ᠤᠨᠤᠯ ᠪᠠ ᠪᠤᠭᠤᠷᠤᠯ ᠬᠦᠬᠡ ᠡᠪᠤᠭᠡᠳ
·ᠴᠤᠬᠰᠦ᠋ᠯᠳᠡ
ᠬᠣᠰᠢᠭᠤᠨ ᠲᠥᠪᠦᠨ ᠪᠠᠷᠠᠭᠤᠨ ᠡᠮᠦᠨᠡᠭᠦᠷ ᠪᠠᠢᠷᠢᠯᠠᠳᠠᠭ
ᠪᠠᠢᠰᠢᠩ ᠭᠡᠷᠦᠳᠠᠴᠠ ᠤᠲᠤᠭᠠ ᠰᠤᠭᠤᠨᠠᠭᠯᠠᠵᠤ ᠵᠤᠨᠤ ᠥᠷᠯᠥᠭᠡᠶᠢᠨ ᠴᠡᠪᠡᠷ ᠠᠮᠢᠰᠬᠤᠯᠢ ᠡᠪᠳᠡᠨᠡ᠃ ᠵᠠᠯᠠᠭᠤ
ᠣᠶᠤᠲᠠᠨ ᠪᠠᠲᠤ ᠬᠦᠷᠢᠶᠡᠨ ᠳᠤᠮᠳᠠᠪᠡᠨ ᠴᠠᠬᠢᠯᠭᠠᠨ ᠪᠠᠭᠠᠵᠢ ᠡᠷᠭᠢᠭᠦᠯᠦᠨ ᠮᠣᠳᠣᠨ ᠲᠡᠷᠭᠡᠨᠦ ᠮᠥᠭᠡᠷ ᠰᠢᠭᠠᠵᠤ
ᠮᠤᠩᠭᠠᠨᠢᠨᠠ᠃ ᠣᠳᠣ᠌ ᠯᠠ ᠪᠣᠯᠣᠨᠠ ᠪᠠᠢᠬᠠ ᠭᠡᠳ ᠬᠡᠭᠡᠰᠦᠪᠡᠨ ᠮᠥᠭᠡᠷᠲᠦ ᠰᠢᠷᠭᠤᠭᠤᠯᠬᠤ ᠭᠡᠬᠦᠪᠡᠷ ᠨᠦᠬᠡ
ᠨᠢ ᠲᠠᠭᠠᠷᠠᠵᠤ ᠥᠭᠬᠦ ᠦᠭᠡᠢ ᠵᠣᠪᠠᠭᠠᠨᠠ᠃ ᠨᠤᠲᠤᠭᠤᠨ ᠨᠢᠭᠡ ᠪᠤᠭᠤᠷᠤᠯ ᠮᠣᠳᠣᠴᠢᠨᠢᠶᠠᠷ ᠬᠠᠪᠰᠤᠷᠤᠭᠤᠯᠬᠤ
ᠭᠡᠵᠦ ᠳᠠᠭᠤᠳᠠᠭᠰᠠᠨ ᠶᠤᠮ ᠳᠠ᠂ ᠢᠷᠡᠬᠦ ᠪᠣᠯᠣᠭᠠ ᠦᠭᠡᠢ ᠶᠤᠮ ᠪᠣᠯᠪᠠ ᠦᠦ ᠭᠡᠵᠦ ᠭᠠᠳᠠᠭ᠍ᠰᠢ ᠬᠠᠷᠠᠪᠠᠯ ᠬᠠᠰᠢᠶᠠᠨᠤ
ᠡᠭᠦᠳᠡ ᠨᠡᠭᠡᠭᠡᠭᠳᠡᠨ ᠪᠣᠷᠣ᠌ ᠲᠡᠷᠯᠢᠭᠲᠠᠢ ᠸᠠᠳᠠᠩ ᠡᠭᠦᠷᠦᠭᠰᠡᠨ ᠡᠪᠦᠭᠡᠨ ᠣᠷᠣᠵᠤ ᠢᠷᠡᠯᠡ᠃

— ᠰᠠᠢᠨ ᠪᠠᠢᠨᠠ ᠦᠦ᠂ ᠬᠡᠦᠬᠡ? ᠪᠠᠲᠤ ᠮᠥᠨᠤᠤ? ᠭᠡᠬᠦᠪᠡᠷ
ᠲᠡᠷᠭᠡᠨ ᠮᠥᠭᠡᠷ ᠰᠢᠭᠠᠬᠤ ᠭᠡᠵᠦ ᠬᠡᠳᠦᠨ ᠡᠳᠦᠷ ᠮᠤᠩᠭᠠᠨᠢᠭ᠍ᠰᠠᠨ ᠪᠠᠲᠤ:
— ᠰᠠᠢᠨ᠂ ᠰᠠᠢᠨ ᠪᠠᠢᠨᠠ ᠦᠦ ᠠᠪᠤ ᠠ᠋?ᠲᠡᠷᠭᠡᠨ
ᠮᠥᠭᠡᠷ ᠰᠢᠭᠠᠬᠤᠪᠠᠷ ᠢᠷᠡᠭᠰᠡᠨ ᠠᠢᠯᠤᠨ ᠠᠪᠤ ᠮᠥᠨᠤᠤ? ᠭᠡᠪᠡᠯ ᠡᠪᠦᠭᠡᠨ᠄
— ᠮᠥᠨ ᠳᠡ᠃ ᠠᠯᠢᠪ ᠨᠠᠭᠠᠰᠢ ᠨᠢ᠂ ᠢᠩᠭᠢᠵᠦ
ᠬᠢᠭᠡᠳ ᠪᠦᠲᠦᠬᠦ ᠦᠭᠡᠢ᠂ ᠴᠠᠭᠠᠨᠠᠬᠢ ᠮᠥᠭᠡᠷᠦᠨ ᠮᠣᠳᠣ᠌ᠪᠠᠨ ᠨᠠᠭᠠᠰᠢ ᠣᠢᠷᠠᠲᠤᠭᠤᠯ ᠭᠡᠰᠡᠨᠢᠶᠡᠨ᠂
ᠶᠠᠭᠠᠬᠢᠵᠤ ᠬᠢᠮᠡᠨᠵᠢᠨ ᠭᠤᠷᠪᠠᠨ ᠡᠳᠦᠷ ᠤᠷᠤᠯᠳᠤᠭᠠᠳ ᠳᠡᠢᠯᠦᠭᠰᠡᠨ ᠦᠭᠡᠢ ᠪᠣᠢ? ᠬᠦᠦ ᠮᠢᠨᠢ᠃ ᠮᠣᠳᠣᠨ
ᠲᠡᠷᠭᠡ ᠴᠢᠨᠢ ᠠᠮᠠᠷᠬᠠᠨ ᠪᠠᠢᠳᠠᠭ ᠰᠢᠤ᠂ ᠵᠠᠯᠠᠭᠤ ᠪᠠᠢᠬᠤᠳᠤ ᠪᠢ ᠬᠣᠶᠠᠷ ᠴᠠᠭᠲᠤ ᠨᠢᠭᠡ ᠮᠣᠳᠣᠨ ᠲᠡᠷᠭᠡ
ᠬᠢᠳᠡᠭ ᠪᠠᠢᠯᠠ ᠭᠡᠪᠡ᠃ ᠪᠠᠲᠤ ᠭᠤᠸᠠᠢ ᠰᠣᠨᠣᠰᠤᠭᠠᠳ᠄
— ᠪᠢ ᠭᠤᠷᠪᠠᠨ ᠡᠳᠦᠷ ᠤᠷᠤᠯᠳᠤᠭᠠᠳ ᠨᠢᠭᠡ
ᠮᠥᠭᠡᠷᠢ ᠨᠢ ᠴᠦ᠍ ᠰᠢᠭᠠᠵᠤ ᠳᠡᠢᠯᠦᠭᠰᠡᠨ ᠦᠭᠡᠢ ᠰᠢᠤ᠃ ᠪᠢ 360 ᠭᠷᠡᠳᠦ᠋ᠰᠢ ᠠᠷᠪᠠᠨ ᠨᠠᠢ᠍ᠮᠠ ᠪᠠᠷ
ᠬᠤᠪᠢᠶᠠᠭᠠᠳ ᠬᠡᠭᠡᠰᠦᠨᠦᠪᠠᠨ ᠲᠣᠭᠠᠪᠠᠷ ᠨᠦᠬᠡᠪᠡᠨ ᠴᠤᠭᠣᠯᠬᠤᠳᠤ ᠵᠥᠷᠢᠭᠡᠳ ᠪᠠᠢᠬᠤ ᠶᠤᠮ ᠡ ᠭᠡᠪᠡᠯ᠄
— ᠵᠠ ᠵᠠ᠂ ᠲᠡᠷᠡ ᠭᠷᠡᠳᠦ᠋ᠰ ᠡᠨᠡ ᠲᠡᠷᠡᠶᠢ ᠨᠢ ᠠᠪᠤ ᠨᠢ
ᠮᠡᠳᠡᠬᠦ ᠦᠭᠡᠢ ᠰᠢᠤ᠃ ᠬᠦᠦ ᠮᠢᠨᠢ ᠣᠷᠣᠭᠠᠳ ᠴᠠᠢ ᠠᠪᠤᠭᠠᠳ ᠢᠷᠡ᠂ ᠬᠥᠮᠥᠨ ᠬᠥᠭᠰᠢᠷᠡᠬᠦᠪᠡᠷ ᠤᠮᠳᠠᠭᠠᠰᠬᠤ ᠨᠢ ᠠᠮᠠᠷᠬᠠᠨ ᠪᠣᠯᠴᠢᠬᠠᠳᠠᠭ
ᠶᠤᠮ ᠭᠡᠪᠡ᠃
— ᠪᠢ ᠭᠠᠷᠤᠭᠠᠳ ᠴᠠᠢ ᠠᠪᠤᠭᠠᠳ ᠢᠷᠡᠶᠡ᠂ ᠡᠨᠡ ᠠᠵᠢᠯᠤᠨ
ᠭᠠᠵᠠᠷ ᠤᠴᠢᠷᠠᠴᠠ ᠭᠠᠯ ᠲᠣᠭᠣᠭᠠᠨᠤ ᠵᠦᠢᠯ ᠠᠯᠠᠭᠠ ᠭᠡᠳ ᠪᠠᠲᠤ ᠭᠠᠳᠠᠨᠠ ᠡᠴᠡ ᠴᠠᠢ ᠠᠪᠬᠤᠪᠠᠷ ᠭᠠᠷᠪᠠ᠃


ᠡᠨᠡ ᠡᠪᠦᠭᠡᠨ ᠬᠣᠶᠠᠷ ᠴᠠᠭᠲᠤ ᠨᠢᠭᠡ ᠮᠣᠳᠣᠨ ᠲᠡᠷᠭᠡ ᠰᠢᠭᠠᠴᠢᠬᠠᠳᠠᠭ
ᠭᠡᠨᠡ ᠰᠢᠤ᠂ ᠬᠥᠭᠡᠷᠴᠦ ᠯᠡ ᠪᠠᠢᠳᠠᠭ ᠬᠥᠭᠦᠨ ᠡᠪᠦᠭᠡᠨ ᠠ᠋᠃ ᠪᠢ ᠴᠠᠬᠢᠯᠭᠠᠨ ᠪᠠᠭᠠᠵᠢ᠂ ᠶᠡᠬᠡ ᠰᠤᠷᠭᠠᠭᠤᠯᠢᠶᠢᠨ ᠳᠠᠪᠰᠢᠭ᠍ᠰᠠᠨ
ᠣᠨᠤᠯᠲᠠᠢ ᠤᠶᠠᠯᠳᠤᠭᠤᠯᠤᠭᠠᠳ ᠭᠤᠷᠪᠠᠨ ᠡᠳᠦᠷ ᠤᠷᠤᠯᠳᠤᠭᠠᠳ ᠪᠣᠯᠤᠭᠰᠠᠨ ᠦᠭᠡᠢᠶᠢ ᠡᠪᠦᠭᠡᠨ ᠭᠤᠸᠠᠢ ᠤᠭᠤᠯᠢ᠂
ᠴᠦᠴᠡ᠂ ᠬᠠᠷᠤᠭᠤᠯ᠂ ᠥᠷᠥᠮ᠂ ᠰᠦᠬᠡ ᠵᠡᠷᠭᠡᠶᠢᠨ ᠬᠠᠭᠤᠴᠢᠨ ᠴᠠᠭᠤᠨ ᠪᠠᠭᠠᠵᠢᠪᠠᠷ ᠶᠠᠭᠠᠬᠢᠵᠤ ᠳᠡᠢᠯᠬᠦ ᠪᠢᠯᠡ
ᠠ᠋?ᠪᠣᠯᠬᠤ ᠦᠭᠡᠢ ᠪᠣᠯ ᠬᠥᠬᠡᠬᠣᠲᠠᠳᠤ ᠪᠠᠢᠳᠠᠭ ᠲᠤᠰᠬᠠᠢ ᠵᠢᠷᠤᠭ ᠲᠥᠰᠥᠪ ᠰᠣᠷᠣᠭᠰᠠᠨ ᠬᠠᠮᠲᠤ ᠰᠣᠷᠤᠭ᠍ᠴᠢᠪᠠᠨ
ᠭᠤᠶᠤᠵᠤ᠂ ᠲᠣᠭᠣᠷᠢᠭ᠋ᠢ ᠲᠡᠭᠰᠢᠬᠡᠨ ᠠᠷᠪᠠᠨ ᠨᠠᠢ᠍ᠮᠠ ᠬᠤᠪᠢᠶᠠᠯᠭᠠᠬᠤ ᠦᠦ ᠳᠠ ᠭᠡᠵᠦ ᠣᠯᠠᠨ ᠵᠦᠢᠯᠢ ᠪᠤᠳᠤᠨ
ᠴᠠᠢᠪᠡᠨ ᠠᠪᠴᠤ ᠬᠠᠰᠢᠶᠠᠨᠳᠤᠪᠠᠨ ᠢᠷᠡᠪᠡᠯ ᠲᠡᠷᠭᠡᠨ ᠮᠥᠭᠡᠷ ᠲᠡᠩᠭᠡᠯᠢᠭᠲᠠᠢᠪᠡᠨ ᠪᠡᠯᠡᠬᠡᠨ ᠪᠣᠯᠴᠢᠬᠠᠭᠰᠠᠨ᠂
ᠡᠪᠦᠭᠡᠨ ᠭᠤᠸᠠᠢ ᠡᠮᠡᠭᠡᠯ ᠮᠣᠳᠣ᠌ᠶᠢ ᠨᠢ ᠴᠠᠪᠴᠢᠵᠤ ᠰᠠᠭᠤᠨᠠ᠃ ᠡᠭᠦᠨᠢ ᠬᠠᠷᠠᠭᠠᠳ ᠪᠠᠲᠤ᠄
— ᠠᠪᠤ ᠲᠠ ᠡᠢᠮᠦ ᠬᠤᠷᠳᠤᠨ ᠭᠡᠵᠢᠤᠤ? ᠠᠷᠠᠢ ᠴᠦ᠍ ᠳᠠ᠂
ᠶᠠᠭᠠᠬᠢᠵᠤ ᠬᠡᠮᠵᠢᠵᠦ ᠨᠦᠬᠡᠶᠢ ᠨᠢ ᠴᠣᠭᠤᠯᠤᠭᠰᠠᠨ ᠪᠣᠢ? ᠭᠡᠬᠦᠪᠡᠷ᠄
— ᠬᠡᠮᠵᠢᠬᠦ ᠱᠠᠭᠠᠷᠳᠠᠯᠭᠠ ᠦᠭᠡᠢ ᠬᠦᠦ ᠮᠢᠨᠢ᠂ ᠬᠠᠷᠠᠵᠤ
ᠪᠠᠢᠭᠠᠳ ᠯᠠ ᠴᠦᠴᠡᠳᠡᠪᠡᠯ ᠪᠣᠯᠴᠢᠬᠠᠨᠠ ᠭᠡᠵᠦ ᠲᠠᠢᠪᠤᠩ ᠶᠠᠷᠢᠨᠠ᠃ ᠡᠭᠦᠨᠢ ᠰᠣᠨᠣᠰᠤᠭᠠᠳ ᠮᠠᠰᠢ ᠶᠡᠬᠡ ᠭᠠᠢᠬᠠᠭᠰᠠᠨ
ᠪᠠᠲᠤ ᠥᠨᠴᠥᠭ ᠬᠡᠮᠵᠢᠭᠦᠷᠢᠶᠡᠷ ᠠᠷᠪᠠᠨ ᠨᠠᠢ᠍ᠮᠠᠨ ᠬᠡᠭᠡᠰᠦᠶᠢᠨ ᠬᠢᠨᠢ ᠬᠠᠪᠴᠢᠭ᠍ᠰᠠᠨ ᠥᠨᠴᠥᠭᠢ ᠨᠢ ᠬᠡᠮᠵᠢᠪᠡᠯ
ᠪᠥᠬᠥᠳᠡ ᠠᠳᠠᠯᠢ ᠦᠭᠡᠢ ᠪᠠᠢᠬᠤ ᠶᠤᠮ ᠠ᠋᠃ ᠲᠡᠭᠡᠭᠡᠳ ᠪᠠᠬᠠᠨ ᠲᠦᠯᠬᠢᠭᠡᠳ ᠭᠦᠶᠦᠵᠦ ᠦᠵᠡᠯᠡ᠂ ᠶᠠᠮᠠᠷ ᠴᠤ᠌
ᠠᠰᠠᠭᠤᠳᠠᠯ ᠦᠭᠡᠢ ᠪᠡᠬᠢᠯᠡᠭᠦᠨ ᠪᠠᠢᠬᠤ ᠶᠤᠮ᠃ ᠮᠠᠯ ᠭᠠᠢᠬᠠᠭᠰᠠᠨ ᠪᠠᠲᠤ᠂ ᠡᠪᠦᠭᠡᠨᠢ ᠬᠠᠷᠠᠬᠤ ᠵᠠᠭᠤᠷᠠᠪᠠᠨ
ᠪᠤᠭᠤᠷᠤᠯ ᠬᠥᠬᠡ ᠡᠪᠦᠭᠡᠳᠦᠨᠢᠶᠡᠨ ᠤᠬᠠᠭᠠᠨᠢ ᠥᠪᠡᠷᠦᠨ ᠡᠷᠬᠡ ᠦᠭᠡᠢ ᠳᠡᠭᠡᠳᠦᠯᠡᠨ ᠬᠦᠨᠳᠦᠯᠡᠵᠦ᠂ 《ᠪᠢ ᠳᠡᠩᠳᠡᠭᠦᠦ ᠣᠨᠣᠯᠳᠤ ᠪᠠᠷᠢᠭ᠍ᠳᠠᠵᠠᠢ》 ᠭᠡᠵᠦ
ᠠᠮᠠᠨᠳᠤᠪᠠᠨ ᠳᠦᠳᠦᠨᠡᠪᠡ᠃
(《2024·ᠪᠤᠭᠤᠨᠢ ᠦᠭᠦᠯᠡᠯᠭᠡ》 ᠨᠤᠮ ᠡᠴᠡ
ᠰᠤᠩᠭᠤᠪᠠ)