ᠠᠢᠯ ᠤᠰᠤ ᠠᠢᠮᠠᠭ ᠬᠠᠵᠠᠭᠤ
·ᠮ·ᠬᠠᠰᠪᠠᠭᠠᠨᠠ
- ᠶᠠᠪᠤᠵᠠᠭᠠᠶᠠ!
ᠬᠠᠤᠯᠢᠳᠤ ᠶᠠᠪᠤᠵᠠᠭᠠᠶᠠ!
- ᠶᠠᠪᠤᠪᠠᠯ
ᠶᠠᠪᠤᠵᠠᠭᠠᠶᠠ! ᠪᠢᠳᠡ ᠴᠢᠮᠠᠠᠴᠠ ᠠᠶᠤᠬᠤ ᠶᠤᠮ ᠦᠦ! ᠭᠡᠵᠦ ᠤᠷᠢᠲᠠᠢ ᠬᠣᠢᠲᠠᠢ ᠰᠠᠭᠤᠭᠰᠠᠨ ᠬᠣᠶᠠᠷ
ᠠᠢᠯᠤᠨ ᠬᠢ ᠵᠠᠷᠭᠤ ᠬᠢᠬᠦᠪᠡᠷ ᠪᠣᠯᠵᠤ ᠪᠠᠢᠨᠠ᠃

ᠵᠠᠷᠭᠤᠶᠢᠨ ᠤᠴᠢᠷ᠄ ᠬᠣᠢᠲᠤ ᠠᠢᠯᠤᠨ ᠬᠢ ᠨᠢ ᠬᠣᠶᠠᠷ
ᠠᠢᠯᠤᠨ ᠭᠣᠣᠯᠢᠶᠠᠷ ᠲᠡᠮᠦᠷ ᠤᠲᠠᠰᠤᠨ ᠲᠣᠣᠷ ᠲᠠᠲᠠᠬᠤᠳᠤ ᠪᠠᠨ
ᠤᠷᠲᠤ ᠠᠢᠯ
ᠤᠨ ᠪᠡᠯᠴᠢᠭᠡᠷ ᠢ ᠠᠷᠪᠠᠨ ᠠᠯᠲᠠ ᠥᠷᠭᠡᠨ ᠢᠶᠡᠷ ᠡᠯᠭᠦᠭᠳᠡᠭᠦᠯᠦᠨ ᠠᠪᠤᠭᠰᠠᠨᠳᠤ ᠤᠷᠲᠤ ᠠᠢᠯᠤᠨ
ᠬᠢ ᠨᠢ ᠵᠥᠪᠰᠢᠭᠡᠷᠢ ᠠᠯᠳᠠᠵᠤ ᠬᠡᠯᠡᠯᠴᠡᠭᠰᠡᠭᠡᠷ ᠪᠠᠢᠭᠠᠳ ᠴᠤᠤᠭᠢᠯᠴᠠᠵᠤ᠂ ᠴᠤᠤᠭᠢᠯᠴᠠᠵᠤ ᠪᠠᠢᠭᠰᠠᠭᠠᠷ
ᠵᠣᠳᠣᠯᠴᠠᠵᠤ᠂ ᠤᠷᠲᠤ ᠠᠢᠯᠤᠨ ᠬᠢᠨᠢ ᠰᠣᠶᠣᠯᠲᠤ ᠬᠣᠢᠲᠤ ᠠᠢᠯᠤᠨ ᠳᠠᠪᠰᠢᠯᠲᠤᠶᠢᠨ ᠲᠣᠯᠣᠭᠠᠢᠶᠢ ᠨᠢ
ᠰᠢᠷᠬᠠᠲᠤᠭᠤᠯᠵᠤ ᠶᠠᠪᠤᠳᠠᠯ ᠪᠣᠯᠵᠠᠢ᠃
ᠭᠠᠴᠠᠭᠠᠨᠤ ᠬᠢᠨᠢ
ᠤᠳᠤᠷᠢᠳᠤᠯᠭᠠ ᠨᠥᠯᠥᠭᠡᠪᠡᠨ ᠪᠣᠳᠣᠵᠤ ᠡᠨᠡ ᠵᠠᠷᠭᠤ ᠶᠢ
ᠬᠠᠤᠯᠢᠳᠤ ᠣᠷᠣᠭᠤᠯᠬᠤ ᠰᠠᠨᠠᠭᠠ ᠦᠭᠡᠢ ᠪᠣᠯᠬᠤᠳᠤ ᠨᠠᠮᠤᠨ ᠡᠭᠦᠷᠦᠨ ᠡᠪᠦᠭᠡᠨ ᠱᠦᠵᠢ ᠡᠨᠡ ᠶᠠᠪᠤᠳᠠᠯᠢ
ᠳᠣᠲᠣᠷᠠᠪᠠᠨ ᠰᠢᠢᠳᠪᠦᠷᠢᠯᠡᠬᠦ ᠭᠡᠵᠦ ᠬᠣᠰᠢᠭᠤᠨᠳᠤ ᠠᠴᠢ ᠵᠢᠭᠡ ᠳ᠋ᠦ ᠪᠠᠨ
ᠪᠤᠳᠠᠭᠠ ᠴᠢᠨᠠᠳᠠᠭ ᠬᠣᠶᠠᠷ ᠠᠢᠯᠤᠨ ᠶᠡᠬᠡᠮᠡᠳᠢ ᠳᠠᠭᠤᠳᠠᠬᠤᠪᠠᠷ ᠪᠣᠯᠵᠠᠢ᠃
ᠬᠣᠶᠠᠷ ᠠᠢᠯᠤᠨ
ᠶᠡᠬᠡᠮᠡᠳ᠂ ᠰᠣᠶᠣᠯᠲᠤᠶᠢᠨ ᠡᠴᠢᠭᠡ ᠡᠬᠡ ᠪᠠᠯᠳᠠᠨ᠂ ᠪᠠᠳᠮᠠᠴᠡᠴᠡᠭ ᠬᠣᠶᠠᠭᠤᠯᠠ ᠤᠷᠢᠳᠢᠶᠠᠷ ᠢᠷᠡᠵᠡᠢ᠃
ᠳᠠᠷᠠᠭᠠᠪᠠᠷ ᠨᠢ
ᠳᠠᠪᠰᠢᠯᠲᠤ ᠶᠢᠨ ᠡᠴᠢᠭᠡ ᠠᠮᠤᠷᠵᠠᠶᠠᠭᠠ᠂ ᠡᠬᠡ ᠨᠢ ᠰᠠᠷᠠᠨᠭᠡᠷᠡᠯ ᠢᠷᠡᠭᠰᠡᠨ ᠪᠥᠭᠡᠳ ᠠᠮᠤᠷᠵᠠᠶᠠᠭᠠ
ᠡᠭᠦᠳᠡ ᠪᠡᠷ ᠣᠷᠣᠵᠤ ᠢᠷᠡᠮᠡᠭᠴᠡ ᠪᠠᠨ ᠪᠠᠯᠳᠠᠨ ᠢ ᠬᠠᠷᠠᠵᠤ ᠪᠦᠰᠡᠨᠳᠦ ᠰᠦᠢᠷᠠᠭᠰᠠᠨ ᠮᠥᠩᠭᠥᠨ
ᠴᠡᠭᠡᠵᠢ᠂ ᠹᠧᠢ᠍ᠢᠼᠦᠢ᠍ᠢ ᠰᠢᠯᠪᠢᠲᠠᠢ ᠲᠠᠮᠠᠬᠢᠨ ᠲᠣᠭᠣᠭᠠᠪᠠᠨ ᠰᠤᠭᠤᠯᠵᠤ ᠠᠪᠤᠩᠭᠤᠲᠠᠪᠠᠨ
ᠪᠠᠯᠳᠠᠨᠢᠶᠠᠨ ᠣᠷᠣᠢ ᠲᠦᠷᠦᠭᠦᠦ ᠦᠭᠡᠢ ᠴᠣᠬᠢᠪᠠᠯ ᠪᠠᠯᠳᠠᠨ ᠨᠢ ᠭᠠᠷᠢᠶᠠᠷᠢᠶᠠᠨ ᠲᠣᠯᠣᠭᠠᠢᠪᠠᠨ
ᠬᠠᠮᠠᠭᠠᠯᠠᠵᠤ᠄
- ᠬᠥᠶᠢ! ᠶᠠᠭᠠᠬᠢᠬᠤ
ᠶᠤᠮ ᠠ᠋? ᠶᠣ! ᠴᠢ ᠦᠨᠡᠬᠡᠷ ᠡᠪᠡᠳᠬᠡᠵᠦ ᠪᠠᠢᠨᠠ ᠭᠡᠪᠡᠯ ᠠᠮᠤᠷᠵᠠᠶᠠᠭᠠ ᠨᠢ᠄
- ᠡᠪᠡᠳᠳᠡᠭ ᠶᠤᠮ
ᠪᠠᠢᠨᠠᠤᠤ? ᠬᠡᠨ ᠴᠢᠮᠠ ᠵᠢ ᠡᠪᠡᠳ ᠭᠡᠰᠡᠨ ᠶᠤᠮ?ᠴᠢ ᠶᠡᠷᠦᠳᠦᠪᠡᠨ ᠳ᠋ᠠᠳᠢᠩ(ᠰᠦᠷᠡᠬᠡᠢ) ᠡᠷᠡ ᠶᠤᠮ
ᠠ! ᠴᠢ ᠨᠠᠮᠠᠶᠢ ᠶᠠᠭᠠᠬᠢᠵᠤ ᠪᠠᠢᠳᠠᠭ ᠪᠢᠯᠡ? ᠭᠡᠭᠰᠡᠭᠡᠷ ᠲᠣᠯᠣᠭᠠᠢᠪᠠᠨ ᠬᠠᠯᠬᠠᠯᠠᠭᠰᠠᠨ ᠭᠠᠷᠤᠨ
ᠴᠠᠷᠪᠠᠭᠤ᠂ ᠬᠤᠷᠤᠭᠤᠶᠢ ᠨᠢ ᠴᠣᠬᠢᠪᠠ᠃ ᠪᠠᠯᠳᠠᠨ ᠨᠢ᠄
- ᠬᠥᠶᠢ᠂ ᠪᠠᠢᠶᠠ!
ᠪᠠᠢᠶᠠ ᠬᠥ! ᠦᠨᠡᠬᠡᠷ ᠡᠪᠡᠳᠴᠦ ᠪᠠᠢᠨᠠ ᠰᠢᠤ ᠭᠡᠬᠦᠳᠦ ᠠᠮᠤᠷᠵᠠᠶᠠᠭᠠᠶᠢᠨ ᠪᠦᠰᠡᠭᠦᠢ ᠰᠠᠷᠠᠠᠭᠡᠷᠡᠯ᠄
- ᠡᠨᠡ ᠨᠢᠭᠡ ᠬᠣᠶᠠᠷ ᠶᠠᠭᠤᠮᠠ ᠬᠡᠵᠢᠶᠡ ᠴᠦ᠍ ᠲᠡᠭᠡᠵᠦ ᠯᠠ
ᠪᠠᠢᠳᠠᠭ ᠶᠤᠮ᠃ ᠬᠥᠭᠰᠢᠷᠡᠵᠦ ᠪᠠᠢᠨᠠ ᠰᠢᠤ ᠲᠠᠨ ᠤ ᠬᠣᠶᠠᠭᠤᠯᠠ! ᠴᠠᠢ ᠶᠢᠨ ᠳᠡᠪᠦᠷᠡ ᠣᠩᠬᠣᠯᠢᠭᠤᠯ᠂
ᠲᠠᠨᠤ ᠬᠣᠶᠠᠷ!ᠭᠡᠪᠡᠯ ᠠᠮᠤᠷᠵᠠᠶᠠᠭᠠ ᠨᠢ ᠪᠣᠯᠢᠵᠤ᠂ ᠵᠣᠳᠣᠭᠳᠠᠵᠤ ᠰᠠᠨᠳᠤᠷᠤᠭᠰᠠᠨ ᠨᠥᠭᠥᠭᠡ ᠪᠠᠨ ᠬᠠᠷᠠᠨ᠄
- ᠵᠠ᠂ ᠰᠠᠢᠨ ᠪᠠᠢᠨᠠ
ᠦᠦ? ᠪᠡᠶᠡ ᠲᠡᠩᠬᠡᠭᠡ ᠰᠠᠢᠨ? ᠭᠡᠯᠡ᠃ ᠪᠠᠯᠳᠠᠨ ᠨᠢ ᠡᠪᠡᠳᠦᠭᠰᠡᠨ ᠬᠤᠷᠤᠭᠤᠪᠠᠨ ᠪᠠᠷᠢᠵᠤ᠄
- ᠰᠠᠢᠨ᠂ ᠰᠠᠢᠨ! ᠶᠡᠷᠦ
ᠰᠠᠢᠨ! ᠭᠡᠯᠡ᠃ ᠠᠮᠤᠷᠵᠠᠶᠠᠭᠠ ᠨᠢ᠄
- ᠮᠠᠯ ᠰᠠᠢᠨ ᠪᠠ?
ᠭᠡᠪᠡᠯ ᠪᠠᠯᠳᠠᠨ ᠨᠢ᠄
- ᠰᠠᠢᠨ! ᠰᠠᠢᠨ! ᠮᠠᠯ
ᠭᠡᠬᠦᠯᠡᠷ ᠮᠠᠨᠤᠰ ᠣᠳᠣ᠌ ᠮᠠᠯᠠᠴᠠᠪᠠᠨ ᠰᠠᠯᠤᠭᠰᠠᠨ ᠬᠥᠮᠥᠰ ᠮᠡᠳᠡᠬᠦ ᠦᠭᠡᠢ ᠪᠠᠢᠨᠠ! ᠰᠤᠷᠠᠭᠢ ᠨᠢ
ᠰᠣᠨᠤᠰᠬᠤᠯᠠᠷ ᠮᠠᠯᠳᠤ ᠨᠢᠭᠡ ᠰᠦᠷᠡᠬᠡᠢ ᠬᠠᠮᠠᠭᠤ ᠶᠠᠪᠤᠵᠤ ᠪᠠᠢᠨᠠ ᠭᠡᠵᠦ ᠪᠠᠢᠨᠠ᠃ ᠬᠠᠮᠠᠭᠤ ᠭᠡᠬᠦᠯᠡᠷ
ᠨᠢ ᠤᠳᠤᠭᠠᠷᠢᠶᠢᠨ ᠨᠦᠬᠡᠨᠳᠦ ᠬᠠᠭᠠᠵᠤ ᠣᠲᠣᠭᠰᠠᠭᠠᠷ ᠯᠠ ᠠᠮᠠᠷᠬᠠᠨ ᠡᠳᠡᠭᠡᠷᠡᠳᠡᠭ ᠶᠤᠮ ᠡ᠃ ᠴᠢ
ᠴᠡᠭᠡᠵᠢᠯᠡᠵᠦ ᠪᠠᠢᠨᠠ ᠦᠦ? ᠲᠠᠨᠤ ᠶᠡᠬᠡ ᠨᠠᠰᠤᠲᠤ (ᠡᠴᠢᠭᠡ) ᠯᠠ ᠰᠠᠢᠬᠠᠨ ᠣᠳᠣᠳᠠᠭ ᠬᠥᠮᠥᠨ ᠪᠠᠢᠯᠠ᠃ ᠮᠠᠯ
ᠤᠨ ᠤᠳᠤᠭᠠᠷᠢᠨ ᠳ᠋ᠦ ᠶᠠᠭᠤ ᠤᠷᠤᠳᠠᠭ ᠪᠢᠯᠡ? ᠮᠢᠨᠤ ᠮᠡᠳᠡᠬᠦᠪᠡᠷ ᠤᠯᠠᠭᠠᠨ ᠯᠠᠵᠤᠤ᠂
ᠮᠦᠭᠡᠢ (ᠦᠮᠡᠬᠡᠢ) ᠬᠤᠷᠤᠬᠠᠢ᠂ ᠦᠬᠦᠭᠰᠡᠨ ᠬᠦᠮᠦᠨᠤ ᠭᠠᠪᠠᠯᠠᠵᠢᠨ ᠶᠠᠰᠤ᠂ ᠮᠤᠭᠠᠢ ᠵᠢᠨ ᠵᠤᠯᠪᠤᠳᠠᠰᠤ (ᠬᠠᠯᠢᠰᠤ)᠂ ᠳᠠᠯᠠᠨ ᠲᠦᠷᠦᠭᠦᠦᠵᠢᠨ
ᠤᠯᠠᠭᠠᠨ ᠬᠤᠷᠤᠬᠠᠢ ᠯᠠ ᠤᠷᠤᠳᠠᠭ ᠰᠢᠭ᠋ ᠪᠢᠯᠡ ᠭᠡᠪᠡ᠃

ᠠᠮᠤᠷᠵᠠᠶᠠᠭᠠ᠄
— ᠪᠢ ᠮᠠᠷᠲᠠᠴᠢᠬᠠᠭᠰᠠᠨ᠂
ᠮᠠᠷᠲᠠᠴᠢᠬᠠᠭᠰᠠᠨ᠂ ᠠᠪᠠᠢ ᠬᠡᠯᠡᠬᠦᠳᠦᠪᠡᠨ ᠬᠠᠮᠠᠭᠤᠲᠠᠢ ᠠᠢᠯᠤᠨ ᠮᠠᠯᠲᠠᠢ ᠨᠡᠢᠯᠡᠬᠦᠶᠢ ᠯᠠ
ᠬᠢᠴᠢᠶᠡ ᠭᠡᠳᠡᠭ ᠶᠤᠮ᠂ ᠴᠢ ᠰᠣᠨᠣᠰᠪᠠ ᠦᠦ? ᠮᠠᠨᠤ ᠰᠠᠶᠢᠬᠢ
ᠴᠡᠩᠭᠡᠯᠴᠢᠯᠠᠭᠤᠶᠢᠨ ᠮᠣᠷᠢ ᠬᠤᠷᠳᠤᠨ ᠪᠣᠯᠣᠯᠠ ᠭᠡᠵᠦ ᠪᠠᠢᠨᠠ᠃ ᠨᠢᠭᠡ ᠬᠡᠯᠡᠶᠡ ᠭᠡᠰᠡᠨ ᠨᠢ
ᠬᠣᠨᠣᠭᠤᠨ ᠡᠪᠡᠰᠦ ᠪᠣᠷᠣ᠌ ᠪᠤᠷᠴᠠᠭ ᠵᠢᠡᠷ ᠲᠦᠭᠵᠢᠵᠦ ᠪᠠᠢᠭᠠᠳ ᠪᠣᠬᠢᠯᠤᠭᠤᠯᠵᠤ (ᠲᠡᠩᠬᠡᠭᠡ ᠬᠡᠲᠦᠷᠡᠭᠦᠯᠵᠦ) ᠤᠨᠤᠵᠤ ᠶᠠᠪᠤᠵᠤ ᠪᠠᠢᠭᠠᠳ ᠭᠡᠨᠡᠳᠲᠡ
ᠲᠤᠢᠯᠡᠵᠤ᠂ ᠮᠠᠭᠤ ᠴᠡᠩᠭᠡᠯᠴᠢᠯᠠᠭᠤᠶᠢ ᠲᠣᠯᠣᠭᠠᠢᠪᠠᠷ ᠨᠢ ᠭᠠᠵᠠᠷ ᠬᠠᠳᠬᠤᠨ᠂ ᠬᠣᠶᠠᠷ ᠬᠥᠯ ᠨᠢ ᠲᠡᠮᠡᠭᠡᠨ
ᠣᠩᠭᠣ᠌ ᠪᠣᠰᠴᠤ ᠬᠦᠵᠦᠭᠦᠦᠪᠡᠨ ᠬᠤᠭᠤᠯᠴᠢᠬᠠᠬᠤ ᠰᠢᠬᠠᠯᠠ ᠭᠡᠵᠦ ᠪᠠᠢᠨᠠ᠃ ᠴᠢ ᠤᠵᠠᠭᠤᠷᠲᠤ ᠬᠣᠯᠠ ᠮᠣᠷᠢᠪᠠᠨ
ᠪᠣᠬᠢᠯᠤᠭᠤᠯᠵᠤ ᠴᠢᠮᠠᠶᠢ ᠰᠢᠪᠠᠭ ᠬᠠᠷᠭᠠᠨᠠᠶᠢᠨ ᠳᠡᠭᠡᠭᠦᠷ ᠴᠢᠷᠦᠯᠡ ᠭᠡᠰᠡᠨ ᠪᠢᠰᠢ ᠪᠢᠯᠡ
ᠦᠦ? ᠰᠡᠭᠦᠯᠳᠦ ᠴᠢ ᠶᠠᠭᠠᠬᠢᠵᠤ ᠨᠤᠭᠤᠯᠵᠤ ᠠᠪᠤᠪᠠ?
ᠭᠡᠬᠦᠳᠦ ᠪᠠᠯᠳᠠᠨ᠄
— ᠲᠡᠭᠡᠬᠦ ᠦᠭᠡᠢ
ᠶᠠᠭᠠᠬᠢᠬᠤ ᠪᠣᠢ? ᠮᠢᠨᠤ ᠡᠪᠦᠭᠡ ᠡᠴᠢᠭᠡᠶᠢᠨ ᠡᠯ ᠯᠢᠶᠠᠨ ᠲᠣᠬᠣᠮᠢ ᠦᠭᠡᠢ ᠬᠢᠴᠢᠬᠡᠳᠡᠭ ᠪᠢᠯᠡ! ᠬᠥᠮᠥᠨ
ᠴᠦ᠍ ᠮᠠᠯ ᠴᠦ᠍ ᠲᠠᠷᠭᠤᠪᠠᠨ ᠳᠠᠭᠠᠭᠠᠳᠠᠭ ᠦᠭᠡᠢ ᠶᠠᠭᠤᠮᠠ᠂ ᠲᠡᠭᠡᠬᠦᠯᠡᠷ ᠠᠳᠤᠭᠤᠴᠢᠨ ᠪᠠᠶᠠᠷ ᠨᠠᠳᠠᠳᠤ
ᠵᠣᠯᠭᠠᠭᠠᠳ᠄ 《ᠣᠳᠣᠢᠨ! ᠴᠢ ᠲᠡᠷᠡ ᠡᠴᠢᠭᠡᠪᠡᠨ ᠰᠠᠢᠨ ᠡᠩᠬᠦᠷᠡᠢᠯᠡᠳᠡᠭ ᠦᠭᠡᠢ
ᠶᠤᠮ ᠤᠤ? ᠥᠭᠡᠬᠦᠨᠳᠦ ᠴᠤᠭᠯᠠᠭᠰᠠᠨ ᠪᠦᠭᠡᠷᠡᠰᠢᠭ ᠠᠢᠯ ᠥᠩᠭᠡᠷᠡᠪᠡᠯ
ᠬᠥᠲᠥᠯᠥᠭᠡᠳ ᠶᠠᠪᠤᠭᠰᠠᠨ ᠮᠤᠷᠢ ᠪᠠᠢᠨᠠ ᠯᠠᠢ᠃ ᠪᠢ ᠪᠠᠯᠠᠷᠡᠴᠡ ᠳᠥᠴᠢᠭᠡᠳ ᠪᠤᠭᠤᠳᠠᠭ ᠪᠤᠷᠭᠠᠰᠤ ᠠᠴᠢᠶᠠ
ᠭᠡᠰᠡᠨ ᠶᠤᠮ᠃ ᠨᠠᠳᠠ ᠳᠦ ᠥᠭᠴᠢᠬᠡ᠂ ᠪᠢ ᠴᠢᠮᠠᠳᠤ ᠨᠤᠭᠤᠯᠤᠭᠠᠳ ᠥᠭᠭᠦᠶᠡ》ᠭᠡᠵᠦ ᠪᠠᠢᠬᠤᠯᠠᠷ ᠨᠢᠭᠡᠨᠲᠡ
ᠬᠦᠴᠦᠷᠡᠬᠦᠪᠡᠨ ᠪᠠᠢᠭᠰᠠᠨ ᠶᠠᠭᠤᠮᠠᠶᠢ ᠥᠭᠴᠢᠬᠡᠭᠰᠡᠨ ᠶᠤᠮ! ᠲᠡᠷᠡ ᠡᠷᠡ ᠲᠠᠬᠠᠶᠢ ᠨᠢ ᠰᠤᠭᠤᠯᠵᠤ
ᠬᠠᠶᠠᠭᠠᠳ ᠨᠢᠭᠡ ᠤᠳᠠᠭᠠᠳᠤ ᠳᠥᠷᠪᠡᠨ ᠪᠣᠭᠣᠳᠠᠭ ᠨᠣᠢᠲᠠᠨ ᠪᠤᠷᠭᠠᠰᠤ ᠠᠴᠢᠵᠤ ᠮᠠᠩᠬᠠ ᠬᠠᠵᠠᠭᠤ ᠦᠭᠡᠢ
ᠵᠢᠳᠬᠦᠭᠦᠯᠦᠭᠡᠳ᠂ ᠪᠤᠷᠭᠠᠰᠤ ᠠᠴᠢᠬᠤᠪᠠᠷ ᠶᠠᠪᠤᠬᠤᠳᠤᠪᠠᠨ ᠬᠣᠶᠠᠷ ᠬᠥᠮᠥᠨ ᠰᠤᠨᠳᠠᠯᠠᠵᠤ ᠪᠠᠢᠭᠠᠳ
ᠵᠣᠪᠬᠢᠶᠢ ᠨᠢ ᠪᠠᠭᠤᠯᠭᠠᠭᠠᠳ ᠲᠡᠭᠡᠭᠡᠳ ᠯᠠ ᠨᠤᠭᠤᠯᠵᠤ ᠠᠪᠤᠭᠰᠠᠨ ᠶᠤᠮ᠃ ᠬᠠᠢᠷᠠᠯᠠᠬᠤᠳᠤᠪᠠᠨ
ᠬᠠᠢᠷᠠᠯᠠᠵᠤ ᠬᠠᠶᠠ ᠪᠠᠰᠠ ᠬᠠᠯᠠᠨᠳᠤ ᠲᠤᠰᠢᠶᠠᠵᠤ ᠪᠠᠢᠮᠠᠨ᠂ ᠦᠭᠡᠢ ᠪᠣᠯ ᠪᠣᠬᠢᠯᠤᠨᠠ ᠰᠢᠤ ᠭᠡᠯᠡ᠃

ᠭᠡᠷᠲᠦ ᠪᠠᠢᠭᠰᠠᠨ
ᠰᠣᠶᠣᠯᠲᠤ ᠳᠠᠪᠰᠢᠯᠲᠤ ᠡᠷᠡ ᠡᠮᠡ ᠳᠥᠷᠪᠡᠨ ᠬᠥᠮᠥᠨ ᠰᠠᠭᠤᠵᠤ ᠲᠣᠭᠲᠠᠬᠤ ᠦᠭᠡᠢ ᠪᠣᠯᠵᠤ ᠭᠠᠳᠠᠭ᠍ᠰᠢ
ᠭᠠᠷᠤᠯᠠ᠃ ᠡᠨᠡ ᠬᠣᠶᠠᠷ ᠨᠠᠰᠤᠲᠠᠨᠤ ᠳᠣᠮᠲᠠᠢ ᠳᠤᠤᠭᠠᠷᠳᠠᠭ(ᠳᠠᠭᠠᠷᠢᠭᠤᠯᠤᠨ ᠬᠡᠯᠡᠬᠦ)ᠢ ᠳᠦᠷᠪᠡᠨ
ᠵᠠᠯᠠᠭᠤ ᠪᠦᠷ ᠮᠡᠳᠡᠨᠡ᠃ ᠪᠠᠯᠳᠠᠨᠤ ᠬᠡᠯᠡᠭᠰᠡᠨ ᠬᠠᠮᠠᠭᠤᠲᠠᠢ ᠠᠢᠯᠤᠨ ᠮᠠᠯ ᠭᠡᠰᠡᠨ ᠦᠭᠡᠨᠳᠦ ᠡᠨᠡ
ᠤᠳᠠᠭᠠ ᠶᠢᠨ ᠵᠣᠳᠣᠭᠠᠨᠢ ᠥᠳᠥᠭᠡᠭᠰᠡᠨ ᠳᠠᠪᠰᠢᠯᠲᠤᠶᠢᠨ ᠡᠮᠡ ᠯᠡ ᠰᠦᠷᠡᠬᠡᠢ ᠳᠠᠭᠠᠷᠢᠭ᠍ᠳᠠᠵᠤ ᠪᠢᠯᠡ᠃
ᠳᠥᠷᠪᠡᠭᠦᠯᠡ ᠰᠠᠶᠢᠬᠢ
ᠲᠣᠣᠷ ᠲᠠᠲᠠᠬᠤᠪᠠᠷ ᠪᠣᠰᠬᠠᠭᠰᠠᠨ ᠮᠣᠳᠣ᠌ᠪᠠᠨ ᠰᠤᠭᠤᠯᠵᠤ ᠨᠦᠬᠡᠪᠡᠨ ᠪᠤᠯᠠᠵᠤ ᠪᠠᠢᠨᠠ᠃ ᠰᠣᠶᠣᠯᠲᠤ
ᠨᠢᠭᠡ ᠮᠣᠳᠣ᠌ᠶᠢ ᠰᠤᠭᠤᠯᠵᠤ ᠳᠡᠢᠯᠬᠦ ᠦᠭᠡᠢ ᠢᠨᠴᠠᠭ ᠪᠠᠭᠠᠰᠤ ᠠᠯᠳᠠᠪᠠᠯ ᠳᠠᠪᠰᠢᠯᠲᠤ ᠨᠢ ᠢᠷᠡᠵᠦ᠄
- ᠴᠢ ᠴᠣᠬᠣᠮ ᠯᠤᠪᠠᠶ
ᠪᠠᠢᠨᠠ᠂ ᠡᠭᠦᠨᠢ ᠢᠩᠭᠢᠰᠬᠢᠭᠡᠳ ᠰᠤᠭᠤᠯᠴᠢᠬᠠᠳᠠᠭ ᠦᠭᠡᠢ ᠶᠤᠮ ᠦᠦ? ᠭᠡᠳ ᠰᠤᠭᠤ ᠲᠠᠲᠠᠪᠠ ᠭᠡᠭᠴᠢ ᠨᠢ
ᠮᠣᠳᠣ᠌ ᠰᠤᠭᠤᠷᠠᠬᠤᠳᠤ ᠳᠠᠪᠰᠢᠯᠲᠤ ᠬᠣᠭᠣᠰᠤᠳᠠᠵᠤ ᠯᠠᠭ ᠬᠢᠲᠡᠯᠡ ᠰᠠᠭᠤᠪᠠᠯ ᠳᠥᠷᠪᠡᠭᠦᠯᠡᠪᠡᠨ ᠬᠠ ᠬᠠ
ᠬᠢ ᠬᠢ ᠢᠨᠢᠶᠡᠯᠳᠦᠯᠡ᠃
ᠡᠪᠦᠭᠡᠨ ᠱᠦᠵᠢ ᠲᠡᠳᠡᠨ ᠦ ᠳᠡᠷᠭᠡᠳᠡᠭᠦᠷ ᠥᠩᠭᠡᠷᠡᠬᠦᠳᠦᠪᠡᠨ᠄
- ᠵᠠ᠂ ᠶᠠᠭᠠᠬᠢᠬᠤ ᠪᠢᠯᠡ
ᠲᠠᠨᠤᠰ? ᠬᠠᠤᠯᠢᠳᠤ ᠶᠠᠪᠤᠬᠤ ᠪᠢᠯᠡᠤᠤ? ᠭᠡᠪᠡᠯ ᠳᠥᠷᠪᠡᠭᠦᠯᠡ ᠬᠡᠨ ᠨᠢ ᠴᠦ᠍ ᠳᠤᠤᠭᠠᠷᠤᠭᠰᠠᠨ ᠦᠭᠡᠢ
ᠪᠣᠯᠪᠠᠴᠤ ᠳᠣᠲᠣᠷᠠ ᠪᠠᠨ 《ᠵᠠ᠂ ᠡᠨᠡ ᠡᠪᠦᠭᠡᠳᠦᠨ ᠥᠩᠭᠡᠨᠳᠦ ᠴᠦ᠍ ᠳᠡᠢᠯᠦᠭᠡᠳ ᠭᠠᠷᠬᠤ ᠦᠭᠡᠢ ᠶᠤᠮ
ᠪᠠᠢᠨᠠ᠂ ᠡᠳᠡᠨᠦ ᠳᠠᠷᠠᠭᠠ ᠮᠠᠨᠤ ᠥᠩᠭᠡᠨ ᠳᠡᠭᠡᠷᠡ ᠴᠣᠬᠣᠮ ᠶᠠᠭᠠᠬᠢᠳᠠᠭ ᠪᠢᠯᠡᠤᠤ》 ᠭᠡᠵᠦ
ᠪᠣᠳᠤᠵᠠᠭᠠᠲᠠᠯᠠ ᠡᠪᠦᠭᠡᠨ ᠱᠦᠵᠢ᠄
- ᠵᠠ! ᠲᠡᠷᠡ ᠲᠡᠷᠡᠪᠡᠨ
ᠠᠬᠤᠢᠯᠠᠭᠠᠳ ᠭᠡᠷ ᠭᠡᠷᠲᠦᠪᠡᠨ ᠬᠠᠷᠢᠵᠠᠭᠠ᠂ ᠪᠦᠷ ᠠᠢᠯ ᠤᠰᠤ ᠠᠢᠮᠠᠭ ᠬᠠᠵᠠᠭᠤ! ᠭᠡᠯᠡ᠃
(《2024·ᠪᠤᠭᠤᠨᠢ
ᠦᠭᠦᠯᠡᠯᠭᠡ》 ᠨᠤᠮᠠᠴᠠ ᠰᠣᠩᠭᠣᠪᠠ)