• ᠲᠦᠯᠥᠪᠯᠡᠭᠡ ᠶᠢ ᠲᠤᠭᠳᠠᠭᠠᠨ᠎ᠠ
    ᠰᠢᠨ᠎ᠡ ᠶᠢ ᠡᠬᠦᠳᠦᠨ ᠨᠡᠮᠡᠭᠳᠡᠬᠦᠯᠬᠦ ᠠᠤᠭ᠎ᠠ

  • ᠠᠵᠢᠯᠯᠠᠭᠠᠨ ᠤ ᠲᠦᠯᠥᠪᠯᠡᠭᠡ ᠶᠢ ᠲᠤᠭᠳᠠᠭᠠᠨ᠎ᠠ
     ᠶᠢᠨ ᠵᠦᠪᠯᠡᠬᠦ ᠵᠦᠢᠯ ᠢ ᠨᠠᠶᠢᠳᠠᠪᠤᠷᠢᠵᠢᠭᠤᠯᠬᠤ
    2030 ᠤᠨ ᠤ ᠦᠷᠭᠦᠯᠵᠢᠯᠡᠬᠦᠶᠢᠴᠡ ᠬᠦᠭᠵᠢᠯᠳᠡ

  • ᠵᠢᠭᠠᠯᠳᠡ ᠲᠤᠭ᠎ᠠ ᠶᠢᠨ ᠰᠢᠰᠲ᠋ᠧᠮ ᠢ ᠳᠤᠭᠲᠠᠭᠠᠨ᠎ᠠ
    ᠤᠷᠢᠳᠴᠢ ᠬᠦᠷᠢᠶ᠎ᠡ᠂ ᠵᠢᠯᠤᠭᠤᠳᠬᠤ ᠵᠠᠷᠴᠢᠮ ᠪᠠ
    ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠶᠢᠨ

  •  ᠤᠨ ᠪᠠᠶᠢᠯᠳᠤᠬᠤ ᠪᠤᠳᠤᠯᠭ᠎ᠠ ᠶᠢ ᠲᠤᠭᠲᠠᠭᠠᠨ᠎ᠠ
    ᠪᠦᠬᠦ ᠪᠦᠮᠪᠦᠷᠴᠡᠭ ᠤᠨ ᠠᠷᠠᠯᠵᠢᠶᠠᠨ ᠤ ᠨᠡᠮᠡᠭᠳᠡᠯ

  • ᠵᠠᠷᠴᠢᠮ ᠢ ᠲᠤᠭᠲᠠᠭᠠᠨ᠎ᠠ
     ᠶᠢᠨ ᠲᠦᠷᠦ ᠶᠢᠨ ᠪᠤᠳᠤᠯᠭ᠎ᠠ ᠵᠢᠯᠤᠭᠤᠳᠬᠤ
    ᠪᠦᠬᠦ ᠪᠦᠮᠪᠦᠷᠴᠡᠭ ᠤᠨ ᠪᠡᠯᠡ ᠤᠷᠤᠭᠤᠯᠤᠯᠲᠠ

  • ᠠᠬᠢᠭᠤᠯᠤᠨ᠎ᠠ
    ᠪᠦᠲᠦᠴᠡ ᠶᠢᠨ ᠦᠭᠡᠷᠡᠴᠢᠯᠡᠯᠲᠡ ᠶᠢ
    ᠤᠯᠠᠨ ᠤᠯᠤᠰ ᠤᠨ ᠮᠦᠡᠭᠭᠦᠨ ᠬᠦᠢᠯᠭᠡᠭᠡᠨ ᠤ

  • ᠳᠤᠷᠠᠳᠤᠨ᠎ᠠ
     ᠶᠢᠨ ᠬᠠᠮᠲᠤᠷᠠᠯᠴᠠᠭ᠎ᠠ ᠶᠢ ᠳᠡᠮᠵᠢᠬᠦ ᠰᠠᠨᠠᠭᠠᠴᠢᠯᠠᠭ᠎ᠠ
    ᠤᠯᠤᠰ ᠤᠳ ᠤᠨ ᠠᠵᠤ ᠦᠢᠯᠡᠳᠪᠦᠷᠢᠵᠢᠯᠡᠯᠲᠡ
    ᠠᠹᠷᠢᠺᠠ ᠲᠢᠪ ᠪᠤᠯᠤᠨ ᠬᠠᠮᠤᠭ ᠤᠨ ᠬᠦᠭᠵᠢᠭᠡᠳᠦᠢ

  • ᠡᠭᠦᠳᠦᠨ ᠪᠠᠶᠢᠭᠤᠯᠤᠨ᠎ᠠ
    ᠢᠯᠵᠢᠷᠠᠯ ᠢ ᠡᠰᠡᠷᠭᠦᠴᠡᠬᠦ ᠬᠠᠮᠳᠤᠷᠠᠯᠴᠠᠭ᠎ᠠ ᠶᠢ
    ᠭᠤᠷᠪᠠ ᠶᠢ ᠨᠢᠭᠡ ᠴᠤᠭᠴᠠ ᠪᠤᠯᠭᠠᠭᠰᠠᠨ

  •  ᠶᠢ ᠲᠤᠭᠳᠠᠭᠠᠨ᠎ᠡ
    ᠦᠢᠯᠡᠰ ᠪᠤᠰᠬᠠᠬᠤ ᠠᠵᠢᠯᠯᠠᠭᠠᠨ ᠤ ᠲᠦᠯᠦᠪᠯᠡᠭᠡ 

  • ᠬᠦᠴᠦᠨ ᠲᠠᠢ ᠪᠤᠯᠬᠤ ᠶᠢ ᠠᠬᠢᠭᠤᠯᠤᠨ᠎ᠠ
    ︽ᠫᠠᠷᠢᠰ ᠤᠨ ᠵᠦᠪᠯᠡᠯᠴᠡᠭᠡᠷ︾ ᠡᠷᠲᠡᠬᠡᠨ
    ᠠᠭᠤᠷ ᠠᠮᠢᠰᠬᠤᠯ ᠤᠨ ᠬᠤᠪᠢᠷᠠᠯᠲᠠ ᠶᠢᠨ

      G20 ᠤᠨ ᠰᠢᠨ᠎ᠡ ᠶᠢ ᠡᠬᠦᠳᠦᠨ ᠨᠡᠮᠡᠭᠳᠡᠬᠦᠯᠬᠦ ᠠᠤᠭ᠎ᠠ ᠲᠦᠯᠥᠪᠯᠡᠭᠡ ᠨᠢ ᠲᠡᠯᠡᠬᠡᠢ ᠶᠢᠨ ᠠᠵᠥ ᠠᠬᠤᠢ ᠶᠢᠨ ᠨᠡᠮᠡᠭᠳᠡᠯ ᠳᠤ ᠰᠢᠨ᠎ᠡ ᠬᠦᠴᠦᠷᠭᠡᠭ ᠶᠡᠭᠡ ᠬᠦᠳᠡᠯᠭᠡᠬᠦ ᠬᠦᠴᠦᠨ ᠢ ᠨᠠᠮᠡᠷᠢᠯᠡᠬᠦ ᠪᠠᠷ ᠪᠠᠷᠠᠬᠤ ᠦᠭᠡᠢ᠂ ᠰᠢᠨ᠎ᠡ ᠡᠬᠦᠳᠦᠯᠳᠡ᠂ ᠰᠢᠨ᠎ᠡ ᠠᠵᠥ ᠦᠢᠯᠡᠳᠪᠤᠷᠢ ᠶᠢᠨ ᠬᠤᠪᠢᠰᠬᠠᠯ᠂ ᠲᠤᠭᠠᠴᠢᠯᠠᠭᠰᠠᠠ ᠠᠵᠥ ᠠᠬᠤᠢ ᠵᠡᠷᠬᠡ ᠡᠯ᠎ᠡ ᠬᠦᠷᠢᠶᠡᠨ ᠳᠤ ᠠᠯᠢ ᠤᠯᠠᠨ ᠪᠤᠳᠠᠳᠠᠢ ᠠᠵᠢᠯᠯᠠᠭᠠᠨ ᠤ ᠲᠦᠯᠥᠪᠯᠡᠭᠡ ᠲᠤᠭᠳᠠᠭᠠᠬᠤ ᠪᠤᠯᠤᠨ᠎ᠠ᠃ ᠤᠳᠤᠬᠠᠨ ᠳᠤ᠂ ᠡᠯ᠎ᠡ ᠲᠠᠯ᠎ᠠ ᠶᠢᠨ ᠬᠢᠨ G20 ᠤᠨ ᠰᠢᠨ᠎ᠡ ᠶᠢ ᠡᠬᠦᠳᠦᠨ ᠨᠡᠮᠡᠭᠳᠡᠬᠦᠯᠬᠦ ᠠᠤᠭ᠎ᠠ ᠲᠦᠯᠥᠪᠯᠡᠭᠡ ᠵᠢᠴᠢ ᠰᠢᠨ᠎ᠡ ᠡᠬᠦᠳᠦᠯᠳᠡ ᠶᠢᠨ ᠠᠵᠢᠯᠯᠠᠭᠠᠨ ᠲᠦᠯᠥᠪᠯᠡᠭᠡ᠂ ᠰᠢᠨ᠎ᠡ ᠠᠵᠥ ᠦᠢᠯᠡᠳᠪᠤᠷᠢ ᠶᠢᠨ ᠬᠤᠪᠢᠰᠬᠠᠯ ᠤᠨ ᠠᠵᠢᠯᠯᠠᠭᠠᠨ ᠤ ᠲᠦᠯᠥᠪᠯᠡᠭᠡ ᠪᠤᠯᠤᠨ ᠲᠤᠭᠠᠴᠢᠯᠠᠭᠰᠠᠠ ᠠᠵᠥ ᠠᠬᠤᠢ ᠶᠢᠨ ᠬᠦᠭᠵᠢᠯᠳᠡ ᠪᠠ ᠬᠠᠮᠳᠤᠷᠠᠯᠴᠠᠭ᠎ᠠ ᠶᠢᠨ ᠰᠠᠨᠠᠭᠠᠴᠢᠯᠠᠭ᠎ᠠ ᠶᠢ ᠵᠠᠷᠴᠢᠮ ᠤᠨ ᠲᠠᠯ᠎ᠠ ᠪᠠᠷ ᠬᠠᠷᠭᠤᠭᠤᠯᠤᠨ ᠵᠦᠪᠰᠢᠶᠡᠷᠡᠭᠰᠡᠡ ᠪᠠᠶᠢᠨ᠎ᠠ᠃
      ᠡᠨᠡ ᠵᠢᠯ ᠤᠨ ᠲᠦᠷᠦᠭᠦᠴᠦᠳ ᠤᠨ ᠬᠤᠷᠠᠯ ᠬᠤᠶᠠᠷ ︽ᠠᠩᠬ᠎ᠠ ᠤᠳᠠᠭ᠎ᠠ︾ ᠶᠢ ᠡᠬᠦᠳᠬᠦ ᠪᠠᠷ ᠬᠦᠴᠦᠯᠡᠨ᠎ᠡ᠄ ᠬᠦᠭᠵᠢᠯᠲᠡ ᠶᠢᠨ ᠠᠰᠠᠭᠤᠳᠠᠯ ᠢ ᠠᠩᠬ᠎ᠠ ᠤᠳᠠᠭ᠎ᠠ ᠪᠦᠬᠦ ᠪᠦᠮᠪᠦᠷᠴᠡᠭ ᠤᠨ ᠬᠤᠷᠸ᠎ᠠ ᠲᠦᠷᠦ ᠶᠢᠨ ᠪᠤᠳᠤᠯᠭ᠎ᠠ ᠶᠢᠨ ᠪᠤᠷᠤ ᠲᠦᠯᠦᠪ ᠤᠨ ᠳᠤᠪᠤᠶᠢᠮ᠎ᠠ ᠪᠠᠶᠢᠷᠢᠨ ᠳᠤ ᠳᠠᠯᠪᠢᠨ᠎ᠠ᠃ ᠠᠩᠬ᠎ᠠ ᠤᠳᠠᠭ᠎ᠠ 2030 ᠤᠨ ᠤ ᠦᠷᠬᠦᠯᠵᠢᠯᠡᠬᠦ ᠬᠦᠭᠵᠢᠯᠲᠡ ᠶᠢᠨ ᠵᠦᠪᠯᠡᠬᠦ ᠵᠦᠢᠯ ᠢ ᠨᠠᠶᠢᠳᠠᠪᠤᠷᠢᠵᠢᠭᠤᠯᠬᠤ ᠶᠢᠨ ᠲᠤᠭᠤᠷᠢᠨ ᠳᠤ ᠠᠵᠢᠯᠯᠠᠭᠠᠨ ᠤ ᠲᠦᠯᠦᠪᠯᠡᠭᠡ ᠶᠢ ᠳᠤᠭᠲᠠᠭᠠᠨ᠎ᠠ᠃ ᠳᠤᠮᠳᠠᠳᠤ ᠤᠯᠤᠰ ᠬᠠᠮᠲᠤ ᠨᠡᠶᠢᠲᠡ ᠪᠠ ᠤᠯᠤᠰ ᠢᠯᠭᠠᠭᠰᠠᠠ ᠠᠵᠢᠯᠯᠠᠭ᠎ᠠ ᠪᠠᠷ ᠳᠠᠮᠵᠢᠨ᠂ ᠤᠯᠠᠨ ᠤᠯᠤᠰ ᠤᠨ ᠬᠤᠯᠪᠤᠭᠠᠲᠤ ᠪᠠᠶᠢᠭᠤᠯᠤᠯᠭ᠎ᠠ ᠶᠢᠨ ᠦᠷᠬᠦᠯᠵᠢᠯᠡᠬᠦ ᠬᠦᠭᠵᠢᠯᠲᠡ ᠶᠢᠨ ᠵᠦᠪᠯᠡᠬᠦ ᠵᠦᠢᠯ ᠳᠤ ᠴᠢᠩᠭ᠎ᠠ ᠬᠦᠴᠦᠲᠡᠢ ᠳᠡᠮᠵᠢᠯᠭᠡ ᠬᠠᠩᠭᠠᠨ᠎ᠠ᠃ ᠲᠤᠰ ᠬᠤᠭᠤᠴᠠᠭᠠᠨ ᠤ ᠲᠦᠷᠦᠭᠦᠴᠦᠳ ᠤᠨ ᠬᠤᠷᠠᠯ ᠨᠢ ᠪᠠᠰᠠ ᠨᠡᠩ ᠤᠯᠠᠨ ᠠᠷᠪᠢᠨ ᠬᠦᠭᠵᠢᠵᠦ ᠪᠠᠶᠢᠭ᠎ᠠ ᠤᠯᠤᠰ ᠢ ᠤᠷᠢᠨ ᠬᠤᠷᠠᠯ ᠳᠤ ᠤᠷᠤᠯᠴᠠᠭᠤᠯᠵᠤ᠂ ᠬᠠᠩᠵᠸᠤ ᠶᠢᠨ ᠲᠦᠷᠦᠭᠦᠴᠦᠳ ᠤᠨ ᠬᠤᠷᠠᠯ ᠢ ᠬᠦᠭᠵᠢᠵᠦ ᠪᠠᠶᠢᠭ᠎ᠠ ᠤᠯᠤᠰ ᠤᠳ ᠤᠨ ᠲᠦᠯᠦᠭᠡᠯᠡᠬᠦ ᠴᠢᠨᠠᠷ ᠢᠶᠠᠷ ᠬᠠᠮᠤᠭ ᠤᠨ ᠴᠢᠩᠭ᠎ᠠ ᠨᠢᠭᠡ ᠤᠳᠠᠭ᠎ᠠ ᠶᠢᠨ ᠬᠤᠷᠠᠯ ᠪᠤᠯᠭᠠᠵᠠᠢ᠃ ᠣᠳᠣᠬᠠᠨ ᠳᠤ᠂ ᠡᠯ᠎ᠡ ᠲᠠᠯ᠎ᠠ ᠶᠢᠨ ᠬᠢᠨ ᠨᠢᠭᠡᠨᠲᠡ G20 ᠤᠨ 2030 ᠤᠨ ᠤ ᠦᠷᠬᠦᠯᠵᠢᠯᠡᠬᠦ ᠬᠦᠭᠵᠢᠯᠲᠡ ᠶᠢᠨ ᠵᠦᠪᠯᠡᠬᠦ ᠵᠦᠢᠯ ᠢ ᠨᠠᠶᠢᠳᠠᠪᠤᠷᠢᠵᠢᠭᠤᠯᠬᠤ ᠠᠵᠢᠯᠯᠠᠭ᠎ᠠ ᠶᠢᠨ ᠲᠦᠯᠦᠪᠯᠡᠭᠡ ᠶᠢ ᠵᠠᠷᠴᠢᠮ ᠤᠨ ᠲᠠᠯ᠎ᠠ ᠪᠠᠷ ᠪᠠᠲᠤᠯᠠᠵᠠᠢ᠃
      ᠣᠳᠣᠬᠠᠨ ᠳᠤ᠂ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠶᠢᠨ ᠦᠵᠦ ᠲᠦᠯᠦᠪᠯᠡᠭᠡ ᠶᠢ ᠨᠢᠭᠡᠨᠲᠡ ᠨᠡᠶᠢᠲᠡᠯᠡᠵᠦ᠂ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠶᠢᠨ 9 ᠤᠷᠢᠳᠴᠢ ᠬᠦᠷᠢᠶ᠎ᠡ ᠪᠠ 48 ᠵᠢᠯᠤᠭᠤᠳᠬᠤ ᠵᠠᠷᠴᠢᠮ ᠢ ᠳᠤᠭᠲᠠᠭᠠᠵᠠᠢ᠃ ᠡᠨᠡ ᠨᠢ G20 ᠬᠠᠮᠤᠭ ᠤᠨ ᠴᠢᠬᠤᠯᠠ ᠪᠤᠯᠬᠤ ᠦᠭᠡᠷᠡᠴᠢᠯᠡᠯᠲᠡ ᠶᠢᠨ ᠬᠦᠷᠢᠶ᠎ᠡ ᠪᠠ ᠵᠠᠷᠴᠢᠮ ᠤᠨ ᠲᠠᠯ᠎ᠠ ᠪᠠᠷ ︽ᠬᠠᠮᠤᠭ ᠤᠨ ᠶᠡᠭᠡ ᠶᠡᠷᠦᠩᠬᠡᠢ ᠬᠤᠷᠢᠶᠠᠭᠴᠢ ᠲᠤᠭ᠎ᠠ︾ ᠶᠢ ᠤᠯᠤᠭᠰᠠᠨ ᠢ ᠬᠠᠷᠠᠭᠤᠯᠵᠥ ᠪᠠᠶᠢᠨ᠎ᠠ᠃ ᠡᠨᠡ ᠨᠢ G20 ᠤᠨ ᠲᠡᠤᠬᠡᠨ ᠳᠡᠭᠡᠷ᠎ᠡ ᠪᠠᠰᠠ ᠠᠩᠬ᠎ᠠ ᠤᠳᠠᠭ᠎ᠠ ᠪᠠᠶᠢᠵᠤ᠂ ᠦᠩᠭᠡᠨ ᠲᠠᠯ᠎ᠠ ᠪᠡ ᠦᠨᠳᠦᠰᠦ ᠶᠢ ᠨᠢ ᠵᠠᠰᠠᠵᠤ ᠨᠡᠮᠡᠭᠳᠡᠯ ᠢ ᠠᠬᠢᠭᠤᠯᠬᠤ ᠰᠡᠳᠬᠢᠴᠡ ᠶᠢ ᠢᠯᠡᠷᠡᠭᠦᠯᠵᠡᠢ᠃ ᠡᠳ᠋ ᠤᠨ ᠵᠠᠰᠠᠭ᠂ ᠵᠤᠭᠤᠰ ᠤᠨ ᠲᠦᠷᠦ ᠶᠢᠨ ᠪᠤᠳᠤᠯᠭ᠎ᠠ ᠶᠢ ᠦᠷᠬᠦᠯᠵᠢᠯᠡᠨ ᠰᠠᠶᠢᠳᠤᠷ ᠠᠰᠢᠬᠯᠠᠵᠥ᠂ ᠤᠳᠤ ᠶᠢᠨ ᠦᠷᠢᠰᠦᠯᠳᠦᠭᠡᠨ ᠢ ᠰᠠᠶᠢᠳᠤᠷ ᠠᠷᠭᠠᠴᠠᠬᠤ ᠶᠢᠨ ᠬᠠᠮᠲᠤ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠪᠠᠷ ᠳᠠᠮᠵᠢᠨ ᠳᠡᠯᠡᠬᠡᠢ ᠶᠢᠨ ᠠᠵᠤ ᠠᠬᠤᠢ ᠶᠢᠨ ᠳᠤᠮᠳᠠ ᠤᠷᠲᠤ ᠬᠤᠭᠤᠴᠠᠭᠠᠨ ᠤ ᠨᠡᠮᠡᠭᠳᠡᠯ ᠤᠨ ᠲᠠᠯᠳᠡ ᠬᠦᠴᠦᠨ ᠢ ᠳᠡᠭᠡᠭᠰᠢᠯᠡᠭᠦᠯᠦᠨ᠎ᠡ᠃
      ᠳᠤᠮᠳᠠᠳᠦ ᠤᠯᠤᠰ ᠡᠨᠡ ᠵᠢᠯ ᠠᠷᠠᠯᠵᠢᠶᠠᠨ ᠤ ᠪᠡᠯᠡ ᠤᠷᠤᠭᠤᠯᠤᠯᠲᠠ ᠶᠢ G20 ᠤᠨ ᠵᠦᠪᠯᠡᠬᠦ ᠵᠦᠢᠯ ᠳᠤ ᠤᠷᠤᠭᠤᠯᠬᠤ ᠶᠠᠪᠤᠳᠠᠯ ᠢ ᠠᠬᠢᠭᠤᠯᠤᠭᠰᠠᠨ ᠪᠦᠭᠡᠳ ᠡᠭᠦᠨ ᠤ ᠲᠤᠯᠠᠳᠠ G20 ᠤᠨ ᠠᠷᠠᠯᠵᠢᠶᠠᠨ ᠤ ᠰᠠᠶᠢᠳ ᠨᠠᠷ ᠤᠨ ᠬᠤᠷᠠᠯ ᠪᠤᠯᠤᠨ ᠠᠷᠠᠯᠵᠢᠶᠠᠨ ᠤ ᠪᠡᠯᠡ ᠤᠷᠤᠭᠤᠯᠤᠯᠲᠠ ᠶᠢᠨ ᠠᠵᠢᠯ ᠤᠨ ᠲᠤᠭᠤᠢᠢᠯᠠᠩ ᠵᠡᠷᠭᠡ ᠲᠤᠭᠲᠠᠴᠠᠵᠢᠯᠠᠭᠰᠠᠨ ᠲᠠᠪᠴᠠᠩ ᠢ ᠪᠠᠶᠢᠭᠤᠯᠪᠠ᠃ ᠪᠦᠬᠦ ᠪᠦᠮᠪᠦᠷᠴᠡᠭ ᠤᠨ ᠠᠷᠠᠯᠵᠢᠶᠠᠨ ᠤ ᠨᠡᠮᠡᠭᠳᠡᠯ ᠤᠨ ᠪᠠᠶᠢᠯᠳᠤᠬᠤ ᠪᠤᠳᠤᠯᠭ᠎ᠠ ᠶᠢᠨ ᠵᠤᠷᠢᠯᠭ᠎ᠠ ᠨᠢ ᠠᠷᠠᠯᠵᠢᠶᠠᠨ ᠤ ᠪᠡᠯᠡ ᠤᠷᠤᠭᠤᠯᠤᠯᠲᠠ ᠶᠢᠨ ᠲᠦᠷᠦ ᠶᠢᠨ ᠪᠤᠳᠤᠯᠭ᠎ᠠ ᠶᠢ ᠵᠤᠬᠢᠴᠠᠭᠤᠯᠬᠤ ᠪᠠᠷ ᠲᠠᠮᠵᠢᠭᠤᠯᠤᠨ ᠲᠦᠬᠦᠮ ᠪᠤᠯᠭᠠᠬᠤ ᠠᠷᠭ᠎ᠠ ᠬᠡᠮᠵᠢᠶ᠎ᠡ ᠪᠠᠷ ᠠᠷᠠᠯᠵᠢᠶᠠᠨ ᠤ ᠦᠪᠡᠷ ᠤᠨ ᠦᠷᠲᠡᠭ ᠢ ᠪᠠᠭᠤᠷᠠᠭᠤᠯᠵᠦ᠂ ᠠᠷᠠᠯᠵᠢᠶᠠᠨ ᠤ ᠪᠡᠯᠡ ᠲᠤᠬᠢᠷᠠᠭᠤᠯᠭ᠎ᠠ ᠶᠢ ᠨᠡᠮᠡᠭᠳᠡᠭᠦᠯᠬᠦ ᠵᠡᠷᠭᠡ ᠠᠷᠭ᠎ᠠ ᠬᠡᠮᠵᠢᠶ᠎ᠡ ᠠᠪᠴᠤ᠂ ᠠᠷᠠᠯᠵᠢᠶᠠᠨ ᠤ ᠨᠡᠮᠡᠭᠳᠡᠯ ᠪᠠᠭᠠᠰᠴᠤ ᠪᠠᠶᠢᠬᠤ ᠬᠠᠨᠳᠤᠰᠢ ᠶᠢ ᠬᠤᠪᠢᠷᠠᠭᠤᠯᠬᠤ ᠶᠢᠨ ᠲᠦᠯᠦᠭᠡ ᠶᠤᠮ᠃
      ᠳᠤᠮᠳᠠᠳᠦ ᠤᠯᠤᠰ ᠤᠨ ᠲᠠᠯ᠎ᠠ ᠡᠨᠡ ᠵᠢᠯ G20 ᠤᠨ ᠪᠦᠬᠦ ᠪᠦᠮᠪᠦᠷᠴᠡᠭ ᠤᠨ ᠪᠡᠯᠡ ᠤᠷᠤᠭᠤᠯᠤᠯᠲᠠ ᠶᠢᠨ ᠵᠢᠯᠤᠭᠤᠳᠬᠤ ᠵᠠᠷᠴᠢᠮ ᠲᠤᠭᠲᠠᠭᠠᠬᠤ ᠶᠢ ᠠᠬᠢᠭᠤᠯᠤᠨ᠎ᠠ᠂ ᠡᠨᠡ ᠨᠢ ᠪᠦᠬᠦ ᠪᠦᠮᠪᠦᠷᠴᠡᠭ ᠤᠨ ᠠᠩᠬᠠᠳᠠᠭᠴᠢ ᠤᠯᠠᠨ ᠲᠠᠯ᠎ᠠ ᠠᠴᠠ ᠪᠡᠯᠡ ᠤᠷᠤᠭᠤᠯᠬᠤ ᠵᠠᠷᠴᠢᠮ ᠤᠨ ᠲᠦᠯᠦᠪᠰᠢᠷᠡᠯ ᠪᠤᠯᠬᠤ ᠪᠦᠭᠡᠳ ᠡᠭᠦᠳᠦᠯᠲᠡ ᠶᠢᠨ ᠴᠢᠨᠠᠷ ᠲᠠᠢ ᠶᠤᠮ᠃ ᠤᠯᠠᠨ ᠲᠠᠯ᠎ᠠ ᠠᠴᠠ ᠪᠡᠯᠡ ᠤᠷᠤᠭᠤᠯᠬᠤ ᠵᠠᠷᠴᠢᠮ ᠢ ᠲᠤᠭᠲᠠᠭᠠᠬᠤ ᠨᠢ ᠨᠢᠭᠡ ᠯᠡ ᠳᠡᠭᠡᠷ᠎ᠡ ᠪᠦᠲᠦᠴᠢᠭᠡᠬᠦ ᠶᠠᠪᠤᠳᠠᠯ ᠪᠢᠰᠢ᠂ ᠭᠡᠪᠡᠴᠤ ᠡᠨᠡᠬᠦ ᠠᠵᠢᠯ ᠢ ᠬᠢᠵᠦ ᠡᠬᠢᠯᠡᠬᠦ ᠶᠢᠨ ᠲᠤᠰ ᠪᠡᠶ᠎ᠡ ᠨᠢ ᠴᠤ ᠴᠢᠬᠤᠯᠠ ᠠᠴᠢ ᠬᠤᠯᠪᠤᠭᠳᠠᠯ ᠲᠠᠢ ᠶᠤᠮ᠃
      ᠲᠡᠷᠢᠭᠦᠯᠡᠭᠴᠢ ᠤᠯᠤᠰ ᠪᠤᠯᠤᠭᠰᠠᠨ ᠠᠴᠠ ᠨᠠᠰᠢ᠂ ᠠᠷᠠᠳ ᠤᠨ ᠵᠤᠭᠤᠰ ᠵᠤᠭᠤᠰ ᠭᠠᠷᠭᠠᠵᠦ ᠠᠪᠬᠤ ᠤᠨᠴᠠᠭᠠᠢ ᠡᠷᠬᠡᠲᠦ ᠵᠤᠭᠤᠰ ᠤᠨ ᠰᠠᠭᠰᠤᠨ ᠳᠤ ᠤᠷᠤᠵᠦ᠂ ᠤᠯᠠᠨ ᠤᠯᠤᠰ ᠤᠨ ᠵᠤᠭᠤᠰᠤᠨ ᠤ ᠰᠢᠰᠲ᠋ᠧᠮ ᠤᠨ ᠦᠭᠡᠷᠡᠴᠢᠯᠡᠯᠲᠡ ᠴᠢᠬᠤᠯᠠ ᠠᠬᠢᠴᠠ ᠲᠠᠢ ᠪᠤᠯᠪᠠ᠃ ᠤᠯᠠᠨ ᠤᠯᠤᠰ ᠤᠨ ᠵᠤᠭᠤᠰᠤᠨ ᠤ ᠰᠠᠭᠤᠷᠢ ᠮᠦᠡᠭᠭᠦᠨ ᠤ ᠵᠤᠬᠢᠶᠠᠨ ᠪᠠᠶᠢᠭᠤᠯᠤᠯᠲᠠ ᠤᠯᠠᠨ ᠵᠢᠯ ᠰᠤᠨᠵᠢᠷᠠᠭᠰᠠᠨ ᠦᠭᠡᠷᠡᠴᠢᠯᠡᠯᠲᠡ ᠶᠢᠨ ᠲᠦᠰᠦᠯ ᠢ ᠨᠠᠶᠢᠳᠠᠪᠤᠷᠢᠵᠢᠭᠤᠯᠪᠠ᠃ ᠡᠨᠡᠬᠦ ᠰᠠᠭᠤᠷᠢᠨ ᠳᠡᠭᠡᠷ᠎ᠡ ᠪᠢᠳᠡ ᠤᠯᠠᠨ ᠤᠯᠤᠰ ᠤᠨ ᠵᠤᠭᠤᠰᠤᠨ ᠤ ᠰᠠᠭᠤᠷᠢ ᠮᠦᠡᠭᠭᠦᠨ ᠤ ᠵᠤᠬᠢᠶᠠᠨ ᠪᠠᠶᠢᠭᠤᠯᠤᠯᠲᠠ ᠶᠢᠨ 15 ᠳ᠋ᠤᠭᠠᠷ ᠤᠳᠠᠭ᠎ᠠ ᠶᠢᠨ ᠬᠤᠪᠢ ᠨᠤᠷᠮ᠎ᠠ ᠶᠢᠨ ᠶᠡᠷᠦᠩᠬᠡᠢ ᠬᠡᠮᠵᠢᠶᠡᠨ ᠤ ᠪᠠᠶᠢᠴᠠᠭᠠᠯᠲᠠ ᠶᠢ ᠠᠯᠢ ᠲᠦᠷᠭᠡᠨ ᠢᠶᠠᠷ ᠪᠡᠶᠡᠯᠡᠭᠦᠯᠬᠦ ᠶᠢ ᠠᠬᠢᠭᠤᠯᠵᠦ᠂ ᠪᠦᠬᠦ ᠪᠦᠮᠪᠦᠷᠴᠡᠭ ᠤᠨ ᠮᠦᠡᠭᠭᠦᠨ ᠬᠦᠢᠯᠭᠡᠭᠡᠨ ᠤ ᠠᠮᠤᠷ ᠲᠦᠪᠰᠢᠨ ᠤ ᠰᠦᠯᠵᠢᠶ᠎ᠡ ᠶᠢ ᠤᠯᠠᠮ ᠴᠢᠩᠭᠠᠳᠬᠠᠵᠦ᠂ ᠤᠯᠠᠨ ᠤᠯᠤᠰ ᠤᠨ ᠮᠦᠡᠭᠭᠦᠨ ᠬᠦᠢᠯᠭᠡᠭᠡᠨ ᠤ ᠲᠤᠭᠲᠠᠭᠤᠨ ᠪᠠᠶᠢᠳᠠᠯ ᠢ ᠬᠠᠮᠠᠭᠠᠯᠠᠨ᠎ᠠ᠃
      ᠳᠤᠮᠳᠠᠳᠤ ᠤᠯᠤᠰ ᠡᠨᠡ ᠵᠢᠯ G20 ᠤᠨ ᠪᠦᠷᠢᠯᠳᠦᠭᠦᠨ ᠤ ᠬᠠᠮᠲᠤᠷᠠᠯᠴᠠᠭ᠎ᠠ ᠦᠷᠨᠢᠭᠦᠯᠬᠦ ᠶᠢ ᠠᠬᠢᠭᠤᠯᠤᠨ᠎ᠠ᠂ ᠴᠢᠳᠠᠪᠤᠷᠢ ᠶᠢᠨ ᠪᠠᠶᠢᠭᠤᠯᠤᠯᠲᠠ᠂ ᠪᠡᠯᠡ ᠤᠷᠤᠭᠤᠯᠤᠯᠲᠠ ᠶᠢ ᠨᠡᠮᠡᠭᠳᠡᠭᠦᠯᠬᠦ᠂ ᠰᠠᠭᠤᠷᠢ ᠲᠦᠬᠦᠭᠡᠷᠤᠮᠵᠢ ᠶᠢ ᠦᠭᠡᠷᠡᠴᠢᠯᠡᠨ ᠰᠠᠶᠢᠵᠢᠷᠠᠭᠤᠯᠬᠤ ᠵᠡᠷᠭᠡ ᠠᠷᠭ᠎ᠠ ᠬᠡᠮᠵᠢᠶ᠎ᠠ ᠪᠠᠷ ᠳᠠᠮᠵᠢᠭᠤᠯᠵᠤ᠂ ᠡᠳᠡᠭᠡᠷ ᠤᠯᠤᠰ ᠤᠳ ᠢ ᠬᠠᠪᠰᠤᠷᠴᠤ ᠠᠵᠤ ᠦᠢᠯᠡᠳᠪᠦᠷᠢᠵᠢᠯᠡᠯᠲᠡ ᠶᠢᠨ ᠬᠦᠭᠵᠢᠯᠲᠠ ᠶᠢ ᠲᠦᠷᠭᠡᠳᠭᠡᠵᠤ᠂ ᠶᠠᠳᠠᠭᠤ ᠶᠢ ᠪᠠᠭᠠᠰᠬᠠᠬᠤ ᠪᠠ ᠦᠷᠭᠦᠯᠵᠢᠯᠡᠬᠦ ᠬᠦᠭᠵᠢᠯᠲᠠ ᠶᠢᠨ ᠬᠠᠷᠠᠯᠲᠠ ᠶᠢ ᠨᠢ ᠪᠡᠶᠡᠯᠡᠭᠦᠯᠦᠨ᠎ᠠ᠃
      ᠪᠢᠳᠡ G20 ᠤᠨ ᠤᠷᠭᠤᠭᠰᠠᠳ ᠢ ᠨᠡᠭᠡᠮᠵᠢᠯᠡᠬᠦ ᠪᠤᠵᠠᠷ ᠵᠤᠭᠤᠰ ᠢ ᠨᠡᠬᠡᠮᠵᠢᠯᠡᠬᠦ ᠲᠡᠭᠡᠳᠦ ᠲᠡᠰ ᠤᠨ ᠵᠠᠷᠴᠢᠮ ᠢ ᠲᠤᠭᠲᠠᠭᠠᠬᠤ ᠶᠢ ᠠᠬᠢᠭᠤᠯᠵᠦ᠂ ᠤᠷᠭᠤᠭᠰᠠᠳ ᠢ ᠨᠡᠭᠡᠮᠵᠢᠯᠡᠬᠦ ᠪᠤᠵᠠᠷ ᠵᠤᠭᠤᠰ ᠢ ᠨᠡᠬᠡᠮᠵᠢᠯᠡᠬᠦ ᠰᠤᠳᠤᠯᠭᠠᠨ ᠤ ᠲᠦᠪ ᠪᠠᠶᠢᠭᠤᠯᠵᠦ᠂ ᠢᠯᠵᠢᠷᠠᠯ ᠢ ᠡᠰᠡᠷᠭᠦᠴᠡᠬᠦ 2017-2018 ᠤᠨ ᠤ ᠠᠵᠢᠯᠯᠠᠭ᠎ᠠ ᠶᠢᠨ ᠲᠦᠯᠦᠪᠯᠡᠭᠡ ᠶᠢ ᠲᠤᠭᠲᠠᠭᠠᠨ᠎ᠠ᠃ ᠵᠠᠷᠴᠢᠮ᠂ ᠲᠤᠭᠲᠠᠴᠠ᠂ ᠠᠵᠢᠯᠯᠠᠭ᠎ᠠ ᠶᠢ ᠨᠢᠭᠡ ᠴᠤᠭᠴᠠ ᠪᠤᠯᠭᠠᠭᠰᠠᠨ ᠢᠯᠵᠢᠷᠠᠯ ᠢ ᠡᠰᠡᠷᠭᠦᠴᠡᠬᠦ ᠪᠠᠶᠢᠷᠢᠰᠢᠭᠤᠯᠤᠯ ᠢ ᠪᠠᠶᠢᠭᠤᠯᠵᠦ᠂ ᠢᠯᠵᠢᠷᠠᠨ ᠲᠤᠷᠦ᠋ᠢᠲᠠᠭᠰᠠᠳ ᠢ G20 ᠤᠯᠤᠰ ᠲᠤ ᠪᠡᠶ᠎ᠡ ᠲᠠᠯᠳᠠᠯᠠᠬᠤ ᠭᠠᠵᠠᠷ ᠦᠭᠡᠢ᠂ ᠤᠷᠭᠤᠨ ᠲᠤᠲᠠᠭᠠᠬᠤ ᠭᠠᠵᠠᠷ ᠦᠭᠡᠢ ᠪᠤᠯᠭᠠᠨ᠎ᠠ᠃
      ᠳᠤᠮᠳᠠᠳᠤ ᠤᠯᠤᠰ ᠡᠨᠡ ᠵᠢᠯ ᠡᠨᠡᠬᠦ ᠠᠵᠢᠯᠯᠠᠭᠠᠨ ᠤ ᠲᠦᠯᠦᠪᠯᠡᠭᠡ ᠶᠢ ᠲᠤᠭᠳᠠᠭᠠᠬᠤ ᠶᠢ ᠠᠬᠢᠭᠤᠯᠤᠨ᠎ᠠ᠂ ᠳᠡᠯᠡᠬᠡᠢ ᠶᠢᠨ ᠠᠵᠤ ᠠᠬᠤᠢ ᠶᠢᠨ ᠨᠡᠮᠡᠭᠳᠡᠯ ᠪᠤᠯᠤᠨ ᠠᠵᠢᠯ ᠤᠯᠭᠤᠯᠲᠠ ᠶᠢᠨ ᠨᠡᠮᠡᠭᠳᠡᠯ ᠳᠤ ᠬᠦᠴᠦᠷᠬᠡᠭ ᠶᠡᠭᠡ ᠬᠦᠳᠡᠯᠭᠡᠬᠦ ᠬᠦᠴᠦᠨ ᠬᠠᠩᠭᠠᠵᠤ᠂ ᠡᠯ᠎ᠠ ᠤᠯᠤᠰ ᠤᠨ ᠦᠢᠯᠡᠰ ᠪᠤᠰᠬᠠᠬᠤ ᠦᠢᠯᠡᠳᠦᠯᠭᠡ ᠪᠠ ᠲᠤᠷᠰᠢᠯᠭ᠎ᠠ ᠪᠠᠨ ᠰᠤᠯᠢᠯᠴᠠᠬᠤ ᠳᠤ ᠴᠢᠬᠤᠯᠠ ᠲᠠᠪᠴᠠᠩ ᠪᠠᠶᠢᠭᠤᠯᠵᠤ ᠦᠭᠭᠦᠨ᠎ᠠ᠃ ᠠᠵᠢᠯᠯᠠᠭᠠᠨ ᠤ ᠲᠦᠯᠦᠪᠯᠡᠭᠡ ᠳᠤ ᠤᠯᠠᠨ ᠲᠦᠷᠦ ᠶᠢᠨ ᠪᠤᠳᠤᠯᠭ᠎ᠠ ᠶᠢᠨ ᠰᠠᠨᠠᠯ ᠪᠤᠯᠤᠨ ᠬᠡᠷᠡᠭᠵᠢᠭᠦᠯᠬᠦ ᠠᠷᠭ᠎ᠠ ᠶᠢ ᠳᠤᠷᠠᠳᠴᠤ᠂ ᠡᠯ᠎ᠠ ᠤᠯᠤᠰ ᠤᠨ ᠲᠦᠷᠦ ᠶᠢᠨ ᠪᠤᠳᠤᠯᠭ᠎ᠠ ᠲᠤᠭᠳᠠᠭᠠᠬᠤ ᠳᠤ ᠯᠠᠪᠯᠠᠯᠲᠠ ᠬᠠᠩᠭᠠᠨ᠎ᠠ᠃
      ᠳᠤᠮᠳᠠᠳᠤ ᠤᠯᠤᠰ ᠤᠨ ᠰᠠᠨᠠᠭᠠᠴᠢᠯᠠᠭ᠎ᠠ ᠪᠤᠯᠤᠨ ᠡᠯ᠎ᠠ ᠲᠠᠯ᠎ᠠ ᠶᠢᠨ ᠳᠡᠮᠵᠢᠯᠭᠡ ᠪᠠᠷ᠂ ᠡᠨᠡ ᠵᠢᠯ ᠤᠨ 4 ᠰᠠᠷ᠎ᠠ ᠶᠢᠨ ᠵᠤᠬᠢᠴᠠᠭᠤᠯᠤᠭᠴᠢ ᠶᠢᠨ ᠬᠤᠷᠠᠯ ᠳᠤ G20 ᠤᠨ ᠲᠡᠤᠬᠡᠨ ᠳᠡᠭᠡᠷᠡᠬᠢ ᠠᠩᠬᠠᠳᠠᠭᠴᠢ ᠠᠭᠤᠷ ᠠᠮᠢᠰᠬᠤᠯ ᠤᠨ ᠲᠤᠬᠠᠢ ᠠᠰᠠᠭᠤᠳᠠᠯ ᠤᠨ ᠲᠡᠷᠢᠭᠦᠯᠡᠭᠴᠢ ᠶᠢᠨ ᠢᠯᠡᠷᠬᠡᠶᠢᠯᠡᠯᠲᠡ ᠨᠡᠶᠢᠳᠡᠯᠡᠵᠤ᠂ ᠡᠯ᠎ᠠ ᠲᠠᠯ᠎ᠠ ᠶᠢᠨ ᠬᠢᠨ 4 ᠰᠠᠷ᠎ᠠ ᠶᠢᠨ 22 ᠪᠤᠶᠤ ᠰᠡᠭᠦᠯᠡᠷ ᠡᠷᠲᠡᠬᠡᠨ ︽ᠫᠠᠷᠢᠰ ᠤᠨ ᠵᠦᠪᠯᠡᠯᠴᠡᠭᠡᠷ︾  ᠲᠤ ᠭᠠᠷ ᠤᠨ ᠦᠰᠦᠭ ᠵᠢᠷᠤᠬᠤ ᠪᠦᠭᠡᠳ ᠤᠯᠤᠰ ᠤᠨ ᠳᠤᠳᠤᠷᠠᠬᠢ ᠬᠢᠨᠠᠨ ᠵᠦᠪᠰᠢᠶᠡᠷᠡᠬᠦ ᠠᠵᠢᠯ ᠢᠶᠠᠨ ᠲᠦᠷᠭᠡᠬᠡᠨ ᠪᠡᠶᠡᠯᠡᠭᠦᠯᠬᠦ ᠪᠠᠷ ᠠᠮᠠᠯᠳᠠᠵᠠᠢ᠃ ᠤᠳᠤᠬᠠᠨ ᠳᠤ᠂ G20 ᠤᠨ ᠤᠯᠠᠩᠬᠢ ᠪᠦᠷᠢᠯᠳᠦᠭᠦᠨ ᠤᠯᠤᠰ ᠪᠤᠯᠤᠨ ᠵᠤᠴᠢᠨ ᠤᠯᠤᠰ ︽ᠫᠠᠷᠢᠰ ᠤᠨ ᠵᠦᠪᠯᠡᠯᠴᠡᠭᠡᠷ︾ ᠲᠤ ᠨᠢᠭᠡᠨᠲᠠ ᠭᠠᠷ ᠤᠨ ᠦᠰᠦᠭ ᠵᠢᠷᠤᠵᠠᠢ᠃ ᠪᠢᠳᠡ ᠡᠯ᠎ᠠ ᠲᠠᠯ᠎ᠠ ᠶᠢᠨ ᠬᠢᠨ ᠵᠦᠪᠰᠢᠶᠡᠷᠡᠬᠦ ᠭᠠᠷ ᠭᠦᠢᠴᠡᠳᠭᠡᠯ ᠢᠶᠠᠨ ᠲᠦᠷᠭᠡᠭᠡᠨ ᠪᠡᠶᠡᠯᠡᠭᠦᠯᠬᠦ ᠶᠢ ᠠᠬᠢᠭᠤᠯᠵᠤ᠂ ︽ᠵᠦᠪᠯᠡᠯᠴᠡᠭᠡᠷ︾ ᠢ ᠡᠷᠲᠡᠬᠡᠨ ᠬᠦᠴᠦᠨ ᠲᠠᠢ ᠪᠤᠯᠭᠠᠵᠤ᠂ ᠡᠯ᠎ᠠ ᠲᠠᠯ᠎ᠠ ᠶᠢᠨ ᠬᠢᠨ ᠢᠳᠡᠪᠬᠢᠲᠡᠢ ᠠᠵᠢᠯᠯᠠᠭ᠎ᠠ ᠦᠷᠨᠢᠭᠦᠯᠵᠤ ᠪᠠᠶᠢᠭᠠᠳ᠂ ᠤᠯᠠᠨ ᠤᠯᠤᠰ ᠤᠨ ᠠᠭᠤᠷ ᠠᠮᠢᠰᠬᠤᠯ ᠤᠨ ᠬᠠᠮᠲᠤᠷᠠᠯᠴᠠᠭ᠎ᠠ ᠳᠤ ᠬᠦᠴᠦᠨ ᠴᠢᠳᠠᠯ ᠨᠡᠮᠡᠷᠢᠯᠡᠭᠦ ᠶᠢ ᠵᠤᠬᠢᠴᠠᠭᠤᠯᠤᠨ ᠠᠬᠢᠭᠤᠯᠤᠨ᠎ᠠ᠃

《中国蒙古语新闻网》版权所有 © 2008-2020    蒙ICP备10000005号    内蒙古日报传媒集团主办    内蒙古蒙科立蒙古文化股份有限公司技术支持

通信地址:呼和浩特市金桥开发区内蒙古日报社新闻大厦8楼     联系电话:0471——6635372    加入收藏  

违法和不良信息举报电话:0471-6659852       举报邮箱:tn@mgyxw.net

请选用IE7+/Chrome/Firefox/Safari/Opera等浏览器访问本网站

Copyright © www.mgyxw.cn All Right Reserved.

开始于:15:43:58结束于:15:43:59
此次请求使用了 731.6985 毫秒!!!