6 ᠰᠠᠷ᠎ᠠ ᠵᠢᠨ 23᠎ᠦ ᠡᠳᠦᠷ
ᠡᠬᠢᠯᠡᠬᠦ᠌ ᠴᠠᠭ᠄
2026-06-23 09:53:55
ᠨᠠᠶ᠋ᠢᠷᠠᠭᠤᠯᠤᠭᠴᠢ ᠄
ᠭᠢᠯᠪᠡᠭᠡᠨ
ᠨᠡᠪᠲᠡᠷᠡᠬᠦᠯᠦᠭᠴᠢ ᠄
ᠭᠢᠯᠪᠡᠭᠡᠨ
ᠮᠡᠷᠭᠡᠵᠢᠯ ᠄

ᠤᠩᠰᠢᠭᠰᠠᠨ ᠤᠳᠠᠭ᠎ᠠ᠄


401.jpg


403.jpg


402.jpg


ᠨᠡᠢᠭᠡᠮ                                  

✦ᠵᠠᠮ ᠬᠠᠷᠢᠯᠴᠠᠭ᠎ᠠ ᠲᠡᠭᠡᠭᠡᠪᠦᠷᠢ᠎ᠶᠢᠨ ᠶᠠᠮᠤᠨ᠎ᠤ ᠮᠡᠳᠡᠭᠡ᠎ᠶᠢ ᠦᠨᠳᠦᠰᠦᠯᠡᠪᠡᠯ᠂ ᠲᠠᠪᠤᠨ ᠰᠠᠷ᠎ᠠ᠎ᠶᠢᠨ ᠰᠢᠨ᠎ᠡ᠎ᠶᠢᠨ ᠲᠠᠪᠤᠨ᠎ᠤ ᠠᠮᠠᠷᠠᠯᠲᠠ᠎ᠶᠢᠨ ᠭᠤᠷᠪᠠᠨ ᠡᠳᠦᠷ (19 — 21᠎ᠦ ᠡᠳᠦᠷ ᠪᠤᠯᠲᠠᠯ᠎ᠠ)᠎ᠦᠨ ᠪᠥᠬᠥ ᠨᠡᠢᠭᠡᠮ᠎ᠦᠨ ᠣᠷᠣᠨ ᠪᠦᠰᠡ ᠠᠯᠤᠰᠯᠠᠨ ᠰᠢᠯᠵᠢᠭᠰᠡᠨ ᠬᠥᠮᠥᠨ᠎ᠦ ᠶᠡᠷᠦᠩᠬᠡᠢ ᠬᠡᠮᠵᠢᠶ᠎ᠡ 6.5 ᠳ᠋ᠦᠩᠰᠢᠭᠤᠷ ᠬᠥᠮᠥᠨ ᠤᠳᠠᠭ᠎ᠠ᠎ᠶᠢ ᠳᠠᠪᠠᠵᠠᠢ᠃

✦22᠎ᠤᠨ ᠡᠳᠦᠷ᠂ ᠳᠥᠷᠪᠡᠳᠦᠭᠡᠷ ᠬᠤᠭᠤᠴᠠᠭᠠᠨ᠎ᠤ ᠳᠤᠮᠳᠠᠳᠤ ᠤᠯᠤᠰ᠎ᠤᠨ ᠤᠯᠠᠨ ᠤᠯᠤᠰ᠎ᠤᠨ ᠬᠠᠩᠭᠠᠯᠭ᠎ᠠ᠎ᠶᠢᠨ ᠬᠡᠯᠬᠢᠶ᠎ᠡ᠎ᠶᠢ ᠠᠬᠢᠭᠤᠯᠬᠤ ᠦᠵᠡᠰᠬᠦᠯᠡᠩ ᠡᠬᠢᠯᠡᠵᠤ᠂ 5 ᠡᠳᠦᠷ᠎ᠤᠨ ᠬᠤᠭᠤᠴᠠᠭ᠎ᠠ ᠲᠠᠢ ᠶᠠᠪᠤᠭᠳᠠᠬᠤ ᠪᠤᠯᠤᠨ᠎ᠠ᠃ ᠲᠣᠰ ᠬᠤᠭᠤᠴᠠᠭᠠᠨ᠎ᠤ ᠦᠵᠡᠰᠬᠦᠯᠡᠩ᠎ᠦᠨ ᠴᠤᠭᠯᠠᠭᠠᠨ᠎ᠳᠤ ᠲᠣᠭᠠᠴᠢᠯᠠᠭᠰᠠᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠂ ᠲᠡᠷᠢᠭᠦᠨ᠎ᠦ ᠦᠢᠯᠡᠳᠬᠦ ᠦᠢᠯᠡᠰ᠂ ᠪᠣᠬᠢᠷᠲᠤᠯ ᠦᠭᠡᠢ ᠬᠥᠳᠡᠭᠡ ᠠᠵᠤ ᠠᠬᠤᠢ᠂ ᠡᠷᠡᠭᠦᠯ ᠡᠩᠭᠡ ᠠᠮᠢᠳᠤᠷᠠᠯ᠂ ᠣᠶᠤᠨᠲᠤ ᠮᠠᠰᠢᠨ ᠲᠡᠷᠭᠡ᠂ ᠴᠡᠪᠡᠷ ᠡᠨᠧᠷᠭᠢ ᠵᠡᠷᠭᠡ ᠵᠢᠷᠭᠤᠭᠠᠨ ᠶᠡᠬᠡ ᠬᠡᠯᠬᠢᠶ᠎ᠡ ᠪᠠ ᠨᠢᠭᠡ ᠬᠠᠩᠭᠠᠯᠭ᠎ᠠ᠎ᠶᠢᠨ ᠬᠡᠯᠬᠢᠶ᠎ᠡ᠎ᠶᠢᠨ ᠦᠢᠯᠡᠴᠢᠯᠡᠭᠡᠨ᠎ᠦ ᠦᠵᠡᠭᠦᠯᠭᠡ᠎ᠶᠢᠨ ᠲᠣᠭᠣᠷᠢᠭ᠋ ᠲᠣᠬᠢᠷᠠᠭᠤᠯᠪᠠ᠃

✦ᠤᠯᠤᠰ᠎ᠤᠨ ᠴᠠᠭ ᠠᠭᠤᠷ᠎ᠤᠨ ᠲᠥᠪ ᠎ᠦᠨ 21᠎ᠦ ᠡᠳᠦᠷ ᠨᠡᠢᠲᠡᠯᠡᠭᠰᠡᠨ ᠬᠢᠨᠠᠨ ᠬᠡᠮᠵᠢᠯᠲᠡ᠎ᠶᠢᠨ ᠦᠷ᠎ᠡ ᠳ᠋ᠦᠩ᠎ᠢ ᠦᠨᠳᠦᠰᠦᠯᠡᠪᠡᠯ᠂ ᠵᠢᠶᠠᠩᠨᠠᠨ ᠣᠷᠣᠨ᠂ ᠬᠥᠬᠡᠮᠥ᠋ᠷᠡᠨ᠎ᠦ ᠳᠤᠮᠳᠠᠳᠤ ᠳᠣᠣᠷᠠᠳᠤ ᠤᠷᠤᠰᠬᠠᠯ᠎ᠤᠨ ᠣᠷᠣᠨ ᠪᠣᠯᠣᠨ ᠬᠥᠬᠡᠮᠥ᠋ᠷᠡᠨ ᠪᠠ ᠬᠤᠸᠠᠢᠾᠧ ᠭᠣᠣᠯ᠎ᠤᠨ ᠬᠤᠭᠤᠷᠤᠨᠳᠤᠬᠢ ᠣᠷᠣᠨ᠎ᠳᠤ  ᠬᠦᠶ᠋ᠯᠡᠰᠦᠨ ᠪᠣᠷᠣᠭᠠᠨ᠎ᠤ ᠤᠯᠠᠷᠢᠯ ᠬᠦᠷᠴᠦ ᠢᠷᠡᠵᠡᠢ᠃

✦ᠬᠥᠳᠡᠭᠡ ᠠᠵᠤ ᠠᠬᠤᠢ ᠬᠥᠳᠡᠭᠡ ᠲᠣᠰᠬᠣᠨ᠎ᠤ ᠶᠠᠮᠤᠨ᠎ᠤ ᠬᠠᠮᠤᠭ ᠎ᠤᠨ ᠰᠢᠨ᠎ᠡ ᠲᠠᠷᠢᠶᠠᠯᠠᠩ᠎ᠤᠨ ᠪᠠᠢᠳᠠᠯ᠎ᠤᠨ ᠲᠣᠬᠢᠷᠠᠭᠤᠯᠤᠯᠲᠠ᠎ᠵᠢ ᠦᠨᠳᠦᠰᠦᠯᠡᠪᠡᠯ᠂ ᠣᠳᠣᠬᠠᠨ᠎ᠳᠤ ᠪᠥᠬᠥ ᠤᠯᠤᠰ᠎ᠤᠨ ᠵᠣᠨ᠎ᠤ ᠲᠠᠷᠢᠶᠠᠯᠠᠭ᠎ᠠ᠎ᠶᠢᠨ ᠠᠮᠤ ᠪᠤᠳᠠᠭ᠎ᠠ ᠲᠠᠷᠢᠭᠰᠠᠨ ᠠᠬᠢᠴᠠ ᠲᠤᠯᠤᠭᠠᠨ ᠬᠤᠪᠢ ᠰᠢᠬᠠᠮ ᠪᠣᠯᠵᠠᠢ᠃

✦ᠣᠢᠷ᠎ᠠ᠎ᠳᠤ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠶᠡᠷᠦᠩᠬᠡᠢ ᠲᠣᠪᠴᠢᠶ᠎ᠠ ᠲᠣᠭᠯᠠᠭᠠᠮ᠎ᠤᠨ ᠵᠦᠢᠯ᠂ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡ᠂ ᠬᠡᠦᠬᠡᠳ᠎ᠦᠨ ᠲᠡᠷᠭᠡᠨ᠎ᠦ CCC ᠦᠢᠯᠡᠳᠬᠦᠨ᠎ᠦ ᠭᠡᠷᠡᠴᠢᠯᠡᠯ᠎ᠦᠨ ᠬᠡᠷᠡᠭᠵᠢᠭᠦᠯᠬᠦ ᠳᠦᠷᠢᠮ᠎ᠳᠦ ᠪᠥᠬᠥ ᠲᠠᠯ᠎ᠠ᠎ᠪᠠᠷ ᠵᠠᠰᠠᠪᠤᠷᠢ ᠣᠷᠣᠭᠤᠯᠵᠤ᠂ ᠡᠨᠡ ᠵᠢᠯ᠎ᠦᠨ 11 ᠰᠠᠷ᠎ᠠ᠎ᠠᠴᠠ ᠡᠬᠢᠯᠡᠵᠦ ᠬᠡᠷᠡᠭᠵᠢᠭᠦᠯᠬᠦ ᠪᠡᠷ ᠪᠤᠢ᠃

✦ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠦᠨ ᠠᠺᠠᠳᠧᠮᠢᠴᠢ᠂ ᠭᠢᠷᠢᠨ ᠶᠡᠬᠡ ᠰᠤᠷᠭᠠᠭᠤᠯᠢ᠎ᠶᠢᠨ ᠫᠷᠤᠹᠸᠰᠰᠤᠷ ᠱᠧᠨ ᠵᠢᠶᠠ ᠬᠣᠩ ᠣᠢᠷ᠎ᠠ᠎ᠳᠤ ᠤᠯᠤᠬᠰᠠᠨ 《ᠳᠤᠮᠳᠠᠳᠤ ᠤᠯᠤᠰ᠎ᠤᠨ ᠬᠢᠮᠢ᠎ᠶᠢᠨ ᠨᠡᠢᠭᠡᠮᠯᠢᠭ᠎ᠦᠨ ᠨᠠᠰᠤᠨ ᠲᠤᠷᠰᠢᠲᠠ᠎ᠶᠢᠨ ᠠᠮᠵᠢᠯᠲᠠ ᠪᠦᠲᠦᠮᠵᠢ ᠎ᠶᠢᠨ ᠱᠠᠩᠨᠠᠯ》᠎ᠤᠨ 50 ᠲᠦᠮᠡᠨ ᠲᠥᠭᠥᠷᠢᠭ᠎ᠤᠨ ᠱᠠᠩᠨᠠᠯ᠎ᠤᠨ ᠮᠥᠩᠭᠥ᠎ᠪᠡᠨ ᠭᠢᠷᠢᠨ ᠶᠡᠬᠡ ᠰᠤᠷᠭᠠᠭᠤᠯᠢ᠎ᠶᠢᠨ 《ᠲᠠᠩ ᠤᠦ ᠴᠢᠩ》 ᠰᠤᠷᠭᠠᠨ ᠬᠥᠮᠦᠵᠢᠯ᠎ᠦᠨ ᠰᠠᠭᠤᠷᠢ ᠮᠥᠩᠭᠥᠨ᠎ᠦ ᠨᠡᠢᠭᠡᠮᠯᠢᠭ᠎ᠲᠦ ᠬᠠᠨᠳᠢᠪᠯᠡᠪᠠ᠃

✦ᠥᠪᠡᠷᠲᠡᠭᠡᠨ ᠵᠠᠰᠠᠬᠤ ᠤᠷᠤᠨ᠎ᠤ ᠡᠳ᠋᠎ᠤᠨ ᠵᠠᠰᠠᠭ᠎ᠤᠨ ᠲᠢᠩᠬᠢᠮ ᠤᠢᠷ᠎ᠠ᠎ᠳᠦ 2.7 ᠳ᠋ᠦᠩᠰᠢᠭᠤᠷ ᠲᠥᠭᠥᠷᠢᠭ᠎ᠤᠨ ᠲᠤᠰᠬᠠᠢ ᠪᠡᠯᠡ ᠮᠥᠩᠭᠥ᠎ᠵᠢ ᠨᠢᠭᠡᠳᠦᠯᠲᠡᠢ ᠲᠥᠯᠥᠪᠯᠡᠨ ᠪᠠᠭᠤᠯᠭᠠᠵᠤ᠂ 7 ᠠᠢᠮᠠᠭ ᠬᠤᠲᠠ᠎ᠵᠢᠨ ᠬᠡᠰᠡᠭ ᠲᠤᠭᠤᠷᠢᠭ᠎ᠢ ᠥᠭᠡᠷᠡᠴᠢᠯᠡᠨ ᠰᠢᠨᠡᠴᠢᠯᠡᠬᠦ᠎ᠵᠢ ᠳᠡᠮᠵᠢᠵᠦ᠂ ᠬᠠᠭᠤᠴᠢᠨ ᠬᠤᠲᠠ ᠲᠤᠭᠤᠷᠢᠭ᠎ᠤᠨ ᠴᠢᠨᠠᠷ᠎ᠢ ᠳᠡᠭᠡᠭᠰᠢᠯᠡᠭᠦᠯᠦᠨ ᠳᠡᠰ ᠳᠡᠪᠰᠢᠭᠦᠯᠬᠦ᠎ᠳᠦ ᠪᠡᠯᠡ ᠮᠥᠩᠭᠥ᠎ᠵᠢᠨ ᠪᠠᠲᠤᠯᠠᠭ᠎ᠠ ᠬᠠᠩᠭᠠᠵᠤ᠂ ᠬᠤᠲᠠ᠎ᠵᠢᠨ ᠳᠦᠷᠢ ᠳᠥᠷᠬᠦ᠎ᠵᠢ ᠰᠢᠨᠡᠴᠢᠯᠡᠨ ᠠᠷᠠᠳ᠎ᠲᠦ ᠠᠰᠢᠭ ᠬᠦᠷᠲᠡᠭᠡᠬᠦ ᠠᠷᠭ᠎ᠠ ᠬᠡᠮᠵᠢᠶ᠎ᠡ᠎ᠵᠢ ᠦᠨᠡᠨ᠎ᠬᠦ ᠦᠨᠳᠦᠰᠦᠨ ᠱᠠᠲᠤᠨ᠎ᠳᠦ ᠨᠠᠢᠳᠠᠪᠤᠷᠢᠵᠢᠭᠤᠯᠪᠠ᠃

✦ᠤᠢᠷ᠎ᠠ᠎ᠳᠦ ᠤᠯᠤᠰ᠎ᠤᠨ ᠡᠨ᠋ᠸᠷᠬᠢ ᠎ᠵᠢᠨ ᠲᠤᠪᠴᠢᠶ᠎ᠠ᠎ᠵᠢᠨ ᠵᠥᠪᠰᠢᠶᠡᠷᠡᠯ᠎ᠵᠢᠡᠷ᠂ ᠥᠪᠥᠷ ᠮᠤᠩᠭᠤᠯ᠎ᠤᠨ ᠴᠠᠬᠢᠯᠭᠠᠨ ᠬᠦᠴᠦᠨ᠎ᠤ ᠠᠷᠠᠯᠵᠢᠶᠠᠨ᠎ᠤ ᠲᠥᠪ ᠪᠤᠬᠢᠷᠳᠤᠯ ᠦᠭᠡᠢ ᠴᠠᠬᠢᠯᠭᠠᠨ᠎ᠤ ᠦᠨᠡᠮᠯᠡᠯ᠎ᠤᠨ ᠠᠷᠠᠯᠵᠢᠶ᠎ᠠ᠎ᠵᠢ ᠵᠤᠬᠢᠶᠠᠨ ᠪᠠᠢᠭᠤᠯᠤᠨ ᠥᠷᠨᠢᠭᠦᠯᠵᠤ ᠪᠤᠯᠬᠤ ᠪᠦᠬᠦ ᠤᠯᠤᠰ᠎ᠤᠨ ᠳᠦᠷᠪᠡᠳᠡᠬᠢ ᠪᠤᠬᠢᠷᠳᠤᠯ ᠦᠭᠡᠢ ᠴᠠᠬᠢᠯᠭᠠᠨ ᠎ᠤ ᠦᠨᠡᠮᠯᠡᠯ᠎ᠤᠨ ᠠᠷᠠᠯᠵᠢᠶᠠᠨ᠎ᠤ ᠳᠠᠪᠴᠠᠩ ᠪᠤᠯᠤᠭᠰᠠᠨ ᠪᠥᠭᠡᠳ ᠪᠤᠬᠢᠷᠳᠤᠯ ᠦᠭᠡᠢ ᠴᠠᠬᠢᠯᠭᠠᠨ᠎ᠤ ᠦᠨᠡᠮᠯᠡᠯ᠎ᠤᠨ ᠠᠷᠠᠯᠵᠢᠶ᠎ᠠ ᠪᠠ ᠪᠤᠬᠢᠷᠳᠤᠯ ᠦᠭᠡᠢ ᠴᠠᠬᠢᠯᠭᠠᠨ᠎ᠤ ᠠᠷᠠᠯᠵᠢᠶ᠎ᠠ᠎ᠵᠢ ᠵᠡᠷᠭᠡᠪᠡᠷ ᠵᠤᠬᠢᠶᠠᠨ ᠪᠠᠢᠭᠤᠯᠵᠤ ᠪᠤᠯᠬᠤ ᠠᠩᠬᠠᠳᠠᠭᠴᠢ ᠮᠤᠵᠢ᠎ᠵᠢᠨ ᠳᠡᠰ᠎ᠤᠨ ᠴᠠᠬᠢᠯᠭᠠᠨ ᠬᠦᠴᠦᠨ᠎ᠤ ᠠᠷᠠᠯᠵᠢᠶᠠᠨ᠎ᠤ ᠪᠠᠢᠭᠤᠯᠤᠮᠵᠢ ᠪᠤᠯᠵᠠᠢ᠃

✦ᠲᠦᠷᠦᠭᠦᠬᠡᠨ ᠪᠠᠶᠠᠨᠨᠠᠭᠤᠷ ᠬᠤᠲᠠ᠎ᠵᠢᠨ ᠤᠷᠠᠳ᠎ᠤᠨ ᠡᠮᠦᠨᠡᠲᠦ ᠬᠤᠰᠢᠭᠤᠨ᠎ᠤ ᠬᠤᠲᠠ᠎ᠵᠢᠨ ᠬᠠᠮᠢᠶᠠᠷᠤᠯᠲᠠ᠎ᠵᠢᠨ ᠶᠡᠷᠦᠩᠬᠡᠢᠯᠡᠭᠰᠡᠨ ᠬᠠᠤᠯᠢ ᠬᠡᠷᠡᠭᠵᠢᠭᠦᠯᠬᠦ ᠲᠤᠪᠴᠢᠶ᠎ᠠ ᠰᠠᠢᠨ ᠳᠤᠷᠠᠴᠤᠳ᠎ᠤᠨ ᠨᠡᠢᠭᠡᠮᠯᠢᠭ ᠲᠠᠢ ᠬᠠᠮᠲᠤᠷᠠᠨ᠂ ᠬᠤᠲᠠ᠎ᠵᠢᠨ ᠲᠤᠭᠤᠷᠢᠭ᠎ᠤᠨ ᠵᠢᠵᠢᠭ ᠵᠠᠷ ᠮᠡᠳᠡᠭᠡ᠎ᠵᠢ ᠠᠷᠢᠯᠭᠠᠬᠤ ᠠᠵᠢᠯᠯᠠᠭ᠎ᠠ ᠥᠷᠨᠢᠭᠦᠯᠵᠦ᠂ ᠰᠠᠭᠤᠭᠠᠯᠢ ᠠᠷᠠᠳ᠎ᠲᠦ ᠴᠡᠪᠡᠷ ᠴᠡᠮᠴᠡᠭᠡᠷ᠂ ᠡᠮᠬᠢ ᠵᠢᠷᠤᠮ ᠲᠠᠢ᠂ ᠤᠷᠤᠰᠢᠨ ᠰᠠᠭᠤᠷᠢᠰᠢᠬᠤ᠎ᠳᠦ ᠲᠤᠬᠢᠷᠠᠮᠵᠢᠲᠠᠢ ᠤᠷᠴᠢᠨ ᠲᠤᠭᠤᠷᠢᠨ᠎ᠢ ᠪᠤᠢ ᠪᠤᠯᠭᠠᠬᠤ᠎ᠳᠦ ᠬᠦᠴᠦᠨ ᠨᠡᠮᠡᠷᠢᠯᠡᠪᠡ᠃

 

ᠠᠵᠤ ᠠᠬᠤᠢ 

✦ᠡᠨᠡ ᠵᠢᠯ᠎ᠤᠨ ᠲᠦᠷᠦᠭᠦᠦ 5 ᠰᠠᠷ᠎ᠠ᠎ᠳᠦ ᠥᠪᠥᠷ ᠮᠤᠩᠭᠤᠯ᠎ᠤᠨ ᠬᠠᠭᠤᠷᠠᠢ ᠵᠠᠮ᠎ᠤᠨ ᠪᠤᠭᠤᠮᠲᠠ᠎ᠵᠢᠨ ᠬᠢᠯᠢ᠎ᠪᠡᠷ ᠤᠷᠤᠭᠤᠯᠵᠤ ᠭᠠᠷᠭᠠᠬᠰᠠᠨ ᠪᠠᠷᠠᠭᠠᠨ᠎ᠤ ᠲᠡᠭᠡᠭᠡᠪᠦᠷᠢ᠎ᠵᠢᠨ ᠬᠡᠮᠵᠢᠶ᠎ᠡ 6809 ᠲᠥᠮᠡᠨ ᠲᠤᠨ᠎ᠢ ᠳᠠᠪᠠᠵᠤ᠂ ᠲᠦᠷᠦᠭᠦᠦ ᠵᠢᠯ᠎ᠤᠨ ᠠᠳᠠᠯᠢ ᠬᠤᠭᠤᠴᠠᠭᠠᠨ᠎ᠤ ᠬᠢ᠎ᠡᠴᠡ 43.1%᠎ᠪᠡᠷ ᠨᠡᠮᠡᠭᠳᠡᠨ᠂ ᠪᠠᠷᠠᠭᠠᠨ᠎ᠤ ᠲᠡᠭᠡᠭᠡᠪᠦᠷᠢ᠎ᠵᠢᠨ ᠬᠡᠮᠵᠢᠶ᠎ᠡ᠎ᠨᠢ ᠦᠷᠭᠦᠯᠵᠢᠯᠡᠨ ᠪᠦᠬᠦ ᠤᠯᠤᠰ᠎ᠤᠨ ᠬᠠᠭᠤᠷᠠᠢ ᠵᠠᠮ᠎ᠤᠨ ᠪᠤᠭᠤᠮᠲᠠ᠎ᠵᠢᠨ ᠲᠡᠷᠢᠭᠦᠨ᠎ᠳᠦ ᠤᠷᠤᠵᠠᠢ᠃


ᠰᠤᠶᠤᠯ

✦ᠤᠢᠷ᠎ᠠ᠎ᠳᠦ ᠤᠷᠳᠤᠰ ᠬᠤᠲᠠ᠎ᠵᠢᠨ ᠬᠠᠩᠭᠢᠨ ᠬᠤᠰᠢᠭᠤᠨ᠎ᠤ ᠬᠤᠶᠠᠳᠤᠭᠠᠷ ᠬᠡᠦᠬᠡᠳ᠎ᠤᠨ ᠴᠡᠴᠡᠷᠯᠢᠭ᠎ᠤᠨ ᠠᠪᠤ᠎ᠵᠢᠨ ᠪᠠᠶᠠᠷ᠎ᠲᠦ ᠵᠤᠷᠢᠭᠤᠯᠤᠭᠰᠠᠨ ᠪᠦᠬᠡ᠎ᠵᠢᠨ ᠤᠷᠤᠯᠳᠤᠭᠠᠨ ᠰᠢᠨᠡᠪᠠᠯᠭᠠᠰᠤ ᠎ᠵᠢᠨ ᠲᠠᠮᠤᠬᠠᠢ᠎ᠵᠢᠨ ᠴᠠᠢᠳᠠᠮ᠎ᠳᠦ ᠬᠦᠭᠵᠢᠶᠡᠨᠲᠡᠢ ᠶᠠᠪᠤᠭᠳᠠᠪᠠ᠃

 

ᠲᠠᠮᠢᠷ

✦21᠎ᠤ ᠡᠳᠦᠷ᠂ ᠬᠥᠯᠥᠨ ᠪᠤᠢᠷ᠎ᠤᠨ ᠲᠠᠯ᠎ᠠ ᠨᠤᠲᠤᠭ᠎ᠤᠨ ᠪᠠᠭᠠᠲᠤᠳ᠎ᠤᠨ ᠴᠤᠭᠯᠠᠭᠠᠨ᠎ᠤ ᠰᠢᠷᠢᠰ ᠠᠵᠢᠯᠯᠠᠭ᠎ᠠ·2026 《ᠬᠦᠬᠡᠨᠠᠭᠤᠷ ᠬᠤᠨᠳᠠᠭᠠᠲᠤ》 ᠮᠤᠩᠭᠤᠯ ᠪᠦᠬᠡ᠎ᠵᠢᠨ ᠮᠠᠩᠯᠠᠢ᠂ ᠮᠡᠷᠭᠡᠨ ᠬᠠᠷᠪᠤᠭᠠᠴᠢ ᠰᠢᠯᠭᠠᠷᠠᠭᠤᠯᠬᠤ ᠤᠷᠤᠯᠳᠤᠭᠠᠨ ᠬᠠᠭᠤᠴᠢᠨ ᠪᠠᠷᠭᠤ ᠬᠤᠰᠢᠭᠤᠨ᠎ᠤ ᠬᠦᠬᠡᠨᠠᠭᠤᠷ ᠦᠵᠡᠮᠵᠢ᠎ᠵᠢᠨ ᠤᠷᠤᠨ᠎ᠳᠦ ᠶᠠᠪᠤᠭᠳᠠᠵᠤ᠂ 1024 ᠬᠦᠴᠦᠲᠦ ᠪᠦᠭᠡ᠎ᠵᠢᠨ ᠪᠠᠷᠢᠯᠳᠤᠭᠠᠨ᠎ᠳᠦ ᠰᠢᠨ᠎ᠡ ᠪᠠᠷᠭᠤ ᠵᠡᠭᠦᠨ ᠬᠤᠰᠢᠭᠤᠨ᠎ᠤ ᠡᠩᠬᠡᠵᠢᠷᠭᠠᠯ ᠲᠦᠷᠦᠭᠦᠯᠡᠵᠡᠢ᠃

 

ᠳᠡᠯᠡᠬᠡᠢ

✦ᠰᠢᠨᠬᠤᠸᠠ ᠬᠤᠷᠢᠶ᠎ᠠ᠎ᠵᠢᠨ ᠮᠡᠳᠡᠭᠡ᠎ᠵᠢ ᠦᠨᠳᠦᠰᠦᠯᠡᠪᠡᠯ᠂ 21᠎ᠤ ᠡᠳᠦᠷ᠂ ᠢᠷᠠᠨ᠂ ᠠᠮᠧᠷᠢᠺᠠ ᠪᠣᠯᠣᠨ ᠺᠠᠲ᠋ᠠᠷ ᠭᠤᠷᠪᠠᠨ ᠤᠯᠤᠰ᠎ᠤᠨ ᠬᠤᠷᠠᠯ ᠰᠸᠢᠰ᠎ᠲᠦ ᠶᠠᠪᠤᠭᠳᠠᠵᠤ᠂ ᠯᠧᠪᠠᠨᠣᠨ᠎ᠤ ᠪᠠᠢᠳᠠᠯ ᠵᠢᠴᠢ ᠥᠯᠥ ᠬᠥᠨᠳᠡᠭᠳᠡᠭᠰᠡᠨ ᠢᠷᠠᠨ᠎ᠤ ᠡᠳ᠋ ᠬᠥᠷᠥᠩᠭᠡ᠎ᠵᠢᠨ ᠲᠤᠬᠠᠢ ᠵᠥᠪᠯᠡᠵᠡᠢ᠃

✦ᠰᠢᠨᠬᠤᠸᠠ ᠬᠤᠷᠢᠶ᠎ᠠ᠎ᠵᠢᠨ ᠮᠡᠳᠡᠭᠡ᠎ᠵᠢ ᠦᠨᠳᠦᠰᠦᠯᠡᠪᠡᠯ᠂ ᠠᠮᠧᠷᠢᠺᠠ᠎ᠶᠢᠨ ᠯᠤᠰ ᠠᠩᠵᠸᠯᠸᠰ ᠬᠣᠲᠠ᠎ᠶᠢᠨ ᠨᠢᠭᠡᠨ ᠲᠣᠮᠣ᠌ ᠬᠡᠯᠪᠡᠷᠢ᠎ᠶᠢᠨ ᠬᠤᠳᠠᠯᠳᠤᠭᠠᠨ᠎ᠤ ᠬᠥᠮᠥᠷᠭᠡ᠎ᠶᠢᠨ ᠲᠥᠬᠦᠭᠡᠷᠦᠮᠵᠢ᠎ᠶᠢᠨ ᠭᠠᠯ᠎ᠤᠨ ᠠᠶᠤᠯ ᠬᠡᠳᠦᠨ ᠡᠳᠦᠷ ᠦᠷᠭᠦᠯᠵᠢᠯᠡᠭᠰᠡᠨ ᠪᠥᠭᠡᠳ ᠶᠡᠬᠡ ᠬᠡᠮᠵᠢᠶᠡᠨ᠎ᠦ ᠰᠡᠳᠦᠯᠲᠡ᠎ᠶᠢᠨ ᠴᠢᠨᠠᠷᠲᠠᠢ ᠣᠲᠣᠭ᠎ᠠ ᠤᠨᠢᠶᠠᠷ ᠭᠠᠷᠴᠤ᠂ ᠯᠤᠰ ᠠᠩᠵᠸᠯᠸᠰ ᠬᠣᠲᠠ᠎ᠶᠢᠨ ᠳᠠᠷᠤᠭ᠎ᠠ 20᠎ᠤ ᠡᠳᠦᠷ ᠲᠣᠰ ᠬᠣᠲᠠ ᠪᠠᠴᠢᠮ ᠪᠠᠢᠳᠠᠯ᠎ᠳᠤ ᠣᠷᠣᠭᠰᠠᠨ᠎ᠢ ᠵᠠᠷᠯᠠᠪᠠ᠃

✦ᠺᠣᠩᠭᠣ᠋ ᠵᠢᠨ ᠡᠷᠡᠭᠦᠯ ᠬᠠᠮᠠᠭᠠᠯᠠᠯ᠎ᠤᠨ ᠶᠠᠮᠤᠨ᠎ᠤ 20᠎ᠤ ᠡᠳᠦᠷ ᠨᠡᠢᠲᠡᠯᠡᠭᠰᠡᠨ ᠬᠢᠵᠢᠭ᠎ᠦᠨ ᠪᠠᠢᠳᠠᠯ ᠎ᠤᠨ ᠮᠡᠳᠡᠭᠦᠯᠦᠯᠲᠡ᠎ᠵᠢ ᠦᠨᠳᠦᠰᠦᠯᠡᠪᠡᠯ᠂ ᠲᠤᠰ ᠤᠯᠤᠰ᠎ᠤᠨ ᠲᠤᠰ ᠡᠭᠡᠯᠵᠢ᠎ᠶᠢᠨ ᠡᠸᠪᠦ᠋ᠯᠠ ᠬᠢᠵᠢᠭ᠎ᠦᠨ ᠪᠠᠢᠳᠠᠯ᠎ᠳᠤ ᠣᠨᠣᠰᠢᠯᠠᠭᠳᠠᠭᠰᠠᠨ ᠡᠪᠡᠳᠴᠢᠨ᠎ᠦ ᠵᠢᠱ᠌ᠢᠶ᠎ᠡ ᠨᠡᠢ᠍ᠢᠳᠡ 956 ᠪᠣᠯᠵᠤ ᠨᠡᠮᠡᠭᠳᠡᠨ᠂ ᠡᠭᠦᠨ᠎ᠳᠦ 247 ᠬᠦᠮᠦᠨ ᠡᠨᠳᠡᠵᠡᠢ᠃

 

ᠦᠢᠯᠡᠴᠢᠯᠡᠭᠡ

✦ᠬᠤᠤᠯᠢᠩᠭᠣᠣᠯ ᠬᠣᠲᠠ᠎ᠶᠢᠨ ᠠᠯᠪᠠᠨ᠎ᠤ ᠬᠡᠦᠬᠡᠳ᠎ᠦᠨ ᠴᠡᠴᠡᠷᠯᠢᠭ ᠪᠠᠭ᠍ᠰᠢ ᠡᠯᠰᠡᠵᠦ ᠪᠤᠢ᠃ 

✦ᠤᠯᠤᠰ᠎ᠤᠨ ᠳᠣᠲᠣᠭᠠᠳᠤ᠎ᠶᠢᠨ ᠪᠣᠯᠪᠠᠰᠤᠷᠠᠭᠤᠯᠤᠭᠰᠠᠨ ᠴᠢᠯᠠᠭᠤᠨ ᠲᠣᠰᠣᠨ᠎ᠤ ᠰᠢᠨ᠎ᠡ ᠨᠢᠭᠡ ᠡᠭᠡᠯᠵᠢ᠎ᠶᠢᠨ ᠦᠨ᠎ᠡ᠎ᠶᠢᠨ ᠲᠣᠬᠢᠷᠠᠭᠤᠯᠤᠯᠲᠠ᠎ᠵᠢ 7 ᠰᠠᠷ᠎ᠠ᠎ᠶᠢᠨ 3᠎ᠤ ᠡᠳᠦᠷ᠎ᠦᠨ 24 ᠴᠠᠭ᠎ᠲᠤ ᠬᠢᠬᠦ᠎ᠪᠤᠯᠤᠨ᠎ᠠ᠃

 

ᠲᠠᠨ᠎ᠤ ᠲᠤᠰᠠ᠎ᠳᠤ

✦ᠵᠣᠨ᠎ᠤ ᠤᠯᠠᠷᠢᠯ᠎ᠤᠨ ᠢᠳᠡᠭᠡᠨ ᠤᠮᠳᠠᠭᠠᠨ᠎ᠤ ᠲᠤᠬᠠᠢ ᠲᠤᠰᠬᠠᠢ ᠮᠡᠷᠭᠡᠵᠢᠯᠲᠡᠨ᠎ᠤ ᠰᠠᠨᠠᠭᠤᠯᠬᠤ᠎ᠪᠡᠷ᠂ ᠡᠭᠡᠯᠢᠯᠡᠭᠡ᠎ᠶᠢᠨ ᠴᠢᠳᠠᠪᠤᠷᠢ ᠠᠨᠠᠢ ᠬᠥᠮᠥᠰ᠂ ᠵᠢᠱ᠌ᠢᠶᠡᠯᠡᠪᠡᠯ ᠨᠢᠯᠬ᠎ᠠ ᠬᠡᠦᠬᠡᠳ᠂ ᠨᠠᠰᠤᠲᠠᠢᠴᠤᠳ᠂ ᠵᠢᠷᠮᠦᠰᠦᠨ ᠡᠮᠡᠭᠲᠡᠢ ᠵᠢᠴᠢ ᠤᠳᠠᠭᠠᠨ ᠴᠢᠨᠠᠷᠲᠠᠢ ᠡᠪᠡᠳᠴᠢᠨ᠂ ᠥᠮᠡᠨ᠎ᠳᠦ ᠨᠡᠷᠪᠡᠭᠳᠡᠭᠰᠡᠨ ᠪᠤᠶᠤ ᠡᠭᠡᠯᠢᠯᠡᠭᠡ᠎ᠶᠢᠨ ᠬᠢᠵᠠᠭᠠᠷᠯᠠᠬᠤ ᠡᠮ ᠬᠡᠷᠡᠭᠯᠡᠵᠦ ᠪᠠᠢᠭ᠎ᠠ ᠬᠥᠮᠥᠰ ᠠᠯᠢ ᠴᠢᠳᠠᠬᠤ᠎ᠪᠠᠷ ᠦᠯᠡᠳᠡᠭᠰᠡᠨ ᠪᠤᠳᠠᠭ᠎ᠠ ᠨᠣᠭᠣᠭ᠎ᠠ ᠢᠳᠡᠬᠦ᠎ᠡᠴᠡ ᠵᠠᠢᠯᠠᠰᠬᠢᠪᠡᠯ ᠵᠤᠬᠢᠨ᠎ᠠ᠃ ᠬᠡᠷᠪᠡ ᠦᠯᠡᠳᠡᠭᠰᠡᠨ ᠬᠣᠭᠣᠯᠠ ᠢᠳᠡᠭᠰᠡᠨ᠎ᠦ ᠳᠠᠷᠠᠭ᠎ᠠ ᠳᠤᠷ᠎ᠠ ᠪᠣᠯᠭᠢᠬᠤ᠂ ᠪᠥᠭᠡᠯᠵᠢᠬᠦ ᠵᠢᠴᠢ ᠰᠠᠭᠤᠯᠭᠠᠬᠤ ᠵᠡᠷᠭᠡ ᠡᠪᠡᠳᠴᠢᠨ᠎ᠦ ᠢᠯᠡᠷᠡᠯ ᠲᠠᠢ ᠪᠤᠯ ᠳᠠᠷᠤᠢ ᠲᠦᠷᠭᠡᠨ ᠡᠮᠨᠡᠭᠦᠯᠬᠦ ᠬᠡᠷᠡᠭᠲᠡᠢ᠃

ᠵᠠᠯᠭᠠᠭᠠᠳ 《ᠶᠢᠰᠦᠨ ᠬᠦᠰᠡᠯ᠎ᠤᠨ ᠠᠶᠠᠯᠭᠤ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ ᠵᠢᠷᠭᠠᠭᠠᠶ᠎ᠠ᠂ ᠲᠠᠬᠢᠨ ᠠᠭᠤᠯᠵᠠᠳᠠᠯ᠎ᠠ ᠪᠡᠨ ᠲᠦᠷ ᠪᠠᠶᠠᠷᠳᠠᠢ!

(ᠢᠷᠡᠯᠳᠡ᠄ ᠰᠢᠨᠬᠤᠧᠠ ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂  ᠮᠠᠨ᠎ᠤ ᠤᠷᠤᠨ᠎ᠤ ᠡᠯ᠎ᠠ ᠠᠢᠮᠠᠭ ᠬᠤᠳᠠ᠂  ᠬᠤᠰᠢᠭᠤ ᠰᠢᠶᠠᠨ᠎ᠤ  ᠵᠢᠷᠬᠢᠶ᠎ᠠ᠎ᠶᠢᠨ ᠲᠠᠪᠴᠠᠩ)   

ᠬᠤᠪᠢᠶᠠᠯᠴᠠᠬᠤ᠄
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ ᠬᠠᠷᠢᠯᠴᠠᠬᠤ ᠤᠲᠠᠰᠤ᠄0471-6635435 ᠢᠮᠧᠯ᠄mgyxw@163.com   蒙ICP备10000005号