ᠲᠥᠪ᠎ᠤᠨ ᠨᠢᠭᠡᠳᠦᠯᠲᠡᠶ ᠪᠠᠢᠷᠢᠯᠠᠭᠤᠯᠤᠯᠲᠠ ᠶᠣᠰᠣᠭᠠᠷ᠂ 2019 ᠣᠨ᠎ᠤ 6 ᠰᠠᠷ᠎ᠠ᠎ᠠᠴᠠ ᠡᠬᠢᠯᠡᠨ᠂ ᠪᠥᠬᠦ᠌ ᠣᠷᠣᠨ᠎ᠤ ᠲᠡᠭᠡᠷ᠎ᠠ ᠱᠠᠲᠤᠨ᠎ᠠᠴᠠ ᠲᠤᠤᠷ᠎ᠠ ᠱᠠᠲᠤᠨ᠎ᠳᠤ ᠬᠦᠷᠲᠡᠯ᠎ᠡ ᠬᠤᠶᠠᠷ ᠪᠦᠯᠦᠭ ᠬᠤᠪᠢᠶᠠᠨ 《ᠤᠭ ᠰᠠᠨᠠᠭ᠎ᠠ᠎ᠪᠠᠨ ᠥᠯᠥ᠍ ᠮᠠᠷᠲᠠᠵᠤ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠬᠦ᠌》 ᠭᠤᠤᠯ ᠰᠡᠳᠦᠪᠲᠦ ᠬᠥᠮᠦᠵᠢᠯ ᠥᠷᠨᠢᠭᠦᠯᠪᠡ᠃
ᠪᠦᠬᠦ᠌ ᠤᠷᠤᠨ᠎ᠤ ᠡᠯ᠎ᠡ ᠱᠠᠲᠤᠨ᠎ᠤ ᠨᠠᠮ᠎ᠤᠨ ᠵᠤᠬᠢᠶᠠᠨ ᠪᠠᠢᠭᠤᠯᠤᠯᠲᠠ ᠪᠤᠯᠤᠨ 149.8 ᠲᠦᠮᠡᠨ ᠨᠠᠮ᠎ᠤᠨ ᠬᠡᠱᠢᠭᠦᠨ ᠭᠤᠤᠯ ᠰᠡᠲᠦᠪ ᠭᠤᠤᠯ ᠱᠤᠭᠤᠮ᠎ᠳᠤ ᠲᠦᠪᠯᠡᠷᠡᠭᠦᠯᠦᠨ᠂ 《ᠤᠬ ᠰᠠᠨᠠᠭ᠎ᠠ᠎ᠪᠠᠨ ᠰᠠᠬᠢᠵᠦ᠍᠂ ᠡᠭᠦᠷᠭᠡ ᠬᠠᠷᠢᠭᠤᠴᠠᠯᠭ᠎ᠠ ᠡᠭᠦᠷᠭᠡᠯᠡᠨ᠂ ᠵᠦᠷᠢᠶ᠎ᠡ᠎ᠪᠠᠨ ᠡᠷᠢᠵᠦ᠍᠂ ᠨᠠᠢᠲᠠᠪᠤᠷᠢᠵᠢᠭᠤᠯᠤᠯᠲᠠᠶ᠋ᠢ ᠠᠳᠭᠤᠬᠤ》 ᠪᠠᠷ ᠶᠡᠷᠦᠩᠬᠡᠢ ᠱᠠᠭᠠᠷᠲᠠᠯᠭ᠎ᠠ ᠪᠤᠯᠭᠠᠵᠦ᠍᠂ ᠤᠬ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠪᠠᠢᠴᠠᠭᠠᠨ ᠦᠵᠡᠵᠦ᠍᠂ ᠠᠰᠠᠭᠤᠲᠠᠯ᠎ᠤᠨ ᠬᠦᠷᠦᠯᠴᠡᠬᠦ᠌ ᠦᠭᠡᠢ ᠲᠠᠯ᠎ᠠ᠎ᠪᠠᠨ ᠡᠷᠢᠵᠦ᠍᠂ ᠦᠪᠡᠷ᠎ᠤᠨ ᠪᠡᠶ᠎ᠡ᠎ᠳᠡᠭᠡᠨ ᠲᠦᠢᠯᠪᠤᠷᠢᠲᠠᠢ ᠬᠤᠪᠢᠰᠭᠠᠯ ᠬᠢᠬᠦ᠌ ᠵᠤᠷᠢᠭ ᠰᠠᠨᠠᠭ᠎ᠠ᠎ᠪᠠᠷ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠠᠬᠢᠭᠤᠯᠵᠤ ᠬᠦᠨᠵᠡᠭᠡᠢᠷᠡᠭᠦᠯᠦᠨ ᠬᠦᠭ᠌ᠵᠢᠭᠦᠯᠪᠡ᠃
ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠡᠯ᠎ᠡ ᠨᠢᠭᠡᠴᠢ᠎ᠶ᠋ᠢᠨ᠎ᠬᠢᠨ ᠠᠰᠠᠭᠤᠳᠠᠯ᠎ᠳᠤ ᠬᠠᠨᠳᠤᠵᠤ᠂ ᠣᠯᠠᠨ ᠲᠦᠮᠡᠨ᠎ᠤ ᠰᠠᠨᠠᠭᠠᠱᠢᠷᠠᠵᠦ᠍ ᠪᠠᠢᠭ᠎ᠠ ᠪᠤᠬᠢᠨᠢᠲᠦᠵᠦ᠍ ᠪᠠᠢᠭ᠎ᠠ ᠶᠠᠪᠤᠲᠠᠯ᠎ᠢ ᠱᠢᠢᠳᠪᠦᠷᠢᠯᠡᠪᠡ; ᠦᠷᠭᠡᠨ ᠤᠯᠠᠨ ᠨᠠᠮ᠎ᠤᠨ ᠭᠡᠱᠢᠭᠦᠨ ᠺᠠᠳ᠋ᠷ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠬᠠᠲᠠᠭᠤᠵᠢᠯᠲᠠᠶ ᠠᠵᠢᠯᠯᠠᠵᠤ ᠪᠣᠳᠠᠲᠠᠶ ᠠᠵᠢᠯᠯᠠᠬᠤ ᠤᠬᠠᠮᠰᠠᠷᠲᠤ ᠠᠵᠢᠯᠯᠠᠭ᠎ᠠ ᠪᠣᠯᠭᠠᠨ ᠬᠤᠪᠢᠷᠠᠭᠤᠯᠵᠤ᠂ ᠰᠤᠷᠤᠯᠴᠠᠬᠤ᠎ᠶ᠋ᠢᠨ ᠳᠠᠭᠠᠤ ᠪᠠᠢᠴᠠᠭᠠᠨ ᠰᠠᠢᠵᠢᠷᠠᠭᠤᠯᠬᠤ᠎ᠶ᠋ᠢ ᠪᠠᠷᠢᠮᠲᠠᠯᠠᠵᠦ᠍᠂ ᠭᠤᠤᠯᠲᠠᠯᠭ᠎ᠠ᠎ᠶ᠋ᠢᠨ ᠲᠤᠭᠤᠷᠢᠨ᠎ᠳᠤ ᠶᠡᠭᠡ ᠲᠠᠯ᠎ᠠ᠎ᠳᠤ ᠦᠢᠯᠡᠴᠢᠯᠡᠬᠦ᠌᠎ᠶ᠋ᠢ ᠪᠠᠷᠢᠮᠲᠠᠯᠠᠨ᠂ ᠭᠤᠤᠯ ᠰᠡᠲᠦᠪᠲᠦ ᠬᠦᠮᠦᠵᠢᠯ᠎ᠤᠨ ᠦᠷ᠎ᠡ ᠪᠦᠲᠦᠮᠵᠢ᠎ᠪᠠᠷ ᠱᠢᠨ᠎ᠡ ᠴᠠᠭ ᠦᠶ᠎ᠡ᠎ᠶ᠋ᠢᠨ ᠥᠪᠥᠷ ᠮᠣᠩᠭᠤᠯ᠎ᠤᠨ ᠦᠵᠡᠰᠭᠦᠯᠡᠩᠲᠦ ᠰᠠᠢᠬᠠᠨ ᠬᠠᠭᠤᠲᠠᠰᠤ᠎ᠶ᠋ᠢ ᠪᠢᠴᠢᠭ᠌ᠯᠡᠪᠡ᠃
ᠨᠠᠨᠳᠢᠨ ᠨᠠᠢᠲᠠᠯᠭᠠᠶ᠋ᠢ ᠰᠡᠳᠭᠢᠯ᠎ᠳᠡᠭᠡᠨ ᠬᠠᠳᠠᠩᠱᠢᠭᠤᠯᠵᠦ᠍ ᠪᠤᠲᠠᠲᠠᠢᠵᠢᠭᠤᠯᠤᠨ ᠨᠠᠷᠢᠯᠢᠬ᠍ᠵᠢᠭᠤᠯᠵᠤ ᠬᠦᠨᠵᠡᠭᠡᠢᠷᠡᠭᠦᠯᠪᠡ
2019 ᠣᠨ ᠪᠣᠯ ᠬᠦᠮᠦᠰ᠎ᠤᠨ ᠰᠡᠳᠭᠢᠯ᠎ᠢ ᠲᠤᠭ᠍ᠳᠤᠯᠤᠭᠤᠯᠤᠮᠠ ᠨᠢᠭᠡᠨ ᠵᠢᠯ ᠪᠤᠯᠬᠤ ᠶᠤᠮ᠃
7 ᠰᠠᠷ᠎ᠠ᠎ᠶ᠋ᠢᠨ 15 ᠠᠴᠠ 16 ᠤ ᠡᠳᠦᠷ᠂ ᠶᠡᠷᠦᠩᠬᠡᠶ ᠱᠦᠵᠢ ᠰᠢ᠎ᠶ᠋ᠢᠨ ᠫᠢᠩ ᠮᠠᠨ᠎ᠤ ᠣᠷᠣᠨ᠎ᠳᠤ ᠱᠢᠨᠵᠢᠯᠡᠨ ᠪᠠᠢᠴᠠᠭᠠᠵᠤ ᠪᠠᠢᠴᠠᠭᠠᠨ ᠰᠤᠳᠤᠯᠤᠯᠲᠠ ᠬᠢᠭ᠌ᠰᠡᠨ ᠪᠥᠭᠡᠳ 《ᠤᠭ ᠰᠠᠨᠠᠭ᠎ᠠ᠎ᠪᠠᠨ ᠦᠯᠦ᠍ ᠮᠠᠷᠲᠠᠵᠤ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠬᠦ᠌》 ᠭᠤᠤᠯ ᠰᠡᠳᠦᠪᠲᠦ ᠬᠥᠮᠦᠵᠢᠯ᠎ᠢ ᠪᠤᠲᠠᠲᠤ ᠭᠠᠵᠠᠷ᠎ᠲᠤᠨᠢ ᠬᠦᠷᠴᠦ᠍ ᠵᠢᠯᠣᠭᠤᠳᠤᠨ ᠥᠷᠨᠢᠭᠦᠯᠵᠦ᠍᠂ 《ᠭᠤᠷᠪᠠᠨ ᠡᠷᠬᠡᠪᠰᠢ》᠂ 《ᠳᠥᠷᠪᠡ᠎ᠶ᠋ᠢ ᠪᠣᠳᠠᠲᠠᠢᠵᠢᠭᠤᠯᠬᠤ》 ᠴᠢᠬᠤᠯᠠ ᠱᠠᠭᠠᠷᠳᠠᠯᠭ᠎ᠠ᠎ᠶ᠋ᠢ ᠳᠤᠷᠠᠳᠪᠠ᠃ ᠡᠨᠡ ᠪᠣᠯ ᠨᠠᠮ᠎ᠤᠨ ᠠᠷᠪᠠᠨ ᠨᠠᠶᠮᠠᠳᠤᠭᠠᠷ ᠶᠡᠭᠡ ᠬᠤᠷᠠᠯ᠎ᠠᠴᠠ ᠨᠠᠭᠠᠰᠢ᠂ ᠶᠡᠷᠦᠩᠬᠡᠶ ᠱᠦᠵᠢ ᠬᠤᠶᠠᠳᠤᠭᠠᠷ ᠤᠳᠠᠭ᠎ᠠ ᠥᠪᠥᠷ ᠮᠣᠩᠭᠤᠯ᠎ᠳᠤ ᠱᠢᠨᠵᠢᠯᠡᠨ ᠪᠠᠢᠴᠠᠭᠠᠵᠤ᠂ ᠳᠥᠷᠪᠡᠳᠡᠬᠢ ᠤᠳᠠᠭ᠎ᠠ ᠥᠪᠥᠷ ᠮᠣᠩᠭᠤᠯ᠎ᠳᠤ ᠴᠢᠬᠤᠯᠠ ᠶᠠᠷᠢᠶ᠎ᠠ ᠲᠠᠯᠪᠢᠵᠤ ᠪᠠᠢᠭ᠎ᠠ ᠶᠠᠪᠤᠳᠠᠯ ᠪᠣᠯᠤᠨ᠎ᠠ᠃
ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠶᠡᠷᠦᠩᠬᠡᠶ ᠱᠦᠵᠢ ᠰᠢ᠎ᠶ᠋ᠢᠨ ᠫᠢᠩ᠎ᠤᠨ ᠥᠪᠥᠷ ᠮᠣᠩᠭᠤᠯ᠎ᠤᠨ ᠠᠵᠢᠯ᠎ᠤᠨ ᠲᠤᠬᠠᠶ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠬᠤ᠎ᠶ᠋ᠢ ᠲᠡᠷᠢᠭᠦᠨ ᠴᠢᠬᠤᠯᠠ ᠤᠯᠤᠰ ᠲᠥᠷᠦ᠎ᠶ᠋ᠢᠨ ᠡᠭᠦᠷᠭᠡ ᠪᠣᠯᠭᠠᠵᠤ᠂ ᠭᠤᠤᠯ ᠰᠡᠳᠦᠪᠲᠦ ᠬᠥᠮᠦᠵᠢᠯ᠎ᠢ ᠥᠷᠨᠢᠭᠦᠯᠬᠦ᠌᠎ᠶ᠋ᠢᠨ ᠭᠤᠤᠯᠲᠠᠯᠭ᠎ᠠ᠎ᠶ᠋ᠢᠨ ᠲᠤᠲᠤᠷᠠᠬᠢ ᠭᠤᠤᠯᠲᠠᠯᠭ᠎ᠠ ᠪᠣᠯᠭᠠᠵᠤ᠂ ᠰᠤᠷᠤᠯᠴᠠᠯᠭ᠎ᠠ ᠬᠥᠮᠦᠵᠢᠯ᠂ ᠪᠠᠢᠴᠠᠭᠠᠨ ᠰᠤᠳᠤᠯᠤᠯᠲᠠ᠂ ᠠᠰᠠᠭᠤᠳᠠᠯ᠎ᠢ ᠪᠠᠢᠴᠠᠭᠠᠨ ᠦᠵᠡᠬᠦ᠂ ᠴᠡᠭ᠌ᠴᠡᠯᠡᠨ ᠰᠠᠢᠵᠢᠷᠠᠭᠤᠯᠵᠤ ᠨᠠᠢᠳᠠᠪᠤᠷᠢᠵᠢᠭᠤᠯᠬᠤ ᠳᠥᠷᠪᠡᠨ ᠵᠦᠶᠯ᠎ᠤᠨ ᠭᠤᠤᠯᠳᠠᠯᠭ᠎ᠠ᠎ᠲᠠᠢ ᠠᠷᠭ᠎ᠠ ᠬᠡᠮᠵᠢᠶ᠎ᠡ᠎ᠳᠤ ᠲᠤᠭᠤᠱᠢᠯᠠᠭᠤᠯᠪᠠ᠃
ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠶ᠋ᠢᠨ ᠠᠷᠪᠠᠳᠤᠭᠠᠷ ᠬᠤᠭᠤᠴᠠᠭᠠᠨ᠎ᠤ ᠠᠷᠪᠠᠳᠤᠭᠠᠷ ᠪᠥᠬᠦᠳᠡ ᠬᠤᠷᠠᠯ᠎ᠠᠴᠠ 《ᠶᠡᠷᠦᠩᠬᠡᠶ ᠱᠦᠵᠢ ᠰᠢ᠎ᠶ᠋ᠢᠨ ᠫᠢᠩ᠎ᠤᠨ ᠥᠪᠥᠷ ᠮᠣᠩᠭᠤᠯ᠎ᠳᠤ ᠱᠢᠨᠵᠢᠯᠡᠨ ᠪᠠᠢᠴᠠᠭᠠᠬᠤ ᠦᠶ᠎ᠡ᠎ᠶ᠋ᠢᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠬᠤ ᠲᠤᠬᠠᠶ ᠲᠣᠭ᠍ᠲᠠᠭᠠᠯ》 ᠢ ᠪᠠᠲᠤᠯᠠᠪᠠ; ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠶ᠋ᠢᠨ ᠭᠤᠤᠯ ᠰᠡᠳᠦᠪᠲᠦ ᠬᠥᠮᠦᠵᠢᠯ᠎ᠤᠨ ᠤᠳᠤᠷᠢᠳᠭᠤ ᠳᠤᠭᠤᠢ᠍ᠢᠯᠠᠩ 《ᠶᠡᠷᠦᠩᠬᠡᠶ ᠱᠦᠵᠢ ᠰᠢ᠎ᠶ᠋ᠢᠨ ᠫᠢᠩ᠎ᠤᠨ ᠥᠪᠥᠷ ᠮᠣᠩᠭᠤᠯ᠎ᠳᠤ ᠱᠢᠨᠵᠢᠯᠡᠨ ᠪᠠᠢᠴᠠᠭᠠᠬᠤ ᠦᠶ᠎ᠡ᠎ᠶ᠋ᠢᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠬᠢᠨᠠᠮᠠᠭᠠᠶ ᠰᠤᠷᠤᠯᠴᠠᠨ ᠲᠤᠭᠤᠱᠢᠯᠠᠭᠤᠯᠵᠤ᠂ 〈ᠳᠥᠷᠪᠡ᠎ᠶ᠋ᠢ ᠪᠣᠳᠠᠲᠠᠢᠵᠢᠭᠤᠯᠬᠤ〉 ᠴᠢᠬᠤᠯᠠ ᠱᠠᠭᠠᠷᠳᠠᠯᠭ᠎ᠠ᠎ᠶ᠋ᠢ ᠡᠷᠡᠰ ᠨᠠᠢᠳᠠᠪᠤᠷᠢᠵᠢᠭᠤᠯᠬᠤ᠂ ᠭᠤᠤᠯ ᠰᠡᠳᠦᠪᠲᠦ ᠬᠥᠮᠦᠵᠢᠯ᠎ᠢ ᠯᠠᠪᠳᠠᠭᠤᠨ ᠪᠠᠲᠤᠲᠠᠶ ᠠᠬᠢᠭᠤᠯᠬᠤ ᠲᠤᠬᠠᠶ ᠮᠡᠳᠡᠭ᠌ᠳᠡᠯ》 ᠵᠡᠷᠭᠡ᠎ᠶ᠋ᠢ ᠳᠠᠷᠤᠮᠠᠯᠯᠠᠨ ᠲᠠᠷᠬᠠᠭᠠᠵᠤ᠂ ᠶᠡᠷᠦᠩᠬᠡᠶ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶ᠎ᠠ ᠴᠢᠬᠤᠯᠠ ᠵᠢᠭᠠᠪᠤᠷᠢ ᠴᠣᠬᠤᠯᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠪᠤᠳᠠᠳᠠᠢ᠎ᠳᠤ ᠨᠠᠢᠳᠠᠪᠤᠷᠢᠵᠢᠭᠤᠯᠬᠤ᠎ᠶ᠋ᠢ ᠠᠬᠢᠭᠤᠯᠪᠠ᠃
ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠤᠬᠠᠮᠰᠠᠷ᠎ᠠᠴᠠ᠎ᠪᠠᠨ ᠶᠡᠷᠦᠩᠬᠡᠶ ᠱᠦᠵᠢ ᠰᠢ᠎ᠶ᠋ᠢᠨ ᠫᠢᠩ᠎ᠤᠨ ᠥᠪᠥᠷ ᠮᠣᠩᠭᠤᠯ᠎ᠤᠨ ᠠᠵᠢᠯ᠎ᠤᠨ ᠲᠤᠬᠠᠶ ᠴᠢᠬᠤᠯᠠ ᠶᠠᠷᠢᠶ᠎ᠠ ᠴᠢᠬᠤᠯᠠ ᠵᠢᠭᠠᠪᠤᠷᠢ ᠴᠣᠬᠤᠯᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠬᠤ᠎ᠲᠠᠢ ᠬᠠᠷᠭᠤᠭᠤᠯᠵᠦ᠍᠂ 《ᠠᠮᠢ ᠠᠬᠤᠶ᠎ᠶ᠋ᠢ ᠤᠷᠢᠳ᠎ᠢᠶᠠᠷ ᠪᠣᠳᠣᠯᠬᠢᠯᠠᠬ᠍ᠰᠠᠨ᠂ ᠪᠣᠬᠢᠷᠲᠤᠯ ᠥᠬᠡᠶ ᠬᠥᠭ᠌ᠵᠢᠯᠲᠡ᠎ᠪᠠᠷ ᠤᠳᠤᠷᠢᠳᠤᠮᠵᠢ ᠪᠣᠯᠭᠠᠭ᠍ᠰᠠᠨ ᠴᠢᠨᠠᠷ ᠰᠠᠢᠲᠠᠶ ᠬᠥᠭ᠌ᠵᠢᠯᠲᠡ᠎ᠶ᠋ᠢᠨ ᠱᠢᠨ᠎ᠡ ᠵᠠᠮ᠎ᠢ ᠰᠦᠪᠡᠭ᠌ᠴᠢᠯᠡᠶᠡ》 ᠵᠡᠷᠭᠡ 7 ᠲᠠᠯ᠎ᠠ᠂ 18 ᠲᠤᠰᠭᠠᠶ ᠰᠡᠳᠦᠪ᠎ᠢ ᠲᠣᠭ᠍ᠲᠠᠭᠠᠭ᠍ᠰᠠᠨ ᠪᠥᠭᠡᠳ ᠪᠠᠢᠴᠠᠭᠠᠨ ᠰᠤᠳᠤᠯᠤᠯᠲᠠ᠎ᠶ᠋ᠢᠨ ᠦᠷ᠎ᠡ ᠪᠦᠲᠦᠮᠵᠢ᠎ᠶ᠋ᠢᠨ ᠨᠠᠢᠳᠠᠪᠤᠷᠢᠵᠢᠭᠤᠯᠤᠯᠲᠠ᠎ᠶ᠋ᠢ ᠠᠳᠭᠤᠬᠤ 18 ᠵᠦᠶᠯ᠎ᠤᠨ ᠪᠣᠳᠠᠲᠠᠶ ᠠᠷᠭ᠎ᠠ ᠬᠡᠮᠵᠢᠶ᠎ᠡ ᠪᠣᠯᠭᠠᠨ ᠬᠤᠪᠢᠷᠠᠭᠤᠯᠪᠠ᠃
ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠰᠢ᠎ᠶ᠋ᠢᠨ ᠫᠢᠩ᠎ᠤᠨ ᠠᠮᠢ ᠠᠬᠤᠢ᠎ᠶ᠋ᠢᠨ ᠪᠣᠯᠪᠠᠰᠤᠨ᠎ᠤ ᠦᠵᠡᠯ ᠰᠠᠨᠠᠭ᠎ᠠ᠎ᠶ᠋ᠢ ᠡᠷᠡᠰ ᠲᠤᠭᠤᠱᠢᠯᠠᠭᠤᠯᠵᠤ᠂ ᠶᠡᠷᠦᠩᠬᠡᠶ ᠱᠦᠵᠢ᠎ᠶ᠋ᠢᠨ ᠬᠦᠯᠦᠨ ᠨᠠᠭᠤᠷ ᠤᠯᠠᠭᠠᠨᠰᠤᠬᠠᠢ ᠲᠠᠭ᠎ᠠ᠎ᠶ᠋ᠢᠨ ᠨᠠᠭᠤᠷ᠎ᠤᠨ ᠵᠠᠰᠠᠯᠲᠠ᠎ᠶ᠋ᠢᠨ ᠲᠤᠬᠠᠢ ᠴᠢᠬᠤᠯᠠ ᠵᠢᠭᠠᠪᠤᠷᠢ ᠴᠣᠬᠤᠯᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠶ ᠨᠠᠢᠳᠠᠪᠤᠷᠢᠵᠢᠭᠤᠯᠵᠦ᠍᠂ ᠬᠦᠯᠦᠨ ᠨᠠᠭᠤᠷ ᠤᠯᠠᠭᠠᠨᠰᠤᠬᠠᠢ ᠲᠠᠭ᠎ᠠ᠎ᠶ᠋ᠢᠨ ᠨᠠᠭᠤᠷ᠎ᠤᠨ ᠠᠮᠢ ᠠᠬᠤᠢ᠎ᠶ᠋ᠢᠨ ᠵᠠᠰᠠᠯᠲᠠ᠎ᠶ᠋ᠢ ᠡᠷᠡᠰ ᠰᠠᠢᠲᠦᠷ ᠠᠳᠭᠤᠪᠠ᠃
ᠬᠦᠨᠳᠤ ᠨᠠᠢᠲᠠᠯᠭᠠᠶ᠋ᠢ ᠪᠠᠲᠤ ᠴᠡᠭᠡᠵᠢᠯᠡᠵᠦ᠍᠂ ᠵᠤᠷᠢᠬ᠍ᠳᠠᠢ᠎ᠪᠠᠷ ᠡᠷᠡᠮᠡᠬᠡᠢᠯᠡᠨ ᠤᠷᠤᠭ᠍ᠰᠢᠯᠠᠨ᠎ᠠ᠃ ᠥᠷᠭᠡᠨ ᠣᠯᠠᠨ ᠨᠠᠮ᠎ᠤᠨ ᠭᠡᠱᠢᠭᠦᠨ ᠺᠠᠳ᠋ᠷ ᠬᠦᠨᠳᠦ ᠡᠭᠦᠷᠭᠡ᠎ᠶ᠋ᠢ ᠡᠭᠦᠷᠭᠡᠯᠡᠵᠦ᠍᠂ ᠵᠢᠳᠬᠦᠯ ᠴᠢᠷᠮᠠᠢᠯᠭ᠎ᠠ ᠭᠠᠷᠭᠠᠵᠦ᠍᠂ ᠶᠡᠷᠦᠩᠬᠡᠶ ᠱᠦᠵᠢ᠎ᠶ᠋ᠢᠨ ᠥᠪᠥᠷ ᠮᠣᠩᠭᠤᠯ᠎ᠤᠨ ᠠᠵᠢᠯ᠎ᠤᠨ ᠲᠤᠬᠠᠶ ᠴᠢᠬᠤᠯᠠ ᠶᠠᠷᠢᠶ᠎ᠠ ᠴᠢᠬᠤᠯᠠ ᠵᠢᠭᠠᠪᠤᠷᠢ ᠴᠣᠬᠤᠯᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠪᠤᠲᠠᠲᠠᠢᠵᠢᠭᠤᠯᠤᠨ ᠨᠠᠷᠢᠯᠢᠬ᠍ᠵᠢᠭᠤᠯᠤᠨ᠎ᠠ᠃
ᠭᠦᠨᠵᠡᠭᠡᠢ ᠰᠤᠷᠤᠯᠴᠠᠵᠤ ᠨᠡᠪᠳᠡᠷᠡᠳᠡᠯ᠎ᠠ ᠤᠢ᠍ᠢᠯᠠᠭᠠᠵᠤ ᠤᠭ ᠰᠠᠨᠠᠭ᠎ᠠ᠎ᠪᠠᠨ ᠰᠠᠬᠢᠵᠤ ᠦᠨᠡᠨ ᠬᠦ᠌ ᠢᠳᠡᠭᠡᠵᠦ᠍ ᠯᠠᠪᠳᠠᠭᠤᠨ ᠬᠡᠷᠡᠭ᠌ᠵᠢᠬᠦᠯᠵᠦ᠍ ᠬᠠᠷᠢᠭᠤᠴᠠᠯᠭ᠎ᠠ᠎ᠪᠠᠨ ᠬᠦᠢᠴᠡᠳᠭᠡᠪᠡ
《ᠤᠭ ᠰᠠᠨᠠᠭ᠎ᠠ᠎ᠪᠠᠨ ᠦᠯᠦ᠍ ᠮᠠᠷᠳᠠᠵᠦ᠍ ᠡᠭᠦᠷᠭᠡ ᠬᠠᠷᠢᠭᠤᠴᠠᠯᠭ᠎ᠠ᠎ᠪᠠᠨ ᠪᠠᠳᠤ ᠴᠡᠭᠡᠵᠢᠯᠡᠬᠦ᠌》 ᠭᠤᠤᠯ ᠰᠡᠳᠦᠪᠳᠦ ᠬᠦᠮᠦᠵᠢᠯ᠎ᠤᠨ ᠠᠵᠢᠯᠯᠠᠭ᠎ᠠ᠎ᠶ᠋ᠢ ᠦᠷᠨᠢᠬᠦᠯᠦᠭ᠌ᠰᠡᠨ᠎ᠠᠴᠠ ᠨᠠᠭᠠᠰᠢ᠂ ᠦᠪᠡᠷᠳᠡᠭᠡᠨ ᠵᠠᠰᠠᠬᠤ ᠤᠷᠤᠨ᠎ᠤ ᠮᠤᠵᠢ᠎ᠶ᠋ᠢᠨ ᠲᠡᠰ᠎ᠤᠨ ᠤᠳᠤᠷᠢᠳᠭᠤ ᠨᠦᠬᠦᠳ ᠵᠢᠱ᠌ᠢᠶᠡᠴᠢ ᠦᠢᠯᠡᠳᠦᠯ᠎ᠢᠶᠠᠨ ᠢᠳᠡᠪᠬᠢᠳᠡᠢ ᠪᠠᠳᠠᠷᠠᠭᠤᠯᠵᠦ᠍᠂ 《ᠰᠢ᠎ᠶ᠋ᠢᠨ ᠫᠢᠡᠭ᠎ᠤᠨ 〈ᠤᠭ ᠰᠠᠨᠠᠭ᠎ᠠ᠎ᠪᠠᠨ ᠦᠯᠦ᠍ ᠮᠠᠷᠳᠠᠵᠦ᠍ ᠡᠭᠦᠷᠭᠡ ᠬᠠᠷᠢᠭᠤᠴᠠᠯᠭ᠎ᠠ᠎ᠪᠠᠨ ᠪᠠᠳᠤ ᠴᠡᠭᠡᠵᠢᠯᠡᠬᠦ᠌〉 ᠲᠤᠬᠠᠢ ᠴᠢᠬᠤᠯᠠ ᠦᠬᠦᠯᠡᠯᠲᠡ᠎ᠶ᠋ᠢᠨ ᠲᠡᠭᠦᠪᠦᠷᠢ》᠂ 《ᠰᠢ᠎ᠶ᠋ᠢᠨ ᠫᠢᠡᠭ᠎ᠤᠨ ᠱᠢᠨ᠎ᠠ ᠴᠠᠭ ᠦᠶ᠎ᠠ᠎ᠶ᠋ᠢᠨ ᠲᠤᠮᠳᠠᠳᠤ ᠤᠯᠤᠰ᠎ᠤᠨ ᠤᠨᠴᠠᠯᠢᠭ᠎ᠲᠠᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢ ᠰᠤᠷᠤᠯᠴᠠᠬᠤ ᠬᠦᠳᠦᠯᠪᠤᠷᠢ》 ᠵᠡᠷᠭᠡ ᠪᠦᠲᠦᠭᠡᠯ᠎ᠢ ᠬᠢᠨᠠᠮᠠᠭᠠᠢ ᠰᠤᠳᠤᠯᠤᠨ ᠤᠩᠱᠢᠵᠤ᠂ ᠲᠤᠰᠭᠠᠢ ᠰᠡᠳᠦᠪᠳᠦ ᠲᠠᠢᠯᠤᠮᠵᠢ᠎ᠶ᠋ᠢ ᠬᠦᠯᠢᠶᠠᠨ ᠰᠤᠨᠤᠰᠴᠤ᠌᠂ ᠤᠨᠤᠯ᠎ᠤᠨ ᠬᠡᠪ ᠪᠤᠯᠪᠠᠰᠤᠷᠠᠯ᠎ᠢᠶᠠᠨ ᠨᠠᠩ ᠲᠡᠭᠡᠭ᠌ᠰᠢᠯᠡᠬᠦᠯᠪᠠ᠃
ᠡᠯ᠎ᠠ ᠭᠠᠵᠠᠷ ᠤᠷᠤᠨ ᠡᠯ᠎ᠠ ᠪᠠᠢᠭᠤᠯᠭ᠎ᠠ ᠨᠢᠭᠡᠴᠢ᠎ᠶ᠋ᠢᠨ᠎ᠬᠢᠨ ᠤᠨᠤᠯ ᠰᠤᠷᠤᠯᠴᠠᠬᠤ ᠭᠤᠤᠯ ᠲᠤᠭᠤᠢ᠍ᠢᠯᠠᠩ᠎ᠤᠨ ᠰᠤᠷᠤᠯᠴᠠᠯᠭ᠎ᠠ᠂ ᠲᠦᠪᠯᠡᠷᠡᠬᠦᠯᠦᠨ ᠰᠤᠳᠤᠯᠤᠨ ᠶᠠᠷᠢᠯᠴᠠᠬᠤ᠂ ᠨᠤᠮ ᠤᠡᠭ᠌ᠰᠢᠬᠤ ᠠᠩᠭᠢ ᠡᠷᠬᠢᠯᠡᠬᠦ᠌᠎ᠪᠠᠷ ᠲᠠᠮᠵᠢᠨ ᠨᠠᠮ᠎ᠤᠨ ᠬᠡᠱᠢᠬᠦᠨ ᠺᠠᠳ᠋ᠷ᠎ᠢ ᠵᠤᠬᠢᠶᠠᠨ ᠪᠠᠢᠭᠤᠯᠤᠨ ᠲᠤᠬ᠍ᠳᠠᠬ᠍ᠰᠠᠨ ᠨᠤᠮ ᠵᠤᠬᠢᠶᠠᠯ᠎ᠢ ᠤᠡᠭ᠌ᠰᠢᠭᠤᠯᠵᠤ᠂ ᠰᠤᠷᠤᠯᠴᠠᠯᠭ᠎ᠠ᠎ᠶ᠋ᠢᠨ ᠦᠷ᠎ᠠ ᠪᠦᠳᠦᠮᠵᠢ᠎ᠶ᠋ᠢ ᠲᠡᠭᠡᠭ᠌ᠰᠢᠯᠡᠬᠦᠯᠵᠡᠢ᠃
ᠮᠦᠡᠭ᠌ᠭᠦᠨ ᠡᠪᠤᠯ᠎ᠤᠨ ᠦᠪᠦᠷ ᠮᠤᠩᠭᠤᠯ᠎ᠳᠤ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠦᠪ ᠬᠤᠷᠢᠶᠠᠨ᠎ᠤ ᠲᠦᠷᠪᠡᠳᠦᠬᠡᠷ ᠪᠦᠬᠦᠳᠡ ᠬᠤᠷᠠᠯ᠎ᠤᠨ ᠵᠤᠷᠢᠭ ᠰᠠᠨᠠᠭ᠎ᠠ᠎ᠶ᠋ᠢ ᠰᠤᠷᠤᠯᠴᠠᠬᠤ ᠬᠠᠯᠠᠭᠤᠨ ᠦᠷᠨᠢᠯᠳᠡ ᠪᠤᠯᠪᠠ᠃ ᠦᠪᠡᠷᠳᠡᠭᠡᠨ ᠵᠠᠰᠠᠬᠤ ᠤᠷᠤᠨ᠎ᠤ ᠭᠤᠤᠯ ᠰᠡᠳᠦᠪᠳᠦ ᠬᠦᠮᠦᠵᠢᠯ᠎ᠤᠨ ᠤᠳᠤᠷᠢᠳᠭᠤ ᠲᠤᠭᠤᠢ᠍ᠢᠯᠠᠩ᠎ᠠᠴᠠ ᠲᠦᠷᠪᠡᠳᠦᠭᠡᠷ ᠪᠦᠬᠦᠳᠡ ᠬᠤᠷᠠᠯ᠎ᠤᠨ ᠵᠤᠷᠢᠭ ᠰᠠᠨᠠᠭ᠎ᠠ᠎ᠶ᠋ᠢ ᠰᠤᠷᠤᠯᠴᠠᠨ ᠲᠤᠭᠤᠱᠢᠯᠠᠭᠤᠯᠬᠤ 《ᠬᠡᠷᠡᠭ᠌ᠵᠢᠬᠦᠯᠬᠦ᠌ ᠲᠦᠰᠤᠯ》 ᠢ ᠲᠤᠭ᠍ᠳᠠᠭᠠᠪᠠ᠃ ᠦᠪᠡᠷᠳᠡᠭᠡᠨ ᠵᠠᠰᠠᠬᠤ ᠤᠷᠤᠨ᠎ᠠᠴᠠ ᠤᠬᠠᠭᠤᠯᠤᠨ ᠲᠠᠢᠯᠪᠤᠷᠢᠯᠠᠬᠤ ᠪᠦᠯᠬᠦᠮ ᠲᠤᠮᠢᠯᠠᠵᠤ᠂ 12 ᠠᠢᠮᠠᠭ ᠬᠤᠳᠠ ᠪᠠ ᠬᠡᠰᠡᠭ ᠱᠢᠭᠤᠳ ᠬᠠᠷᠢᠶ᠎ᠠ ᠪᠠᠢᠭᠤᠯᠭ᠎ᠠ ᠨᠢᠭᠡᠴᠢ᠎ᠪᠠᠷ ᠭᠦᠨᠵᠡᠭᠡᠢᠷᠡᠬᠦᠯᠤᠨ ᠲᠠᠢᠯᠤᠮᠵᠢ ᠬᠢᠯᠭᠡᠪᠠ᠃
ᠤᠯᠠᠨ ᠬᠡᠯᠪᠡᠷᠢ᠎ᠶ᠋ᠢᠨ ᠰᠤᠷᠤᠯᠴᠠᠯᠭ᠎ᠠ᠎ᠶ᠋ᠢᠨ ᠠᠵᠢᠯᠯᠠᠭ᠎ᠠ ᠢᠳᠡ ᠬᠦᠭ᠎ᠲᠠᠢ ᠶᠠᠪᠤᠬ᠍ᠳᠠᠨ᠎ᠠ᠃ ᠨᠠᠮ᠎ᠤᠨ ᠲᠡᠤᠭᠡ᠂ ᠱᠢᠨ᠎ᠡ ᠲᠤᠮᠳᠠᠳᠤ ᠤᠯᠤᠰ᠎ᠤᠨ ᠲᠡᠤᠬᠡ᠎ᠶ᠋ᠢ ᠰᠤᠷᠤᠯᠴᠠᠬᠤ ᠠᠵᠢᠯᠯᠠᠭ᠎ᠠ᠎ᠶ᠋ᠢ ᠵᠤᠬᠢᠶᠠᠨ ᠪᠠᠢᠭᠤᠯᠵᠦ᠍᠂ ᠤᠢ᠍ᠢᠷ᠎ᠠ ᠬᠠᠪᠢ᠎ᠶ᠋ᠢᠨ ᠬᠤᠪᠢᠰᠭᠠᠯ᠎ᠤᠨ ᠡᠬᠢ ᠪᠠᠶᠠᠯᠢᠭ᠎ᠢ ᠲᠦᠱᠢᠭ᠌ᠯᠡᠨ ᠬᠤᠪᠢᠰᠭᠠᠯ᠎ᠤᠨ ᠤᠯᠠᠮᠵᠢᠯᠠᠯᠳᠦ ᠬᠦᠮᠦᠵᠢᠯ ᠬᠦᠷᠳᠡᠭᠡᠵᠦ᠍᠂ ᠨᠠᠮ᠎ᠤᠨ ᠬᠡᠱᠢᠬᠦᠨ᠎ᠤ ᠭᠤᠤᠯᠯᠠᠬ᠍ᠴᠢ ᠡᠷᠦᠭᠡ ᠲᠠᠭᠠᠭᠤᠯᠤᠨ ᠰᠤᠷᠤᠯᠴᠠᠬᠤ᠂ ᠮᠤᠩᠭᠤᠯ ᠬᠢᠳᠡᠳ ᠬᠤᠤᠰ ᠬᠡᠯᠡᠨ᠎ᠤ ᠤᠡᠭ᠌ᠰᠢᠪᠤᠷᠢᠶ᠋ᠢ ᠲᠠᠷᠬᠠᠭᠠᠬᠤ᠂ ᠪᠢᠴᠢᠯ ᠸᠢᠳᠢᠣ᠋᠎ᠶ᠋ᠢᠨ ᠲᠡᠯᠭᠡᠨ ᠦᠵᠡᠬᠦᠯᠭᠡ ᠵᠡᠷᠭᠡ ᠠᠵᠢᠯᠯᠠᠭ᠎ᠠ᠎ᠪᠠᠷ ᠦᠷᠭᠡᠨ ᠤᠯᠠᠨ ᠨᠠᠮ᠎ᠤᠨ ᠬᠡᠱᠢᠬᠦᠨ ᠺᠠᠳ᠋ᠷ᠎ᠤᠨ ᠭᠤᠤᠯ ᠰᠡᠳᠦᠪᠳᠦ ᠬᠦᠮᠦᠵᠢᠯ᠎ᠤᠨ ᠰᠤᠷᠤᠯᠴᠠᠯᠭ᠎ᠠ᠎ᠳᠤ ᠤᠷᠤᠯᠴᠠᠬᠤ ᠢᠳᠡᠪᠬᠢᠵᠢᠯ ᠪᠤᠯᠤᠨ ᠰᠠᠨᠠᠭᠠᠴᠢᠯᠠᠭᠠᠳᠤ ᠴᠢᠨᠠᠷ᠎ᠢ ᠲᠠᠢᠴᠢᠯᠠᠵᠠᠢ᠃
ᠡᠯ᠎ᠠ ᠭᠠᠵᠠᠷ ᠤᠷᠤᠨ ᠡᠯ᠎ᠠ ᠪᠠᠢᠭᠤᠯᠭ᠎ᠠ ᠨᠢᠭᠡᠴᠢ ᠨᠠᠮ᠎ᠤᠨ ᠤᠳᠤᠷᠢᠳᠭᠤ ᠲᠤᠭᠤᠢ᠍ᠢᠯᠠᠩ᠎ᠤᠨ ᠰᠤᠷᠤᠯᠴᠠᠯᠭ᠎ᠠ᠎ᠶ᠋ᠢ ᠨᠡᠢᠳᠡ 2.3 ᠲᠦᠮᠡᠨ ᠤᠳᠠᠭ᠎ᠠ ᠵᠤᠬᠢᠶᠠᠨ ᠪᠠᠢᠭᠤᠯᠵᠤ᠂ 1.6 ᠲᠦᠮᠡ ᠤᠳᠠᠭ᠎ᠠ ᠨᠤᠮ ᠤᠡᠭ᠌ᠰᠢᠬᠤ ᠠᠩᠭᠢ ᠡᠷᠬᠢᠯᠡᠵᠦ᠍᠂ 3.4 ᠲᠦᠮᠡᠨ ᠤᠳᠠᠭ᠎ᠠ ᠰᠤᠳᠤᠯᠤᠨ ᠶᠠᠷᠢᠯᠴᠠᠵᠤ᠂ 1.2 ᠲᠦᠮᠡᠨ ᠤᠳᠠᠭ᠎ᠠ ᠲᠠᠢᠯᠤᠮᠵᠢ ᠡᠷᠬᠢᠯᠡᠪᠡ᠃ ᠭᠤᠤᠯ ᠰᠡᠳᠦᠪᠳᠦ ᠬᠦᠮᠦᠵᠢᠯ᠎ᠤᠨ ᠰᠤᠷᠤᠯᠴᠠᠯᠭ᠎ᠠ᠎ᠪᠠᠷ ᠨᠠᠮ᠎ᠤᠨ ᠬᠡᠱᠢᠬᠦᠨ ᠺᠠᠳ᠋ᠷ᠎ᠤᠨ ᠤᠭ ᠰᠠᠨᠠᠭ᠎ᠠ᠎ᠪᠠᠨ ᠪᠠᠳᠤ ᠰᠠᠬᠢᠵᠤ᠂ ᠡᠬᠦᠷᠭᠡ ᠬᠠᠷᠢᠭᠤᠴᠠᠯᠭ᠎ᠠ᠎ᠪᠠᠨ ᠬᠦᠢᠴᠡᠳᠭᠡᠭᠦ᠌ ᠦᠵᠡᠯ ᠰᠠᠨᠠᠭ᠎ᠠ ᠪᠠ ᠦᠢᠯᠡ ᠠᠵᠢᠯᠯᠠᠭᠠᠨ᠎ᠤ ᠤᠬᠠᠮᠰᠠᠷ᠎ᠢ ᠤᠯᠠᠮ ᠪᠠᠳᠤᠳᠭᠠᠪᠠ᠃
ᠡᠬᠦᠳᠡ᠎ᠪᠠᠨ ᠨᠡᠭᠡᠭᠡᠵᠦ᠍ ᠰᠠᠨᠠᠯ ᠬᠤᠷᠢᠶᠠᠵᠦ᠍ ᠪᠠᠷᠢᠮᠵᠢᠶᠠᠵᠢᠭᠤᠯᠤᠨ ᠬᠠᠷᠭᠤᠭᠤᠯᠵᠦ᠍ ᠵᠦᠷᠢᠶ᠎ᠡ᠎ᠪᠠᠨ ᠡᠷᠢᠪᠡ
ᠤᠯᠠᠨ ᠲᠦᠮᠡᠨ᠎ᠤ ᠠᠱᠢᠭ ᠲᠤᠰᠠ᠎ᠳᠤ ᠪᠠᠭ᠎ᠠ ᠶᠠᠪᠤᠳᠠᠯ ᠠᠯᠠᠭ᠎ᠠ᠃ ᠭᠤᠤᠯ ᠰᠡᠳᠦᠪᠲᠦ ᠬᠦᠮᠦᠵᠢᠯ᠎ᠢ ᠦᠷᠨᠢᠭᠦᠯᠬᠦ᠌ ᠳᠤᠮᠲᠠ᠂ ᠮᠠᠨ᠎ᠤ ᠤᠷᠤᠨ ᠤᠯᠠᠨ ᠲᠦᠮᠡᠨ᠎ᠤ ᠬᠤᠪᠢ ᠪᠡᠶ᠎ᠡ᠎ᠶ᠋ᠢᠨ ᠠᠱᠢᠭ ᠲᠤᠰᠠᠲᠠᠢ ᠬᠤᠯᠪᠤᠬ᠍ᠲᠠᠬ᠍ᠰᠠᠨ ᠠᠰᠠᠭᠤᠳᠠᠯ᠎ᠳᠤ ᠲᠦᠪᠯᠡᠷᠡᠭᠦᠯᠵᠦ᠍᠂ ᠠᠷᠭ᠎ᠠ ᠠᠪᠴᠠᠯ᠎ᠤᠨ ᠱᠢᠨ᠎ᠡ᠎ᠶ᠋ᠢ ᠡᠭᠦᠳᠴᠦ᠍᠂ ᠡᠭᠦᠲᠡ᠎ᠪᠠᠨ ᠨᠡᠭᠡᠭᠡᠵᠦ᠍ ᠤᠯᠠᠨ ᠲᠦᠮᠡᠨ᠎ᠤ ᠰᠠᠨᠠᠯ ᠰᠠᠨᠠᠭᠤᠯᠭ᠎ᠠ᠎ᠶ᠋ᠢ ᠰᠤᠨᠤᠰᠴᠠᠢ᠃
ᠮᠠᠨ᠎ᠤ ᠤᠷᠤᠨ ᠡᠬᠦᠳᠡ᠎ᠪᠠᠨ ᠨᠡᠭᠡᠭᠡᠵᠦ᠍ ᠬᠦᠮᠦᠵᠢᠯ ᠦᠷᠨᠢᠬᠦᠯᠬᠦ᠌᠎ᠶ᠋ᠢ ᠪᠠᠷᠢᠮᠳᠠᠯᠠᠵᠦ᠍᠂ ᠲᠤᠰᠭᠠᠢ ᠤᠲᠠᠰᠦ᠎ᠶ᠋ᠢ ᠨᠡᠢᠲᠡᠯᠡᠬᠦ᠂ ᠤᠯᠠᠨ ᠲᠦᠮᠡᠨ᠎ᠤ ᠢᠷᠡᠬᠦᠯᠦᠭ᠌ᠰᠡᠨ ᠵᠠᠬᠢᠳᠠᠯ᠎ᠢ ᠬᠦᠯᠢᠶᠡᠨ ᠠᠪᠬᠤ᠂ ᠵᠢᠷᠬᠢᠶ᠎ᠡ᠎ᠶ᠋ᠢᠨ ᠤᠯᠠᠨ ᠨᠡᠢᠲᠡ᠎ᠶ᠋ᠢᠨ ᠲᠡᠪᠴᠡᠩ᠎ᠢ ᠨᠡᠪᠲᠡᠷᠡᠭᠦᠯᠬᠦ᠌ ᠵᠡᠷᠭᠡ ᠤᠯᠠᠨ ᠵᠦᠢᠯ᠎ᠤᠨ ᠠᠷᠭ᠎ᠠ ᠵᠠᠮ᠎ᠢᠶᠠᠷ 《ᠡᠬᠦᠳᠡ᠎ᠪᠠᠨ ᠨᠡᠭᠡᠭᠡᠵᠦ᠍ ᠰᠠᠨᠠᠯ ᠬᠤᠷᠢᠶᠠᠵᠦ᠍》᠂ ᠤᠯᠠᠨ ᠲᠦᠮᠡᠨ᠎ᠤ ᠰᠠᠨᠠᠯ ᠰᠠᠨᠠᠭᠤᠯᠭ᠎ᠠ᠎ᠶ᠋ᠢ ᠦᠷᠭᠡᠨ᠎ᠢᠶᠠᠷ ᠰᠤᠨᠤᠰᠴᠤ᠌᠂ ᠤᠯᠠᠨ ᠲᠦᠮᠡᠨ᠎ᠤ ᠱᠠᠭᠠᠷᠲᠠᠯᠭ᠎ᠠ᠎ᠶ᠋ᠢᠨ ᠲᠤᠭᠤᠷᠢᠨ᠎ᠳᠤ ᠠᠷᠠᠳ᠎ᠤᠨ ᠪᠠᠢᠲᠠᠯ᠎ᠢ ᠤᠢ᠍ᠢᠯᠠᠭᠠᠵᠤ᠂ ᠠᠷᠠᠳ᠎ᠤᠨ ᠬᠦᠴᠢᠷᠳᠠᠯ᠎ᠢ ᠱᠢᠢᠳᠪᠤᠷᠢᠯᠡᠨ᠂ ᠠᠷᠠᠳ᠎ᠤᠨ ᠠᠮᠢᠳᠤᠷᠠᠯ᠎ᠢ ᠰᠠᠢᠵᠢᠷᠠᠭᠤᠯᠪᠠ᠃
《ᠡᠬᠦᠳᠡ᠎ᠪᠠᠨ ᠨᠡᠭᠡᠭᠡᠵᠦ᠍ ᠰᠠᠨᠠᠯ ᠬᠤᠷᠢᠶᠠᠬᠤ》 ᠶ᠋ᠢᠨ ᠦᠷᠭᠡᠴᠡ ᠪᠤᠯᠤᠨ ᠬᠦᠨᠴᠡ᠎ᠶ᠋ᠢ ᠦᠷᠭᠡᠵᠢᠬᠦᠯᠵᠦ᠍᠂ ᠤᠯᠠᠨ ᠠᠷᠭ᠎ᠠ ᠵᠠᠮ᠎ᠢᠶᠠᠷ ᠰᠠᠨᠠᠯ ᠰᠠᠨᠠᠭᠤᠯᠭ᠎ᠠ᠎ᠶ᠋ᠢ ᠰᠤᠨᠤᠰᠴᠤ᠌᠂ ᠪᠦᠬᠦ᠌ ᠤᠷᠤᠨ᠎ᠠᠴᠠ ᠨᠡᠢᠲᠡ ᠨᠠᠮ᠎ᠤᠨ ᠬᠡᠱᠢᠭᠦᠨ ᠺᠠᠳ᠋ᠷ᠎ᠤᠨ ᠬᠠᠷᠢᠭᠤᠴᠠᠯᠭ᠎ᠠ ᠡᠭᠦᠷᠭᠡᠯᠡᠬᠦ᠂ ᠠᠷᠠᠳ᠎ᠤᠨ ᠠᠮᠢᠳᠤᠷᠠᠯ᠎ᠢ ᠰᠠᠢᠵᠢᠷᠠᠭᠤᠯᠬᠤ ᠵᠡᠷᠭᠡ ᠲᠠᠯ᠎ᠠ᠎ᠶ᠋ᠢᠨ ᠰᠠᠨᠠᠯ ᠰᠠᠨᠠᠭᠤᠯᠭ᠎ᠠ ᠪᠤᠯᠤᠨ ᠠᠰᠠᠭᠤᠲᠠᠯ᠎ᠢ ᠨᠡᠢᠲᠡ 2.99 ᠲᠦᠮᠡᠨ ᠬᠤᠪᠢ ᠤᠳᠠᠭ᠎ᠠ ᠬᠤᠷᠢᠶᠠᠨ ᠤᠯᠵᠠᠢ᠃
ᠨᠠᠮ᠎ᠤᠨ ᠬᠡᠱᠢᠬᠦᠨ ᠤᠳᠤᠷᠢᠳᠭᠤ ᠺᠠᠳ᠋ᠷᠴᠤᠳ᠎ᠠᠴᠠ ᠲᠦᠷᠦᠬᠦᠯᠡᠨ ᠦᠨᠳᠦᠰᠦᠨ ᠱᠠᠲᠦᠨ᠎ᠳᠤ ᠬᠦᠨᠵᠡᠬᠡᠢᠷᠡᠵᠦ᠍᠂ ᠠᠷᠠᠳ᠎ᠤᠨ ᠰᠠᠨᠠᠯ᠎ᠢ ᠰᠤᠨᠤᠰᠴᠤ᠌᠂ ᠠᠷᠠᠳ᠎ᠤᠨ ᠪᠠᠢᠲᠠᠯ᠎ᠢ ᠪᠠᠢᠴᠠᠭᠠᠨ᠂ ᠠᠷᠠᠳ᠎ᠤᠨ ᠱᠠᠭᠠᠷᠳᠠᠯᠭ᠎ᠠ᠎ᠶ᠋ᠢ ᠤᠢ᠍ᠢᠯᠠᠭᠠᠵᠠᠢ᠃ ᠨᠢᠭᠡᠳᠦᠭᠡᠷ ᠪᠦᠯᠦᠭ᠎ᠤᠨ ᠨᠢᠭᠡᠴᠢ᠎ᠶ᠋ᠢᠨ ᠲᠤᠬ᠍ᠲᠠᠭᠠᠬ᠍ᠰᠠᠨ ᠪᠠᠢᠴᠠᠭᠠᠨ ᠰᠤᠳᠤᠯᠤᠯᠲᠠ᠎ᠶ᠋ᠢᠨ ᠰᠡᠳᠦᠪ ᠨᠡᠢᠲᠡ 2883 ᠪᠠᠢᠵᠦ᠍᠂ ᠨᠠᠮ᠎ᠤᠨ ᠬᠡᠱᠢᠬᠦᠨ ᠤᠳᠤᠷᠢᠳᠭᠤ ᠺᠠᠳ᠋ᠷ 4296 ᠤᠳᠠᠭ᠎ᠠ ᠦᠨᠳᠦᠰᠦᠨ ᠱᠠᠲᠦᠨ᠎ᠳᠤ ᠬᠦᠨᠵᠡᠬᠡᠢᠷᠡᠵᠦ᠍᠂ ᠦᠨᠳᠦᠰᠦᠨ ᠱᠠᠲᠦᠨ᠎ᠤ ᠺᠠᠳ᠋ᠷ ᠤᠯᠠᠨ ᠲᠦᠮᠡᠨ᠎ᠢ 4.1 ᠲᠦᠮᠡᠨ ᠬᠦᠮᠦᠨ ᠤᠳᠠᠭ᠎ᠠ ᠰᠤᠷᠪᠤᠯᠵᠢᠯᠠᠭ᠎ᠠ ᠬᠢᠪᠠ; ᠬᠤᠶᠠᠳᠤᠭᠠᠷ ᠪᠦᠯᠦᠭ᠎ᠤᠨ ᠨᠢᠭᠡᠴᠢ ᠨᠡᠢᠲᠡ 2.3 ᠲᠦᠮᠡᠨ ᠤᠳᠠᠭ᠎ᠠ᠎ᠶ᠋ᠢᠨ ᠪᠠᠢᠴᠠᠭᠠᠨ ᠰᠤᠳᠤᠯᠤᠯᠲᠠ᠎ᠶ᠋ᠢ ᠦᠷᠨᠢᠬᠦᠯᠵᠦ᠍᠂ ᠪᠠᠢᠴᠠᠭᠠᠨ ᠰᠤᠳᠤᠯᠤᠯᠲᠠ᠎ᠶ᠋ᠢᠨ ᠦᠷ᠎ᠡ ᠪᠦᠲᠦᠭᠡᠯ᠎ᠢ ᠰᠤᠯᠢᠯᠴᠠᠬᠤ ᠬᠤᠷᠠᠯ᠎ᠢ 2188 ᠤᠳᠠᠭ᠎ᠠ ᠬᠢᠵᠠᠢ᠃
ᠨᠠᠮ᠎ᠤᠨ ᠲᠦᠷᠢᠮ ᠲᠤᠬ᠍ᠲᠠᠭᠠᠯᠲᠠᠢ ᠬᠠᠷᠠᠭᠠᠯᠵᠠᠭᠤᠯᠵᠦ᠍ ᠵᠦᠷᠢᠶ᠎ᠡ᠎ᠪᠠᠨ ᠡᠷᠢᠨ ᠭᠠᠷᠭᠠᠪᠠ᠃ ᠬᠤᠶᠠᠷ ᠪᠦᠯᠦᠭ ᠨᠢᠭᠡᠴᠢ᠎ᠶ᠋ᠢᠨ ᠤᠳᠤᠷᠢᠳᠭᠤ ᠪᠠᠭ ᠨᠡᠢᠲᠡ 7653 ᠠᠰᠠᠭᠤᠳᠠᠯ᠎ᠢ ᠪᠠᠢᠴᠠᠭᠠᠨ ᠱᠢᠨᠵᠢᠵᠦ᠍᠂ ᠠᠰᠠᠭᠤᠳᠠᠯ᠎ᠳᠤ ᠱᠢᠭᠤᠳ ᠬᠠᠨᠳᠤᠬᠤ ᠰᠦᠰᠦ ᠵᠤᠷᠢᠭ᠎ᠢᠶᠠᠨ ᠢᠯᠡᠷᠡᠬᠦᠯᠵᠡᠢ᠃
ᠴᠡᠭ᠌ᠴᠡᠯᠡᠨ ᠰᠠᠢᠵᠢᠷᠠᠭᠤᠯᠬᠤ᠎ᠶ᠋ᠢ ᠦᠨᠡᠨ ᠬᠦ᠌ ᠠᠳᠭᠤᠵᠦ᠍ ᠠᠷᠠᠳ ᠤᠯᠠᠨ᠎ᠤ ᠬᠦᠴᠢᠷᠳᠠᠯ᠎ᠢ ᠱᠢᠢᠳᠪᠤᠷᠢᠯᠠᠪᠠ
ᠮᠠᠨ᠎ᠤ ᠤᠷᠤᠨ ᠲᠦᠪ᠎ᠤᠨ ᠲᠤᠭᠤᠷᠢᠨ ᠪᠠᠢᠴᠠᠭᠠᠵᠦ᠍ ᠱᠠᠯᠠᠪᠲᠠᠭᠤᠯᠤᠨ ᠵᠢᠯᠤᠭᠤᠳᠴᠤ᠌ ᠬᠠᠷᠢᠭᠤ ᠲᠤᠰᠭᠠᠬ᠍ᠰᠠᠨ ᠠᠰᠠᠭᠤᠲᠠᠯ᠎ᠢ ᠴᠡᠭ᠌ᠴᠡᠯᠡᠨ ᠰᠠᠢᠵᠢᠷᠠᠭᠤᠯᠵᠦ᠍ ᠨᠠᠢᠲᠠᠪᠤᠷᠢᠵᠢᠭᠤᠯᠬᠤ᠎ᠶ᠋ᠢ ᠬᠦᠴᠦᠲᠠᠢ ᠠᠳᠭᠤᠪᠠ᠃ ᠶᠠᠲᠠᠭᠤ᠎ᠠᠴᠠ ᠠᠩᠬᠢᠵᠢᠷᠠᠭᠤᠯᠬᠤ ᠪᠤᠭᠤᠮᠲᠠ ᠱᠢᠪᠲᠤᠯᠬᠤ ᠲᠠᠯ᠎ᠠ᠎ᠪᠠᠷ᠂ ᠦᠨᠲᠤᠰᠤᠨ ᠨᠠᠰᠤᠵᠢᠯ᠎ᠤᠨ ᠲᠠᠭᠠᠳᠭᠠᠯ᠂ ᠤᠨᠲᠤᠤ ᠭᠠᠵᠠᠷ ᠨᠠᠬᠦᠯᠬᠡᠨ ᠱᠢᠯᠵᠢᠬᠦᠯᠬᠦ᠌ ᠵᠡᠷᠬᠡ ᠡᠬᠦᠷᠬᠡ᠎ᠶ᠋ᠢ ᠪᠦᠬᠦ᠌ ᠲᠠᠯ᠎ᠠ᠎ᠪᠠᠷ ᠪᠠᠶᠠᠯᠡᠬᠦᠯᠵᠤ᠂ ᠪᠦᠬᠦ᠌ ᠤᠷᠤᠨ᠎ᠤ 57 ᠶᠠᠲᠠᠭᠤ ᠬᠦᠴᠢᠷᠲᠡᠯᠲᠡᠢ ᠬᠤᠱᠢᠭᠤ ᠱᠢᠶᠠᠨ ᠪᠦᠬᠦᠨ᠎ᠢᠶᠠᠷ᠎ᠨᠢ ᠶᠠᠲᠠᠭᠤ᠎ᠠᠴᠠ ᠠᠩᠬᠢᠵᠢᠷᠠᠪᠠ; ᠠᠮᠢ ᠠᠬᠤᠢ ᠤᠷᠴᠢᠨ ᠲᠤᠭᠤᠷᠢᠨ᠎ᠤ ᠬᠠᠮᠠᠭᠠᠯᠠᠯᠲᠠ᠎ᠶ᠋ᠢᠨ ᠲᠠᠯ᠎ᠠ᠎ᠪᠠᠷ᠂ ᠭᠤᠤᠯᠲᠠᠯᠭ᠎ᠠ᠎ᠲᠠᠢ ᠠᠮᠢ ᠠᠬᠤᠢ᠎ᠶ᠋ᠢᠨ ᠬᠠᠮᠠᠭᠠᠯᠠᠯᠲᠠ ᠪᠠ ᠵᠠᠰᠠᠯᠲᠠ᠎ᠶ᠋ᠢᠨ ᠢᠨᠵᠧᠨᠧᠷᠢᠩ᠎ᠤᠨ ᠪᠦᠲᠤᠬᠡᠨ ᠪᠠᠢᠭᠤᠯᠤᠯᠲᠠ᠎ᠶ᠋ᠢ ᠲᠤᠪᠤᠢᠮ᠎ᠠ ᠠᠳᠭᠤᠵᠤ᠂ ᠪᠦᠬᠦ᠌ ᠲᠠᠯ᠎ᠠ᠎ᠪᠠᠷ ᠨᠤᠳᠤᠭ ᠪᠡᠯᠴᠢᠭᠡᠷ᠎ᠤᠨ ᠠᠮᠢ ᠠᠬᠤᠢ᠎ᠶ᠋ᠢᠨ ᠬᠠᠮᠠᠭᠠᠯᠠᠯᠲᠠ᠎ᠶ᠋ᠢᠨ ᠲᠦᠷᠪᠠᠨ ᠵᠦᠢᠯ᠎ᠤᠨ ᠦᠨᠲᠤᠰᠤᠨ ᠲᠦᠷᠢᠮ᠎ᠢ ᠬᠡᠷᠡᠭ᠌ᠵᠢᠬᠦᠯᠪᠠ; ᠬᠠᠷ᠎ᠠ ᠪᠦᠯᠦᠭ᠌ᠲᠡᠨ ᠬᠠᠷᠬᠢᠰ ᠬᠦᠴᠤᠨ᠎ᠢ ᠠᠷᠢᠯᠭᠠᠬᠤ ᠲᠠᠯ᠎ᠠ᠎ᠪᠠᠷ᠂ ᠤᠲᠤᠬᠠᠨ ᠪᠤᠯᠲᠠᠯ᠎ᠠ᠂ ᠪᠦᠬᠦ᠌ ᠤᠷᠤᠨ᠎ᠢᠶᠠᠷ᠎ᠢᠶᠠᠨ ᠬᠠᠷ᠎ᠠ ᠪᠦᠯᠦᠭ᠌ᠲᠡᠨ᠎ᠳᠤ ᠬᠤᠯᠪᠤᠬ᠍ᠲᠠᠬ᠍ᠰᠠᠨ 65 ᠵᠤᠬᠢᠶᠠᠨ ᠪᠠᠢᠭᠤᠯᠤᠯᠲᠠ᠂ ᠬᠠᠷᠬᠢᠰ ᠬᠦᠴᠦᠨ᠎ᠳᠤ ᠬᠤᠯᠪᠤᠬ᠍ᠲᠠᠬ᠍ᠰᠠᠨ ᠪᠦᠯᠦᠭ᠌ᠯᠡᠯ ᠵᠢᠴᠢ ᠡᠪᠰᠡᠯ ᠪᠦᠯᠦᠭ᠎ᠢ 1022 ᠰᠦᠢᠷᠡᠬᠦᠯᠤᠨ᠂ ᠬᠠᠷ᠎ᠠ ᠪᠦᠯᠦᠭ᠌ᠲᠡᠨ ᠬᠠᠷᠬᠢᠰ ᠬᠦᠴᠦᠨ᠎ᠳᠤ ᠬᠤᠯᠪᠤᠭ᠍ᠲᠠᠭ᠍ᠰᠠᠨ ᠢᠯᠵᠠᠷᠠᠯ ᠪᠠ 《ᠬᠠᠮᠠᠭᠠᠯᠠᠯᠲᠠ᠎ᠶ᠋ᠢᠨ ᠱᠢᠬᠦᠷ》 ᠤᠨ 1316 ᠠᠰᠠᠭᠤᠲᠠᠯ᠎ᠢ ᠬᠡᠷᠡᠭ ᠪᠤᠯᠭᠠᠨ ᠲᠠᠩᠰᠠᠯᠠᠵᠦ᠍ ᠪᠠᠢᠴᠠᠭᠠᠨ ᠱᠢᠢᠳᠪᠤᠷᠢᠯᠠᠵᠠᠢ ᠁᠃
ᠰᠤᠷᠲᠠᠯ᠎ᠤᠨ ᠪᠠᠢᠭᠤᠯᠤᠯᠲᠠ᠎ᠶ᠋ᠢᠨ ᠲᠠᠯ᠎ᠠ᠎ᠪᠠᠷ᠎ᠬᠢ ᠲᠤᠪᠤᠢᠮ᠎ᠠ ᠠᠰᠠᠭᠤᠲᠠᠯ᠎ᠢ ᠴᠢᠩᠭ᠎ᠠ ᠠᠩᠬᠠᠷᠴᠤ᠌ ᠴᠡᠭ᠌ᠴᠡᠯᠡᠨ ᠰᠠᠢᠵᠢᠷᠠᠭᠤᠯᠵᠦ᠍ ᠴᠡᠭ᠌ᠴᠡᠯᠡᠨ ᠵᠠᠰᠠᠯᠲᠠ᠎ᠶ᠋ᠢ ᠠᠳᠭᠤᠪᠠ᠃ 2019 ᠤᠨ᠎ᠤ 1 ᠰᠠᠷ᠎ᠠ᠎ᠠᠴᠠ 11 ᠰᠠᠷ᠎ᠠ ᠪᠤᠯᠲᠠᠯ᠎ᠠ᠂ ᠪᠦᠬᠦ᠌ ᠤᠷᠤᠨ᠎ᠢᠶᠠᠷ᠎ᠢᠶᠠᠨ ᠨᠠᠢᠲᠠ ᠲᠦᠪ᠎ᠤᠨ ᠨᠠᠢ᠍ᠮᠠᠨ ᠲᠤᠭ᠍ᠲᠠᠭᠠᠯ᠎ᠤᠨ ᠵᠤᠷᠢᠭ ᠰᠠᠨᠠᠭ᠎ᠠ᠎ᠠᠴᠠ ᠵᠦᠷᠢᠴᠡᠭ᠌ᠰᠠᠨ 576 ᠠᠰᠠᠭᠤᠲᠠᠯ᠎ᠢ ᠪᠠᠢᠴᠠᠭᠠᠨ ᠱᠢᠢᠳᠪᠤᠷᠢᠯᠠᠵᠤ᠂ 723 ᠬᠦᠮᠤᠨ᠎ᠢ ᠱᠢᠢᠳᠪᠤᠷᠢᠯᠠᠵᠤ᠂ 607 ᠬᠦᠮᠤᠨ᠎ᠳᠤ ᠨᠠᠮ ᠵᠠᠰᠠᠭ᠎ᠤᠨ ᠰᠠᠬᠢᠯᠭ᠎ᠠ ᠪᠠᠲᠦ᠎ᠶ᠋ᠢᠨ ᠱᠢᠢᠳᠭᠡᠯ ᠦᠭ᠌ᠴᠡᠢ᠃ ᠦᠪᠠᠷᠲᠠᠬᠡᠨ ᠵᠠᠰᠠᠬᠤ ᠤᠷᠤᠨ᠎ᠤ ᠲᠤᠰ ᠱᠠᠲᠤᠨ᠎ᠤ 4 ᠲᠦᠷᠤᠯ᠎ᠤᠨ ᠪᠢᠴᠢᠭ ᠮᠠᠲ᠋ᠧᠷᠢᠶᠠᠯ᠂ ᠪᠦᠬᠦ᠌ ᠤᠷᠤᠨ᠎ᠤ ᠴᠢᠨᠠᠷᠲᠠᠢ ᠬᠤᠷᠠᠯ ᠴᠤᠭ᠍ᠯᠠᠭᠠᠨ᠎ᠤ ᠶᠠᠷᠦᠩᠬᠡᠢ ᠬᠡᠮᠵᠢᠶ᠎ᠠ᠎ᠶ᠋ᠢ ᠲᠤᠰ ᠪᠦᠷᠢ 44%᠂ 36.8% ᠪᠠᠷ ᠴᠤᠮᠬᠠᠳᠭᠠᠪᠠ᠃
ᠮᠠᠨ᠎ᠤ ᠤᠷᠤᠨ᠎ᠤ ᠡᠯ᠎ᠡ ᠱᠠᠲᠤᠨ᠎ᠤ ᠨᠠᠮ᠎ᠤᠨ ᠵᠤᠬᠢᠶᠠᠨ ᠪᠠᠢᠭᠤᠯᠤᠯᠲᠠ ᠲᠤᠰᠭᠠᠢ ᠰᠡᠲᠦᠪᠲᠦ ᠠᠷᠠᠳᠴᠢᠯᠠᠯ᠎ᠤᠨ ᠠᠮᠢᠳᠤᠷᠠᠯ᠎ᠤᠨ ᠬᠤᠷᠠᠯ᠎ᠤᠨ ᠠᠰᠠᠭᠤᠲᠠᠯ᠎ᠢ ᠪᠠᠢᠴᠠᠭᠠᠨ ᠲᠡᠯᠭᠡᠬᠦ᠌ᠶ᠋ᠢ ᠴᠡᠭ᠌ᠴᠡᠯᠡᠨ ᠰᠠᠢᠵᠢᠷᠠᠭᠤᠯᠬᠤ ᠲᠠᠩᠰᠠ᠎ᠳᠤ ᠤᠷᠤᠭᠤᠯᠵᠦ᠍᠂ ᠲᠡᠭᠦᠯᠲᠡᠷᠵᠢᠭᠦᠯᠬᠦ᠌ ᠠᠷᠭ᠎ᠠ ᠠᠪᠴᠠᠯ᠎ᠢ ᠨᠠᠷᠢᠯᠢᠬ᠍ᠵᠢᠭᠤᠯᠤᠨ᠂ ᠴᠡᠭ᠌ᠴᠡᠯᠡᠨ ᠰᠠᠢᠵᠢᠷᠠᠭᠤᠯᠬᠤ ᠬᠠᠷᠢᠭᠤᠴᠠᠯᠭ᠎ᠠ᠎ᠶ᠋ᠢ ᠨᠠᠢᠲᠠᠪᠤᠷᠢᠵᠢᠭᠤᠯᠪᠠ᠃
ᠠᠰᠠᠭᠤᠳᠠᠯ᠎ᠢ ᠱᠢᠢᠳᠪᠤᠷᠢᠯᠡᠭ᠌ᠰᠡᠨ ᠡᠰᠡᠬᠦ᠂ ᠤᠯᠠᠨ ᠲᠦᠮᠡᠨ ᠬᠠᠨᠤᠮᠵᠢᠳᠠᠢ ᠡᠰᠡᠬᠦ᠌᠎ᠨᠢ ᠭᠤᠤᠯ ᠰᠡᠳᠤᠪᠳᠤ ᠬᠦᠮᠦᠵᠢᠯ᠎ᠢ ᠦᠷᠨᠢᠬᠦᠯᠦᠭ᠌ᠰᠡᠨ ᠦᠷ᠎ᠠ ᠪᠦᠳᠤᠮᠵᠢ᠎ᠶ᠋ᠢᠨ ᠴᠢᠬᠤᠯᠠ ᠦᠨᠡᠯᠡᠯᠳᠠ ᠪᠠᠷᠢᠮᠵᠢᠶ᠎ᠠ ᠪᠤᠯᠤᠨ᠎ᠠ᠃ ᠦᠪᠡᠷᠲᠡᠭᠡᠨ ᠵᠠᠰᠠᠬᠤ ᠤᠷᠤᠨ᠎ᠤ ᠡᠯ᠎ᠡ ᠨᠢᠭᠡᠴᠢ ᠡᠯ᠎ᠡ ᠪᠠᠢᠭᠤᠯᠭ᠎ᠠ ᠤᠯᠠᠨ ᠲᠦᠮᠡᠨ᠎ᠤ ᠲᠤᠰᠭᠠᠯ ᠶᠡᠭᠡᠳᠠᠢ ᠠᠰᠠᠭᠤᠲᠠᠯ᠎ᠢ ᠠᠩᠬᠠᠷᠴᠤ᠌᠂ ᠨᠢᠭᠡᠳ ᠨᠢᠭᠡ᠎ᠪᠠᠷ ᠰᠤᠳᠤᠯᠤᠨ ᠴᠡᠭ᠌ᠴᠡᠯᠡᠵᠤ ᠰᠠᠢᠵᠢᠷᠠᠭᠤᠯᠤᠬ᠍ᠰᠠᠨ ᠪᠠᠢᠨ᠎ᠠ᠃
ᠶᠠᠲᠠᠭᠤ᠎ᠠᠴᠠ ᠠᠩᠬᠢᠵᠢᠷᠠᠭᠤᠯᠬᠤ ᠪᠤᠭᠤᠮᠲᠠ ᠱᠢᠪᠲᠤᠯᠬᠤ᠂ ᠰᠤᠷᠭᠠᠨ ᠬᠦᠮᠤᠵᠢᠯ ᠡᠮ ᠡᠮᠨᠡᠯᠬᠡ᠂ ᠢᠲᠠᠬᠡᠨᠤ ᠵᠦᠢᠯ᠎ᠤᠨ ᠠᠮᠤᠷ ᠲᠦᠪᠱᠢᠨ᠂ ᠨᠠᠢᠬᠡᠮ᠎ᠤᠨ ᠪᠠᠲᠤᠯᠠᠭ᠎ᠠ᠂ ᠠᠮᠢ ᠠᠬᠤᠢ ᠤᠷᠴᠢᠨ ᠲᠤᠭᠤᠷᠢᠨ ᠵᠡᠷᠬᠡ ᠠᠷᠠᠳ᠎ᠤᠨ ᠠᠮᠢᠲᠤᠷᠠᠯ᠎ᠤᠨ ᠬᠦᠷᠢᠶᠠᠨ᠎ᠳᠤ᠂ ᠤᠯᠠᠨ ᠲᠦᠮᠠᠨ᠎ᠤ ᠲᠤᠰᠭᠠᠯ ᠶᠡᠭᠡᠳᠠᠢ ᠠᠰᠠᠭᠤᠲᠠᠯ᠎ᠢ ᠲᠦᠷᠦᠯ ᠬᠤᠪᠢᠶᠠᠠ ᠬᠦᠢᠴᠡᠳᠭᠡᠬᠦ᠂ ᠬᠤᠭᠤᠴᠠᠭ᠎ᠠ ᠬᠢᠵᠠᠭᠠᠷᠯᠠᠨ ᠬᠦᠢᠴᠡᠳᠭᠡᠬᠦ᠂ ᠨᠤᠮᠧᠷ᠎ᠢ᠎ᠨᠢ ᠠᠷᠢᠯᠭᠠᠬᠤ ᠬᠠᠮᠢᠶᠠᠷᠤᠯᠲᠠ᠎ᠶ᠋ᠢ ᠬᠡᠷᠡᠭ᠌ᠵᠢᠬᠦᠯᠪᠠ᠃ ᠱᠢᠯᠢᠵᠤ ᠪᠠᠢᠴᠠᠭᠠᠵᠤ ᠡᠮᠨᠡᠨ ᠵᠠᠰᠠᠬᠤ᠂ ᠦᠨᠲᠤᠰᠤᠨ ᠱᠠᠲᠤᠨ᠎ᠳᠤ ᠵᠢᠯᠤᠭᠤᠲᠤᠨ ᠪᠤᠯᠪᠠᠰᠤᠷᠠᠯ ᠬᠢᠬᠦ᠌ ᠵᠡᠷᠬᠡ ᠠᠵᠢᠯᠯᠠᠭ᠎ᠠ ᠦᠷᠨᠢᠬᠦᠯᠵᠤ᠂ ᠬᠢᠯᠢ ᠬᠢᠵᠠᠭᠠᠷ ᠪᠤᠢᠲᠠ ᠪᠦᠭ᠌ᠯᠡᠬᠦᠤ ᠦᠨᠲᠤᠰᠤᠨ ᠱᠠᠲᠤᠨ᠎ᠤ ᠤᠯᠠᠨ ᠲᠦᠮᠠᠨ᠎ᠤ ᠡᠪᠠᠳᠴᠢᠨ ᠦᠵᠡᠬᠦᠯᠬᠦ᠌᠎ᠳᠤ ᠬᠦᠴᠢᠷ᠂ ᠡᠪᠠᠳᠴᠢᠨ ᠦᠵᠡᠬᠦᠯᠬᠦ᠌᠎ᠳᠤ ᠦᠨ᠎ᠡ᠎ᠲᠠᠢ ᠪᠠᠢᠬᠤ ᠠᠰᠠᠭᠤᠲᠠᠯ᠎ᠤᠨ ᠱᠢᠢᠳᠪᠤᠷᠢᠯᠠᠬᠦ᠌᠎ᠶ᠋ᠢ ᠠᠬᠢᠭᠤᠯᠪᠠ; ᠠᠵᠤ ᠠᠬᠤᠢ᠍ᠢᠯᠠᠯ᠎ᠢ ᠲᠠᠩᠰᠠᠨ᠎ᠳᠤ ᠲᠠᠮᠳᠡᠭ᠌ᠯᠡᠬᠦ᠌ ᠵᠡᠷᠬᠡ 16 ᠵᠦᠢᠯ᠎ᠤᠨ ᠵᠠᠰᠠᠭ ᠵᠠᠬᠢᠷᠭᠠᠨ᠎ᠤ ᠬᠢᠨᠠᠨ ᠵᠦᠪᠱᠢᠶᠠᠷᠠᠯ᠂ 《ᠨᠢᠬᠡ ᠴᠤᠩᠬᠤᠪᠴᠢ᠎ᠪᠠᠷ ᠬᠦᠯᠢᠶᠠᠨ ᠠᠪᠴᠤ᠌ ᠠᠵᠢᠯ ᠬᠦᠢᠴᠡᠳᠭᠡᠬᠦ᠂ ᠲᠦᠪᠯᠡᠷᠠᠬᠦᠯᠤᠨ ᠬᠢᠨᠠᠨ ᠵᠦᠪᠱᠢᠶᠠᠷᠠᠬᠦ᠌》 ᠨᠢᠬᠡ ᠴᠤᠭ᠍ᠴᠠ᠎ᠪᠠᠷ ᠠᠵᠢᠯ ᠬᠦᠢᠴᠡᠳᠭᠡᠬᠦ᠌᠎ᠶ᠋ᠢ ᠬᠡᠷᠡᠭ᠌ᠵᠢᠬᠦᠯᠵᠤ᠂ ᠠᠵᠤ ᠠᠬᠤᠢ᠍ᠢᠯᠠᠯ᠎ᠤᠨ ᠬᠦᠴᠢᠷ ᠠᠰᠠᠭᠤᠲᠠᠯᠤᠳᠢ ᠨᠢᠭᠡ ᠨᠢᠬᠡ᠎ᠪᠠᠷ ᠪᠦᠲᠦᠮᠵᠢ᠎ᠲᠠᠢ ᠱᠢᠢᠳᠪᠤᠷᠢᠯᠠᠵᠠᠢ᠃
ᠭᠤᠤᠯ ᠰᠡᠲᠦᠪᠲᠦ ᠬᠦᠮᠦᠵᠢᠯ ᠦᠨᠳᠦᠰᠦᠨ᠎ᠳᠡᠭᠡᠨ ᠲᠠᠭᠤᠰᠤᠬ᠍ᠰᠠᠨ ᠪᠤᠯᠪᠠᠴᠤ᠌᠂ ᠤᠬ ᠰᠠᠨᠠᠭ᠎ᠠ᠎ᠪᠠᠨ ᠦᠯᠦ᠍ ᠮᠠᠷᠲᠠᠵᠦ᠍ ᠡᠭᠦᠷᠭᠡ ᠬᠠᠷᠢᠭᠤᠴᠠᠯᠭ᠎ᠠ᠎ᠪᠠᠨ ᠪᠠᠲᠦ ᠴᠡᠭᠡᠵᠢᠯᠡᠬᠦ᠌ ᠪᠤᠯ ᠪᠦᠬᠦ᠌ ᠨᠠᠮ᠎ᠤᠨ ᠬᠡᠱᠢᠭᠦᠨ ᠺᠠᠳ᠋ᠷ᠎ᠤᠨ ᠨᠠᠰᠤᠨ ᠲᠤᠷᠱᠢᠲᠠ᠎ᠶ᠋ᠢᠨ ᠰᠡᠲᠦᠪ ᠪᠤᠯᠤᠨ᠎ᠠ᠃ ᠠᠰᠠᠭᠤᠲᠠᠯ᠎ᠳᠤ ᠠᠩᠬᠠᠷᠤᠯ᠎ᠢᠶᠠᠨ ᠲᠦᠪᠯᠡᠷᠡᠭᠦᠯᠦᠨ ᠤᠨᠢᠨ ᠲᠡᠭᠡᠷ᠎ᠡ᠎ᠨᠢ ᠬᠦᠴᠦᠯᠡᠵᠦ᠍᠂ ᠠᠷᠠᠳ ᠲᠦᠮᠡᠨ᠎ᠤ ᠠᠩᠬᠠᠷᠴᠤ᠌ ᠪᠠᠢᠭ᠎ᠠ ᠵᠦᠢᠯ᠎ᠳᠤ ᠬᠠᠷᠢᠭᠤᠯᠲᠠ ᠦᠭ᠌ᠴᠦ ᠠᠷᠠᠳ ᠲᠦᠮᠡᠨ᠎ᠳᠤ ᠦᠢᠯᠡᠴᠢᠯᠡᠨ᠂ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠠᠷᠠᠳ ᠲᠦᠮᠡᠨ᠎ᠳᠤ ᠵᠣᠯ ᠵᠢᠷᠭᠠᠯ ᠣᠯᠭᠤᠬᠤ᠂ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢᠨ ᠦᠢᠯᠡᠰ᠎ᠲᠤ ᠠᠭᠤᠰᠭᠠᠨ ᠣᠷᠣᠭᠤᠯᠵᠤ᠂ ᠨᠠᠩ ᠶᠡᠭᠡ ᠡᠷᠡᠰ ᠵᠣᠷᠢᠭ᠂ ᠨᠠᠩ ᠥᠨᠳᠥᠷ ᠪᠠᠷᠢᠮᠵᠢᠶ᠎ᠠ᠂ ᠨᠠᠩ ᠴᠢᠩᠭ᠎ᠠ ᠱᠠᠭᠠᠷᠳᠠᠯᠭ᠎ᠠ᠎ᠪᠠᠷ ᠴᠠᠭ ᠦᠶ᠎ᠡ᠎ᠶ᠋ᠢᠨ ᠱᠠᠭᠠᠷᠳᠠᠯᠭ᠎ᠠ᠎ᠶ᠋ᠢ ᠪᠡᠶᠡᠯᠡᠭᠦᠯᠵᠦ᠍᠂ ᠠᠷᠠᠳ ᠲᠦᠮᠡᠨ᠎ᠤ ᠱᠢᠯᠭᠠᠯᠲᠠ᠎ᠶ᠋ᠢ ᠳᠠᠭᠠᠭᠠᠵᠤ ᠳᠠᠢᠯᠬᠦ᠌ ᠱᠢᠨ᠎ᠡ ᠠᠮᠵᠢᠯᠲᠠ ᠪᠦᠲᠦᠮᠵᠢ᠎ᠶ᠋ᠢ ᠡᠭᠦᠳᠦᠨ᠎ᠡ ᠭᠡᠵᠦ᠍ ᠦᠷᠭᠡᠨ ᠤᠯᠠᠨ ᠨᠠᠮ᠎ᠤᠨ ᠬᠡᠱᠢᠭᠦᠨ ᠺᠠᠳ᠋ᠷ ᠪᠤᠳᠤᠯ᠎ᠢᠶᠠᠨ ᠲᠡᠯᠭᠡᠵᠤ ᠵᠤᠷᠢᠭ᠎ᠢᠶᠠᠨ ᠡᠷᠴᠢᠯᠠᠵᠤ ᠰᠠᠨᠠᠭ᠎ᠠ᠎ᠪᠠᠨ ᠢᠯᠡᠳᠭᠡᠵᠡᠭᠡᠨᠠ᠃