤᠪᠤᠷᠭ᠎ᠠ ᠨᠡᠭᠦᠷᠡᠰᠦᠨ ᠠᠭᠤᠷᠬᠠᠢ᠎ᠶᠢᠨ ᠲᠦᠷᠦᠯ
ᠵᠦᠢᠯ᠎ᠦᠨ ᠣᠷᠴᠢᠨ ᠲᠣᠭᠣᠷᠢᠨ᠎ᠤ ᠨᠥᠯᠥᠭᠡᠯᠡᠯ᠎ᠦᠨ ᠮᠡᠳᠡᠭᠦᠯᠦᠯᠲᠡ ᠵᠢᠨ ᠦᠨᠡᠮᠯᠡᠯ᠎ᠢ ᠪᠠᠳᠤᠯᠠᠬᠰᠠᠨ ᠪᠦᠭᠡᠳ
ᠴᠤᠬᠤᠯᠠᠪᠤᠷᠢ ᠦᠭᠴᠦ᠂ ᠲᠦᠷᠦᠯ ᠵᠤᠢᠯ᠎ᠤᠨ ᠡᠮᠦᠨᠡᠬᠢ ᠬᠤᠭᠤᠴᠠᠭᠠᠨ᠎ᠤ ᠭᠠᠷᠳᠠᠮ ᠨᠢ ᠵᠠᠩᠭᠢᠯᠠᠭ᠎ᠠ ᠵᠢᠨ
ᠰᠢᠪᠳᠤᠯᠤᠯᠳᠠ ᠳᠠᠢ ᠪᠤᠯᠪᠠ᠃ ᠳᠤᠰ ᠲᠦᠷᠦᠯ ᠵᠤᠢᠯ᠎ᠤᠨ ᠶᠡᠷᠤᠩᠬᠡᠢ ᠪᠡᠯᠡ ᠤᠷᠤᠭᠤᠯᠤᠯᠳᠠ ᠨᠢ 109ᠳ᠋ᠦᠩᠰᠢᠭᠤᠷ ᠲᠥᠭᠥᠷᠢᠭ᠎ᠢ ᠳᠠᠪᠠᠵᠤ᠂ ᠦᠢᠯᠡᠳᠪᠦᠷᠢᠯᠡᠯ᠎ᠦᠨ
ᠴᠢᠳᠠᠮᠵᠢ ᠨᠢ ᠵᠢᠯ᠎ᠳᠡᠭᠡᠨ 800 ᠲᠦᠮᠡᠨ ᠲᠣᠨ ᠪᠠᠢᠵᠤ᠂ ᠠᠭᠤᠷᠬᠠᠢ᠎ᠶᠢᠨ ᠬᠤᠳᠳᠤᠭ᠎ᠤᠨ ᠲᠠᠯᠠᠪᠠᠢ ᠨᠢ 79.3036
ᠲᠡᠭᠰᠢ ᠳᠥᠷᠪᠡᠯᠵᠢᠨ ᠺᠢᠯᠣᠮᠧᠲᠷ᠂ ᠲᠥᠯᠥᠪᠯᠡᠭᠰᠡᠨ ᠮᠠᠯᠲᠠᠵᠤ ᠪᠣᠯᠬᠤ ᠬᠠᠳᠠᠭᠠᠯᠠᠭᠳᠠᠴᠠ 8.46 ᠳ᠋ᠦᠩᠰᠢᠭᠤᠷ
ᠲᠣᠨ ᠪᠠᠢᠵᠤ᠂ ᠠᠳᠠᠯᠢ ᠬᠡᠪᠴᠢᠶᠡᠨ᠎ᠦ ᠨᠡᠭᠦᠷᠡᠰᠦ ᠰᠢᠯᠢᠬᠦ ᠦᠢᠯᠡᠳᠪᠦᠷᠢ ᠶᠢ ᠢᠵᠢ ᠪᠦᠷᠢᠳᠦᠭᠦᠯᠦᠨ ᠪᠦᠲᠦᠭᠡᠨ
ᠪᠠᠢᠭᠤᠯᠵᠤ ᠪᠠᠢᠨ᠎ᠠ᠃
✦ᠣᠷᠳᠣᠰ
ᠬᠣᠲᠠ᠎ᠶᠢᠨ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠲᠣᠪᠴᠢᠶ᠎ᠠ 2026
ᠣᠨ᠎ᠤ ᠬᠣᠶᠠᠳᠤᠭᠠᠷ ᠤᠯᠠᠷᠢᠯ᠎ᠤᠨ ᠣᠶᠤᠲᠠᠳ᠎ᠤᠨ ᠦᠢᠯᠡᠰ ᠪᠤᠰᠬᠠᠬᠤ ᠶᠢ
ᠳᠡᠮᠵᠢᠬᠦ ᠠᠵᠢᠯᠯᠠᠭ᠎ᠠ ᠦᠷᠨᠢᠬᠦᠯᠬᠦ ᠪᠡᠷ ᠪᠤᠢ᠃
✦2025
ᠣᠨ᠎ᠳᠤ ᠨᠠᠢ᠍ᠮᠠᠨ ᠬᠤᠰᠢᠭᠤᠨ᠎ᠤ ᠦᠨᠳᠤᠷ ᠪᠠᠷᠢᠮᠵᠢᠶ᠎ᠠ᠎ᠳᠤ ᠲᠠᠷᠢᠶᠠᠨ ᠭᠠᠵᠠᠷ᠎ᠢ ᠰᠢᠨ᠎ᠡ᠎ᠪᠡᠷ ᠪᠠᠢᠭᠤᠯᠤᠭᠰᠠᠨ
ᠲᠠᠯᠠᠪᠠᠢ 12 ᠲᠦᠮᠡᠨ ᠮᠦ᠍᠎ᠳᠦ ᠬᠦᠷᠴᠦ᠂ ᠥᠭᠡᠷᠡᠴᠢᠯᠡᠨ ᠰᠠᠢᠵᠢᠷᠠᠭᠤᠯᠤᠭᠰᠠᠨ
ᠲᠠᠯᠠᠪᠠᠢ 18 ᠲᠦᠮᠡᠨ ᠮᠦ᠍᠎ᠳᠦ ᠬᠦᠷᠦᠨ᠂
ᠶᠡᠷᠦᠩᠬᠡᠢ ᠪᠡᠯᠡ ᠣᠷᠣᠭᠤᠯᠤᠯᠲᠠ ᠨᠢ 2 ᠳ᠋ᠦᠩᠰᠢᠭᠤᠷ
ᠲᠥᠭᠥᠷᠢᠭ᠎ᠲᠦ ᠬᠦᠷᠴᠡᠢ᠃
✦4
ᠰᠠᠷ᠎ᠠ᠎ᠶᠢᠨ 2᠎ᠤᠨ ᠡᠳᠦᠷ᠂ ᠦᠦᠰᠢᠨ ᠬᠣᠰᠢᠭᠤᠨ᠎ᠤ ᠴᠡᠷᠢᠭ᠎ᠦᠨ ᠠᠯᠪᠠ᠎ᠠᠴᠠ
ᠬᠠᠯᠠᠭᠳᠠᠭᠰᠠᠳ᠎ᠤᠨ ᠶᠠᠪᠤᠳᠠᠯ᠎ᠤᠨ ᠲᠣᠪᠴᠢᠶ᠎ᠠ ᠡᠴᠡ ᠭᠣᠣᠯᠯᠠᠨ ᠡᠷᠬᠢᠯᠡᠭᠰᠡᠨ 《ᠬᠤᠪᠢᠰᠬᠠᠯ᠎ᠤᠨ ᠤᠳᠤᠮᠰᠢᠯ᠎ᠢ ᠤᠯᠠᠮᠵᠢᠯᠠᠵᠤ ᠦᠷᠡᠭᠳᠡᠭᠰᠡᠨ ᠪᠠᠭᠠᠲᠤᠷᠴᠤᠳ᠎ᠢᠶᠠᠨ
ᠳᠤᠷᠠᠰᠤᠨ ᠰᠠᠨᠠᠭᠠᠯᠵᠠᠬᠤ》ᠭᠣᠣᠯ ᠰᠡᠳᠦᠪᠲᠦ ᠠᠵᠢᠯᠯᠠᠭ᠎ᠠ
ᠶᠠᠪᠤᠬᠳᠠᠵᠤ᠂ ᠴᠡᠷᠢᠭ᠎ᠡᠴᠡ ᠬᠠᠯᠠᠭᠳᠠᠭᠰᠠᠳ᠂ ᠪᠠᠭ᠍ᠰᠢ ᠰᠤᠷᠤᠭ᠍ᠴᠢ ᠵᠡᠷᠭᠡ 300 ᠭᠠᠷᠤᠢ ᠬᠥᠮᠥᠨ ᠤᠷᠤᠯᠴᠠᠪᠠ᠃
ᠠᠵᠤ ᠠᠬᠤᠢ
✦ᠡᠨᠡ
ᠵᠢᠯ᠎ᠡᠴᠡ ᠨᠠᠭᠠᠰᠢ ᠲᠦᠩᠯᠢᠶᠣᠣ ᠬᠤᠲᠠ᠎ᠶᠢᠨ ᠠᠵᠤ ᠠᠬᠤᠢ ᠵᠢᠨ ᠮᠡᠷᠭᠡᠵᠢᠯ᠎ᠦᠨ ᠨᠡᠭᠡᠭᠡᠯᠲᠡ᠎ᠶᠢᠨ ᠲᠣᠭᠣᠷᠢᠭ᠋
ᠨᠢ 《ᠠᠷᠪᠠᠨ ᠲᠠᠪᠤᠳᠤᠭᠠᠷ ᠲᠠᠪᠤᠨ ᠵᠢᠯ᠎ᠦᠨ ᠲᠥᠯᠦᠪᠵᠢᠭᠦᠯᠭᠡ》᠎ᠶᠢᠨ ᠡᠬᠢᠯᠡᠯᠲᠡ᠎ᠶᠢᠨ ᠬᠠᠷᠠᠯᠲᠠ᠎ᠲᠠᠢ ᠨᠢᠭ᠍ᠲᠠ ᠤᠶᠠᠯᠳᠤᠭᠤᠯᠵᠤ᠂ 2026 ᠣᠨ᠎ᠤ ᠪᠦᠬᠦ
ᠵᠢᠯ᠎ᠳᠦ 67 ᠭᠣᠣᠯᠳᠠᠯᠭ᠎ᠠ᠎ᠲᠠᠢ ᠲᠥᠷᠥᠯ ᠵᠦᠢᠯ᠎ᠢ ᠬᠡᠷᠡᠭᠵᠢᠭᠦᠯᠬᠦ᠎ᠪᠡᠷ ᠲᠥᠯᠥᠪᠯᠡᠨ᠂ ᠶᠡᠷᠦᠩᠬᠡᠢ ᠪᠡᠯᠡ ᠣᠷᠣᠭᠤᠯᠤᠯᠲᠠ᠎ᠶᠢ
196.4 ᠳ᠋ᠦᠩᠰᠢᠭᠤᠷ ᠲᠥᠭᠥᠷᠢᠭ᠎ᠲᠦ ᠬᠦᠷᠭᠡᠵᠦ᠂ ᠵᠢᠯ᠎ᠦᠨ ᠪᠡᠯᠡ ᠣᠷᠣᠭᠤᠯᠤᠯᠲᠠ᠎ᠶᠢ 85 ᠳ᠋ᠦᠩᠰᠢᠭᠤᠷ ᠲᠥᠭᠥᠷᠢᠭ᠎ᠲᠦ
ᠬᠦᠷᠭᠡᠬᠦ᠎ᠪᠡᠷ ᠲᠥᠯᠥᠪᠯᠡᠵᠦ ᠪᠠᠢᠨ᠎ᠠ᠃
✦ᠣᠢᠯᠠᠭᠠᠭᠰᠠᠨ᠎ᠢᠶᠠᠷ
2026 ᠣᠨ᠎ᠳᠤ ᠺᠠᠢᠯᠤ ᠰᠢᠶᠠᠨ᠎ᠤ ᠠᠮᠲᠠᠲᠤ ᠲᠥᠮᠥᠰᠥ ᠲᠠᠷᠢᠬᠤ
ᠲᠠᠯᠠᠪᠠᠢ 30000 ᠮᠦ᠍᠎ᠶᠢ ᠳᠠᠪᠠᠬᠤ ᠪᠣᠯᠣᠮᠵᠢ᠎ᠲᠠᠢ ᠪᠠᠢᠵᠤ᠂
ᠠᠵᠤ ᠦᠢᠯᠡᠰ᠎ᠦᠨ ᠬᠥᠭᠵᠢᠯᠲᠡ᠎ᠶᠢᠨ ᠬᠡᠪᠴᠢᠶ᠎ᠡ ᠳᠠᠬᠢᠨᠲᠠ ᠰᠢᠨ᠎ᠡ ᠳᠡᠭᠲᠡᠷ᠎ᠲᠦ ᠭᠠᠷᠬᠤ ᠪᠣᠯᠣᠨ᠎ᠠ᠃
ᠰᠤᠶᠤᠯ
✦ᠤᠷᠢᠬᠠᠨ
ᠬᠠᠪᠤᠷ ᠬᠥᠳᠡᠭᠡ ᠨᠤᠲᠤᠭ᠎ᠲᠤ ᠰᠠᠭᠠᠲᠠᠵᠤ᠂ ᠢᠷᠭᠤᠢ ᠳᠡᠯᠭᠡᠷᠡᠨ ᠠᠬᠢ ᠨᠢᠳᠦᠯᠡᠵᠦ᠂ ᠴᠠᠢᠳᠠᠮ᠎ᠤᠨ ᠬᠥᠪᠡᠭᠡ᠎ᠪᠡᠷ
ᠴᠠᠬᠢᠯᠳᠠᠭ ᠴᠡᠴᠡᠭᠯᠡᠵᠦ ᠡᠬᠢᠯᠡᠭᠰᠡᠨ ᠲᠤᠩᠭᠠᠯᠠᠭ ᠰᠠᠢᠬᠠᠨ ᠡᠳᠦᠷ᠂ ᠣᠲᠣᠭ᠎ᠤᠨ ᠡᠮᠦᠨᠡᠲᠦ ᠬᠣᠰᠢᠭᠤᠨ᠎ᠤ ᠨᠠᠩᠰᠤ
ᠪᠠᠯᠭᠠᠰᠤ᠎ᠶᠢᠨ ᠬᠡᠷᠡᠩᠭᠡᠲᠦ ᠭᠠᠴᠠᠭᠠᠨ᠎ᠤ ᠮᠠᠯᠴᠢᠨ ᠣᠶᠣᠨ᠎ᠠ ᠠᠳᠤᠭᠤ ᠳᠡᠯᠯᠡᠵᠦ᠂ ᠳᠠᠭ᠎ᠠ ᠲᠠᠮᠠᠭᠠᠯᠠᠬᠤ᠂ ᠮᠣᠷᠢ
ᠤᠷᠤᠯᠳᠤᠭᠤᠯᠬᠤ ᠵᠡᠷᠭᠡ ᠠᠳᠤᠭᠤᠨ ᠰᠣᠶᠣᠯ᠎ᠤᠨ ᠠᠵᠢᠯᠯᠠᠭ᠎ᠠ᠎ᠶᠢ ᠡᠷᠬᠢᠯᠡᠨ ᠶᠠᠪᠤᠭᠳᠠᠭᠤᠯᠵᠤ᠂ ᠠᠢᠮᠠᠭ ᠰᠠᠭᠠᠬᠠᠯᠲᠠ᠎ᠪᠠᠨ
ᠪᠠᠶᠠᠰᠬᠠᠯ᠎ᠠ᠃
ᠳᠡᠯᠡᠬᠡᠢ
✦ᠰᠢᠨᠬᠤᠸᠠ
ᠬᠤᠷᠢᠶ᠎ᠠ ᠵᠢᠨ ᠮᠡᠳᠡᠭᠡ ᠵᠢ ᠦᠨᠳᠦᠰᠦᠯᠡᠪᠡᠯ᠂ ᠢᠷᠠᠨ᠎ᠤ ᠵᠠᠭᠤᠴᠢᠯᠠᠭᠤᠷ᠎ᠤᠨ 3᠎ᠤ ᠡᠳᠦᠷ ᠮᠡᠳᠡᠭᠡᠯᠡᠭᠰᠡᠨ᠎ᠢᠶᠡᠷ᠂
ᠢᠷᠠᠨ᠎ᠤ ᠴᠡᠷᠢᠭ᠎ᠦᠨ ᠲᠠᠯ᠎ᠠ᠎ᠶᠢᠨ ᠬᠢᠨ ᠢᠯᠡᠷᠬᠡᠢᠯᠡᠯᠲᠡ ᠨᠡᠢᠲᠡᠯᠡᠵᠦ᠂ ᠠᠮᠧᠷᠢᠺᠠ ᠬᠡᠷᠪᠡ ᠢᠷᠠᠨ᠎ᠤ ᠰᠠᠭᠤᠷᠢ
ᠲᠥᠬᠦᠭᠡᠷᠦᠮᠵᠢ ᠵᠢ ᠳᠠᠭᠠᠷᠢᠬᠤ᠎ᠳᠤ ᠬᠦᠷᠪᠡᠯ᠂ ᠢᠷᠠᠨ ᠠᠮᠧᠷᠢᠺᠠ ᠪᠣᠯᠣᠨ ᠢᠰᠷᠧᠯ᠎ᠦᠨ ᠳᠤᠮᠳᠠᠳᠤ ᠳᠣᠷᠣᠨᠠᠲᠤ
ᠣᠷᠣᠨ᠎ᠳᠠᠬᠢ《ᠪᠤᠢ ᠪᠦᠬᠦᠢ ᠡᠳ᠋ ᠬᠥᠷᠥᠩᠭᠡ ᠪᠣᠯᠣᠨ ᠰᠠᠭᠤᠷᠢ ᠲᠥᠬᠦᠭᠡᠷᠦᠮᠵᠢ》᠎ᠶ᠋ᠢ ᠰᠦᠢᠷᠡᠭᠦᠯᠬᠦ ᠪᠣᠯᠣᠨ᠎ᠠ ᠭᠡᠪᠡ᠃
ᠦᠢᠯᠡᠴᠢᠯᠡᠭᠡ
✦ᠤᠯᠠᠭᠠᠠᠬᠠᠳᠠ
ᠬᠤᠳᠠ ᠵᠢᠨ ᠳᠤᠮᠳᠠᠳᠤ ᠪᠠᠭ᠎ᠠ ᠰᠤᠷᠭᠠᠭᠤᠯᠢ ᠪᠤᠯᠤᠨ ᠬᠡᠤᠬᠡᠳ᠎ᠤᠨ ᠴᠡᠴᠡᠷᠯᠢᠭ 799 ᠪᠠᠬᠰᠢ ᠠᠵᠢᠯᠳᠠᠨ
ᠡᠯᠰᠡᠬᠦ ᠪᠡᠷ ᠪᠤᠢ᠃
ᠲᠠᠨ᠎ᠤ ᠳᠤᠰᠠ᠎ᠳᠤ
✦ᠨᠡᠷᠡᠨ᠎ᠳᠦ
ᠡᠭᠡᠭᠡᠬᠦ ᠨᠢ ᠬᠦᠮᠦᠨ᠎ᠤ ᠪᠡᠶ᠎ᠡ ᠵᠢᠨ ᠡᠷᠡᠬᠦᠯ ᠮᠡᠨᠳᠤ᠎ᠳᠤ ᠠᠰᠢᠬᠳᠠᠢ ᠪᠠᠢᠳᠠᠭ᠃ ᠡᠳᠦᠷ ᠪᠤᠯᠭᠠᠨ᠎ᠤ 8 — 10
ᠴᠠᠭ᠂ 16 —19 ᠴᠠᠭ ᠪᠣᠯ ᠨᠡᠷᠡᠨ᠎ᠳᠦ ᠡᠭᠡᠭᠡᠵᠦ ᠪᠡᠶ᠎ᠡ᠎ᠪᠡᠨ ᠰᠤᠪᠢᠯᠠᠬᠤ ᠬᠠᠮᠤᠭᠰᠠᠢᠨ ᠴᠠᠭ ᠮᠥᠴᠡ ᠶᠤᠮ᠃
ᠡᠨᠡ ᠦᠶ᠎ᠡ᠎ᠳᠦ ᠨᠡᠷᠡᠨ᠎ᠦ ᠭᠡᠷᠡᠯ ᠨᠢ ᠬᠥᠮᠥᠨ᠎ᠦ ᠪᠡᠶᠡᠳᠦ ᠠᠰᠢᠭ᠍ᠲᠠᠢ ᠬᠦᠷᠢᠨᠦ ᠭᠠᠳᠠᠨᠠᠬᠢ ᠰᠠᠴᠤᠷᠠᠭ᠎ᠤᠨ
A ᠭᠡᠷᠡᠯ᠎ᠢᠶᠠᠷ ᠭᠣᠣᠯ ᠪᠣᠯᠭᠠᠳᠠᠭ ᠤᠴᠢᠷ᠎ᠠᠴᠠ ᠬᠥᠮᠥᠨ᠎ᠦ ᠪᠡᠶ᠎ᠡ᠎ᠶᠢᠨ
ᠳᠣᠲᠣᠷᠠᠬᠢ ᠸᠢᠲ᠋ᠠᠮᠢᠨ D᠎ᠶᠢᠨ ᠪᠦᠷᠢᠯᠳᠦᠬᠦ᠎ᠳᠦ ᠠᠰᠢᠭ᠍ᠲᠠᠢ ᠪᠠᠢᠳᠠᠭ᠃ ᠡᠨᠡ ᠨᠢ ᠬᠥᠮᠥᠨ᠎ᠦ
ᠪᠡᠶ᠎ᠡ᠎ᠶᠢᠨ ᠡᠭᠡᠯᠢᠯᠡᠭᠡ ᠵᠢᠨ ᠴᠢᠳᠠᠪᠤᠷᠢ᠎ᠶᠢ ᠰᠠᠢᠵᠢᠷᠠᠭᠤᠯᠬᠤ᠂ ᠶᠠᠳᠠᠷᠠᠬᠤ᠎ᠶᠢ ᠰᠡᠷᠭᠡᠢᠯᠡᠬᠦ ᠵᠢᠴᠢ ᠶᠠᠰᠤ
ᠰᠠᠢᠷᠡᠭᠵᠢᠬᠦ ᠵᠢ ᠰᠡᠷᠭᠡᠢᠯᠡᠬᠦ᠂ ᠯᠤᠭᠰᠢᠭᠤᠨ ᠰᠤᠳᠠᠯ᠎ᠤᠨ ᠬᠠᠲᠠᠭᠤᠷᠠᠯᠢ ᠰᠡᠷᠭᠡᠢᠯᠡᠬᠦᠵᠡᠷᠭᠡᠳᠦ ᠪᠦᠷ
ᠳᠤᠰᠠᠳᠠᠢ ᠶᠤᠮ᠃
ᠵᠠᠯᠭᠠᠭᠠᠳ 《ᠳᠤᠷᠠᠰᠤᠮᠵᠢ》 ᠬᠡᠬᠦ
ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠲᠠ
ᠪᠦᠬᠦᠨ ᠤ ᠬᠦᠯᠢᠶᠡᠨ ᠠᠪᠴᠤ᠌ ᠰᠤᠨᠤᠰᠤᠬ᠍ᠰᠠᠨ ᠳ᠋ᠦ
ᠪᠠᠶᠠᠷᠯᠠᠯ᠎ᠠ᠂ ᠪᠠᠶᠠᠷᠳᠠᠢ!
(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ ᠬᠤᠳᠠ᠂ ᠬᠤᠰᠢᠭᠤ ᠰᠢᠶᠠᠨ᠎ᠤ ᠵᠢᠷᠬᠢᠶ᠎ᠠ᠎ᠶᠢᠨ ᠲᠠᠪᠴᠠᠩ)