ᠪᠠᠷᠭᠤ ᠨᠤᠲᠤᠭ᠎ᠤᠨ ᠳᠡᠮᠡᠭᠡᠴᠢᠨ ᠠᠢᠯ
2020-01-06 15:51:25
ᠵᠣᠬᠢᠶᠠᠭ᠍ᠴᠢ᠄
ᠴᠢᠬᠢᠷᠠᠭ ᠬᠢᠯᠪᠠᠭ᠎ᠠ ᠮᠦᠩᠭᠡᠪᠠᠶᠠᠷ ᠰᠤᠷᠤᠨ᠎ᠠ ᠠᠯᠳ᠋ᠬᠠᠤᠳᠤ ᠬᠠᠨ ᠬᠤᠩ ᠱᠢᠶᠠ ᠪᠦᠷᠢᠨᠳᠤᠭ᠍ᠳᠠᠬᠤ ᠢᠳᠡᠷᠡᠬᠦᠨ
ᠣᠩᠱᠢᠭ᠍ᠰᠠᠨ ᠣᠳᠠᠭ᠎ᠠ᠄
★★★☆☆

    ᠱᠢᠨ᠎ᠡ ᠵᠢᠯ᠎ᠤᠨ ᠰᠠᠢᠨ ᠰᠠᠢᠬᠠᠨ᠎ᠤ ᠵᠥᠩᠨᠡᠯ ᠪᠡᠯᠬᠡᠳᠡᠯ᠎ᠢᠶᠠᠨ ᠲᠡᠪᠱᠢᠬᠦᠯᠵᠥ᠍᠂ 《ᠡᠬᠦᠯᠡᠨ ᠬᠦᠯᠥᠭ》 ᠨᠢᠭᠤᠷ ᠦᠷᠬᠡᠨ ᠤᠯᠠᠨ ᠤᠩᠱᠢᠭ᠍ᠴᠢᠳ᠎ᠲᠠᠭᠠᠨ ᠮᠡᠨᠳᠦᠴᠢᠯᠡᠨ ᠵᠤᠯᠭᠠᠵᠤ ᠪᠠᠢᠨ᠎ᠠ!
    《ᠬᠦᠯᠥᠭ》 ᠬᠡᠬᠦ᠌᠎ᠪᠠᠷ ᠲᠠ ᠤᠯᠠᠨ ᠮᠠᠨᠢ ᠭᠤᠷᠪᠠᠨ ᠵᠢᠯ᠎ᠤᠨ ᠡᠮᠥᠨ᠎ᠡ ᠨᠢᠷᠠᠢᠯᠠᠭ᠍ᠰᠠᠨ ᠮᠤᠩᠭᠤᠯ ᠮᠡᠳᠡᠭᠡ ᠵᠠᠩᠬᠢ᠎ᠶ᠋ᠢᠨ ᠲᠠᠪᠴᠠᠩ ᠪᠤᠯᠬᠤ 《ᠬᠦᠯᠥᠭ》 ᠱᠢᠯᠵᠢᠶ᠎ᠡ (APP) ᠎ᠶ᠋ᠢ ᠰᠠᠨᠠᠵᠤ ᠤᠯᠬᠤ ᠪᠠᠢᠬ᠎ᠠ᠃ ᠲᠡᠢᠮᠥ᠍ ᠡ᠂ ᠦᠨᠦᠳᠦᠷ ᠨᠡᠢᠬᠡᠮ ᠴᠠᠭ ᠦᠶ᠎ᠡ ᠨᠢᠰᠭᠦ ᠬᠤᠷᠳᠤ᠎ᠪᠠᠷ ᠲᠠᠪᠱᠢᠨ᠂ ᠮᠡᠳᠡᠭᠡ ᠵᠠᠩᠬᠢ ᠲᠡᠯᠪᠡᠷᠡᠯᠳᠡ᠎ᠶ᠋ᠢᠨ ᠴᠠᠭ ᠡᠷᠢᠨ᠎ᠳᠤ ᠤᠷᠤᠵᠤ᠂ ᠡᠯ᠎ᠡ ᠵᠥᠢᠯ᠎ᠤᠨ ᠵᠠᠭᠤᠴᠢᠯᠠᠭᠤᠷ ᠠᠭᠤᠰᠤᠯᠴᠠᠨ ᠬᠦᠭ᠌ᠵᠢᠭ᠌ᠰᠡᠨ ᠱᠢᠨ᠎ᠡ ᠪᠠᠢᠳᠠᠯ᠎ᠳᠤ ᠵᠤᠬᠢᠴᠠᠭᠤᠯᠤᠨ 《ᠡᠬᠦᠯᠡᠨ ᠬᠦᠯᠥᠭ》 ᠨᠢᠭᠤᠷ ᠦᠪᠦᠷ ᠮᠤᠩᠭᠤᠯ᠎ᠤᠨ ᠡᠳᠦᠷ᠎ᠤᠨ ᠰᠤᠨᠢᠨ ᠲᠡᠭᠡᠷ᠎ᠡ ᠬᠠᠭᠤᠳᠠᠰᠤ ᠰᠡᠬᠦᠬᠦ᠌ ᠪᠤᠯᠤᠯ᠎ᠠ᠃ ᠲᠤᠰ ᠨᠢᠭᠤᠷ ᠪᠦᠬᠦ᠌ ᠤᠷᠤᠨ᠎ᠤ ᠬᠠᠮᠤᠭ ᠲᠤᠮᠤ ᠮᠤᠩᠭᠤᠯ ᠰᠤᠨᠢᠨ ᠮᠡᠳᠡᠭᠡ᠎ᠶ᠋ᠢᠨ ᠲᠠᠪᠴᠠᠩ ᠪᠤᠯᠬᠤ 《ᠬᠦᠯᠥᠭ》 ᠱᠢᠯᠵᠢᠶ᠎ᠡ᠎ᠪᠠᠷ ᠠᠴᠢᠶᠠᠯᠠᠪᠤᠷᠢ ᠪᠤᠯᠭᠠᠨ᠂ ᠰᠤᠨᠢᠨ᠂ ᠰᠦᠯᠵᠢᠶ᠎ᠡ᠂ ᠱᠢᠯᠵᠢᠶ᠎ᠡ᠂ ᠵᠢᠷᠬᠢᠶ᠎ᠡ᠎ᠶ᠋ᠢᠨ ᠪᠦᠳᠦᠬᠡᠯ᠎ᠢ ᠨᠡᠢᠳᠭᠡᠨ ᠨᠠᠢᠷᠠᠭᠤᠯᠵᠤ᠂ ᠠᠭᠤᠰᠤᠯᠴᠠᠭᠤᠯᠤᠨ ᠵᠤᠯᠭᠠᠯᠴᠠᠭᠤᠯᠵᠤ᠂ ᠱᠢᠨ᠎ᠡ ᠵᠠᠭᠤᠴᠢᠯᠠᠭᠤᠷ᠎ᠤᠨ ᠰᠤᠳᠤᠨ ᠪᠦᠳᠦᠬᠡᠯ᠎ᠢ ᠲᠡᠯᠬᠡᠭ᠌ᠰᠡᠨ᠂ ᠦᠨᠳᠦᠰᠦᠨ ᠱᠠᠳᠤᠨ᠎ᠤ ᠶᠠᠷᠢᠶ᠎ᠠ ᠬᠡᠯᠡᠯᠴᠡᠭᠡᠨ᠎ᠤ ᠰᠠᠭᠤᠷᠢᠨ᠎ᠢ ᠲᠡᠯᠡᠭ᠌ᠰᠡᠨ ᠤᠷᠤᠨ ᠨᠤᠳᠤᠭ᠎ᠤᠨ ᠰᠤᠨᠢᠨ ᠮᠡᠳᠡᠭᠡᠨ᠎ᠤ ᠴᠤᠭ᠍ᠯᠠᠷᠠᠯ᠎ᠢ ᠪᠤᠢ ᠪᠤᠯᠭᠠᠨ᠎ᠠ᠃
    ᠭᠠᠷᠠᠭ ᠪᠦᠷᠢ ᠨᠢᠬᠡ ᠨᠢᠭᠤᠷ᠂ ᠭᠠᠷᠠᠭ᠎ᠤᠨ ᠨᠢᠭᠡᠨ᠎ᠳᠤ ᠨᠡᠢᠳᠡᠯᠡᠨ᠎ᠡ᠃ ᠡᠭᠦᠨ᠎ᠳᠤ ᠲᠤᠤᠷᠠᠬᠢ ᠬᠡᠳᠦᠨ ᠪᠤᠯᠤᠩ ᠲᠤᠬᠢᠷᠠᠭᠤᠯᠬᠤ᠎ᠪᠠᠷ ᠪᠤᠢ᠃
    《ᠲᠡᠷᠢᠬᠦᠨ ᠮᠡᠳᠡᠭᠡ》 — ᠡᠯ᠎ᠡ ᠠᠢᠮᠠᠭ ᠬᠤᠳᠠ᠂ ᠬᠤᠱᠢᠭᠤ ᠱᠢᠶᠠᠨ᠎ᠤ ᠴᠢᠬᠤᠯᠠ ᠲᠤᠮᠤ ᠬᠡᠷᠡᠭ ᠤᠴᠢᠷ᠂ ᠠᠪᠴᠤ᠌ ᠪᠦᠬᠦᠢ ᠠᠷᠭ᠎ᠠ ᠬᠡᠮᠵᠢᠶ᠎ᠡ᠂ ᠰᠤᠨᠢᠨ ᠮᠡᠳᠡᠭᠡᠨ᠎ᠤ ᠦᠯᠢᠬᠡᠷ ᠦᠢᠯᠡ ᠪᠠ ᠬᠠᠮ ᠵᠠᠭᠤᠴᠢᠯᠠᠭᠤᠷ᠎ᠤᠨ ᠬᠠᠮᠳᠤᠷᠠᠭ᠍ᠰᠠᠨ ᠱᠢᠷᠢᠰ ᠮᠡᠳᠡᠬᠡᠯᠡᠯ᠎ᠢ ᠨᠡᠢᠳᠡᠯᠡᠨ᠎ᠠ;
    《ᠰᠡᠤᠨᠬᠢᠭ᠍ᠳᠡᠯ》 — ᠰᠤᠷᠪᠤᠯᠵᠢᠯᠠᠭ᠎ᠠ ᠮᠡᠳᠡᠬᠡᠯᠡᠯ᠎ᠤᠨ ᠠᠷᠤ᠎ᠳᠤ ᠲᠠᠭᠠᠯᠳᠤᠭᠤᠯᠤᠭ᠍ᠰᠠᠨ ᠰᠦᠯᠵᠢᠶᠡᠨ ᠠᠨᠳᠠ ᠨᠠᠷ᠎ᠤᠨ ᠪᠢᠴᠢᠬᠡᠰᠦ᠎ᠶ᠋ᠢ ᠨᠡᠢᠳᠡᠯᠡᠨ᠎ᠠ;
    《ᠲᠡᠰᠡᠷᠡᠯ》 — ᠬᠠᠯᠠᠮᠱᠢᠯ ᠬᠡᠷᠡᠭ ᠤᠴᠢᠷ᠎ᠤᠨ ᠲᠤᠬᠠᠢ ᠮᠡᠳᠡᠬᠡᠯᠡᠨ᠎ᠠ;
    《ᠴᠤᠭ᠍ᠯᠠᠷᠠᠯ》 — ᠨᠠᠢᠵᠠ᠎ᠶ᠋ᠢᠨ ᠴᠤᠭ᠍ᠯᠠᠷᠠᠯ᠎ᠢᠶᠠᠷ ᠬᠠᠯᠠᠮᠱᠢᠯ ᠪᠤᠯᠵᠤ ᠪᠠᠢᠭ᠎ᠠ ᠬᠡᠷᠡᠭ ᠶᠠᠪᠤᠳᠠᠯ᠎ᠢ ᠰᠤᠩᠭᠤᠯᠳᠠ᠎ᠲᠠᠢ ᠨᠡᠢᠳᠡᠯᠡᠨ᠎ᠡ;
    《ᠲᠠᠷᠤᠮ》 — ᠡᠯ᠎ᠡ ᠬᠤᠱᠢᠭᠤ ᠱᠢᠶᠠᠨ᠎ᠤ ᠬᠠᠮᠤᠭ ᠱᠢᠨ᠎ᠡ ᠰᠤᠨᠢᠨ ᠮᠡᠳᠡᠭᠡ ᠪᠤᠶᠤ ᠲᠤᠪᠴᠢ ᠮᠡᠳᠡᠭᠡ᠎ᠶ᠋ᠢ ᠨᠡᠢᠳᠡᠯᠡᠨ᠎ᠡ᠃
    《ᠡᠬᠦᠯᠡᠨ ᠬᠦᠯᠥᠭ》 ᠨᠢᠭᠤᠷ ᠴᠠᠭ ᠡᠷᠢᠨ᠎ᠤ ᠱᠢᠨᠵᠢ ᠪᠠ ᠤᠷᠤᠨ ᠨᠤᠳᠤᠭ᠎ᠤᠨ ᠱᠢᠨᠵᠢ᠎ᠶ᠋ᠢ ᠲᠤᠪᠤᠢᠯᠭᠠᠨ ᠮᠡᠳᠡᠭᠡᠯᠡᠯ᠎ᠤᠨ ᠬᠡᠯᠪᠡᠷᠢ᠎ᠶ᠋ᠢᠨ ᠱᠢᠨ᠎ᠡ ᠰᠡᠪᠡᠬᠦᠨ᠎ᠢ ᠡᠷᠢᠯᠬᠢᠯᠡᠵᠤ᠂ ᠤᠩᠱᠢᠭ᠍ᠴᠢᠳ᠎ᠲᠠᠭᠠᠨ ᠵᠠᠭᠤᠴᠢᠯᠠᠭᠤᠷ᠎ᠤᠨ ᠠᠭᠤᠰᠤᠯᠴᠠᠯ᠎ᠤᠨ ᠴᠠᠭ ᠦᠶ᠎ᠡ᠎ᠶ᠋ᠢᠨ ᠰᠤᠳᠤᠨ ᠰᠠᠢᠬᠠᠨ ᠪᠦᠳᠦᠬᠡᠯ᠎ᠤᠳ᠎ᠢ ᠬᠦᠷᠬᠡᠬᠦ᠌᠎ᠪᠠᠷ ᠲᠦᠷᠦᠬᠡ ᠴᠢᠩᠭᠠᠯᠠᠵᠤ ᠪᠠᠢᠨ᠎ᠠ᠃


   

    ᠪᠠᠶᠠᠨᠴᠠᠭᠠᠨ᠎ᠤ ᠡᠩᠭᠡᠷ᠎ᠢᠶᠠᠷ ᠪᠡᠯᠴᠢᠬᠦ᠌ ᠳᠡᠮᠡᠭᠡᠨ ᠰᠦᠷᠦᠭ᠎ᠤᠨ ᠰᠦᠷ ᠭᠡᠵᠦ᠍ ᠴᠠᠰᠤᠳᠤ᠎ᠶ᠋ᠢᠨ ᠳᠠᠯ᠎ᠠ᠎ᠳᠤ ᠨᠡᠮᠡᠷᠢᠯᠡᠭ᠌ᠰᠡᠨ ᠤᠡᠴᠠ᠎ᠶ᠋ᠢᠨ ᠦᠵᠡᠮᠵᠢ ᠭᠡᠮᠡᠷ᠃ ᠦᠰᠭᠦ ᠮᠠᠯ᠎ᠤᠨ ᠵᠢᠰᠦ᠎ᠨᠢ ᠨᠢᠭᠡ ᠭᠡᠮᠡᠬᠦ᠌ ᠡᠪᠦᠭᠡᠳ᠎ᠤᠨ ᠰᠠᠴᠠᠨ ᠦᠭᠡ ᠪᠠᠢᠳᠠᠭ᠎ᠢ ᠰᠠᠨᠠᠵᠤ ᠦᠪᠦᠷ ᠮᠤᠩᠭᠤᠯ᠎ᠤᠨ ᠮᠤᠩᠭᠤᠯ ᠰᠤᠨᠢᠨ ᠰᠦᠯᠵᠢᠶ᠎ᠠ᠎ᠶ᠋ᠢᠨ ᠬᠤᠯᠪᠤᠭ᠎ᠠ᠎ᠶ᠋ᠢᠨ 《ᠡᠪᠦᠯ᠎ᠤᠨ ᠡᠷᠢᠯ》 ᠰᠤᠷᠪᠤᠯᠵᠢᠯᠠᠭ᠎ᠠ᠎ᠶ᠋ᠢᠨ ᠬᠦᠯᠦᠨ ᠪᠤᠢᠷ — ᠱᠢᠯᠢ᠎ᠶ᠋ᠢᠨ ᠭᠤᠤᠯ᠎ᠤᠨ ᠳᠤᠭᠤᠢ᠍ᠢᠯᠠᠩ᠎ᠤᠨ᠎ᠬᠢᠨ ᠴᠤ᠌ ᠡᠷᠢᠯ ᠰᠤᠷᠠᠭ᠎ᠢᠶᠠᠷ ᠶᠠᠪᠤᠭ᠎ᠠ ᠮᠡᠲᠦ ᠡᠵᠡᠨ᠎ᠢ᠎ᠨᠢ ᠬᠠᠢᠵᠤ ᠬᠦᠷᠦᠭ᠌ᠰᠡᠨ ᠪᠢᠯᠡ᠃
    ᠲᠠᠯ᠎ᠠ ᠲᠦᠭᠦᠷᠡᠩ ᠪᠡᠯᠴᠢᠵᠦ᠍ ᠪᠠᠢᠭ᠎ᠠ ᠡᠨᠡ ᠬᠦ᠌ ᠲᠡᠮᠡᠭᠡᠨ ᠰᠦᠷᠦᠭ ᠪᠤᠯ ᠱᠢᠨ᠎ᠠ ᠪᠠᠷᠭᠤ ᠵᠡᠭᠦᠨ ᠬᠤᠱᠢᠭᠤᠨ᠎ᠤ ᠴᠠᠭᠠᠨ ᠪᠠᠯᠭᠠᠰᠤ᠎ᠶ᠋ᠢᠨ ᠪᠠᠶᠬᠠᠠᠭᠤᠯᠠ ᠭᠠᠴᠠᠭ᠎ᠠ᠎ᠶ᠋ᠢᠨ ᠲᠦᠷᠪᠡᠨ ᠦᠶ᠎ᠡ᠎ᠪᠠᠷ᠎ᠢᠶᠠᠨ ᠲᠡᠮᠡᠭᠡ ᠮᠠᠯᠵᠢᠵᠦ᠍ ᠢᠷᠡᠭ᠌ᠰᠡᠨ ᠮᠠᠯᠴᠢᠨ ᠪᠢᠱᠢᠷᠡᠯᠲᠦ᠎ᠶ᠋ᠢᠨ ᠲᠡᠮᠡᠭᠡᠨ ᠰᠦᠷᠦᠭ ᠪᠠᠢᠯ᠎ᠠ᠃ ᠭᠠᠷᠠᠭ᠎ᠲᠤ ᠨᠢᠭᠡ ᠤᠲᠠᠭ᠎ᠠ ᠲᠡᠮᠡᠭᠡ᠎ᠪᠠᠨ ᠡᠷᠬᠢᠵᠦ᠍ ᠦᠵᠡᠲᠡᠭ ᠲᠡᠷᠡ᠎ᠪᠠᠷ ᠵᠤᠷᠱᠢᠯ ᠶᠤᠰᠤᠭᠠᠷ ᠦᠨᠦᠲᠦᠷ ᠴᠤ᠌ ᠠᠳᠠᠯᠢᠬᠠᠨ ᠬᠤᠯᠠ ᠶᠠᠪᠤᠭ᠍ᠰᠠᠨ ᠲᠡᠮᠡᠭᠡᠳ᠎ᠢᠶᠠᠨ ᠬᠤᠮᠢᠵᠦ᠍ ᠵᠠᠬ᠎ᠠ᠎ᠠᠴᠠ᠎ᠨᠢ ᠨᠢᠲᠤ ᠬᠠᠶᠠᠵᠦ᠍ ᠭᠠᠷᠤᠯ᠎ᠠ ᠁ ᠲᠠᠢᠪᠤᠩ ᠪᠡᠯᠴᠢᠵᠦ᠍ ᠪᠠᠢᠭ᠎ᠠ ᠳᠠᠩᠰᠤᠭ ᠲᠡᠮᠡᠭᠡᠳ᠎ᠢᠶᠠᠨ ᠬᠠᠷᠠᠭ᠍ᠰᠠᠨ ᠪᠢᠱᠢᠷᠡᠯᠲᠦ᠎ᠶ᠋ᠢᠨ ᠰᠡᠳᠭᠢᠯ ᠲᠠᠯ᠎ᠠ᠎ᠪᠠᠨ ᠱᠢᠭ᠋ ᠲᠡᠨᠢᠭᠡᠷ᠃


                                      ᠪᠢᠱᠢᠷᠠᠯᠳᠦ

    ᠲᠡᠷᠡ᠎ᠪᠠᠷ 《ᠶᠠᠭᠤ᠎ᠲᠠᠢ ᠴᠤ᠌ ᠪᠠᠢᠭ᠍ᠰᠠᠨ᠂ ᠶᠠᠭᠤ ᠦᠭᠡᠢ ᠴᠤ᠌ ᠪᠠᠢᠭ᠍ᠰᠠᠨ ᠲᠡᠮᠡᠭᠡ᠎ᠪᠠᠨ ᠰᠠᠢᠨ ᠮᠠᠯᠵᠢᠵᠤ ᠦᠰᠭᠡᠵᠦ᠍ ᠪᠠᠢᠭᠠᠷᠠᠢ》 ᠭᠡᠰᠡᠨ ᠡᠪᠦᠭᠡ ᠠᠪᠤ᠎ᠶ᠋ᠢᠨ᠎ᠢᠶᠠᠨ ᠵᠠᠬᠢᠶ᠎ᠠ ᠶᠤᠰᠤᠭᠠᠷ᠂ ᠡᠪᠦᠭᠡ ᠲᠡᠭᠡᠲᠦ᠎ᠠᠴᠠ᠎ᠨᠢ ᠦᠶ᠎ᠡ ᠲᠠᠮᠵᠢᠨ ᠦᠪᠯᠡᠭ᠌ᠰᠡᠨ ᠲᠡᠭ᠌ᠷᠢ᠎ᠶ᠋ᠢᠨ ᠬᠡᠱᠢᠭ᠂ ᠲᠡᠭᠡᠲᠦ᠎ᠶ᠋ᠢᠨ ᠪᠤᠶᠠᠨ ᠭᠠᠩᠭᠠᠩ ᠬᠦᠲᠡᠷ ᠲᠡᠮᠡᠭᠡᠳ᠎ᠢᠶᠠᠨ ᠦᠨᠢᠷ ᠦᠰᠭᠡᠵᠦ᠍ ᠶᠠᠪᠤᠭ᠎ᠠ ᠪᠢᠯᠡ᠃ ᠬᠠᠭᠤᠴᠢᠯᠠᠬᠤ᠎ᠠᠴᠠ᠂ ᠪᠢᠱᠢᠷᠡᠯᠲᠦ᠎ᠶ᠋ᠢᠨ ᠡᠯᠦᠨᠴᠡ ᠡᠪᠦᠭᠡ᠎ᠨᠢ ᠪᠠᠤᠡᠮᠠᠴᠢᠮᠡᠭ ᠵᠠᠩᠬᠢ ᠭᠡᠵᠦ᠍ ᠲᠡᠭᠡᠷ᠎ᠡ ᠵᠠᠭᠤᠨ᠎ᠤ ᠲᠠᠪᠢᠭᠠᠳ ᠤᠨ᠎ᠤ ᠦᠶ᠎ᠡ᠎ᠳᠤ 700 ᠭᠠᠷᠤᠢ ᠲᠡᠮᠡᠭᠡ᠎ᠲᠠᠢ ᠵᠤᠵᠠᠭᠠᠨ ᠬᠦᠷᠦᠩᠭᠡ᠎ᠲᠠᠢ ᠠᠢᠯ ᠪᠠᠢᠵᠠᠢ᠃ ᠬᠤᠵᠢᠮ᠎ᠨᠢ ᠬᠤᠤᠰ ᠲᠠᠭᠠᠭᠠᠴᠢᠯᠠᠯᠲᠠ᠎ᠶ᠋ᠢᠨ ᠦᠶᠡᠰ ᠪᠢᠱᠢᠷᠡᠯᠲᠦ᠎ᠶ᠋ᠢᠨ ᠠᠪᠤ᠎ᠨᠢ ᠡᠴᠢᠭᠡ ᠲᠡᠭᠡᠲᠦ᠎ᠶ᠋ᠢᠨ ᠦᠪ ᠬᠦᠷᠦᠩᠭᠡ᠎ᠶ᠋ᠢ ᠵᠠᠯᠭᠠᠮᠵᠢᠯᠠᠵᠦ᠍ ᠦᠯᠡᠲᠡᠭᠡᠬᠦ᠌᠎ᠶ᠋ᠢ ᠬᠢᠴᠢᠶᠡᠵᠦ᠍ ᠪᠠᠷᠢᠭᠠᠲᠠ᠎ᠳᠤ ᠪᠠᠢᠭ᠍ᠰᠠᠨ ᠦᠪᠡᠷ᠎ᠤᠨ ᠭᠡᠷ᠎ᠤᠨ ᠲᠡᠮᠡᠭᠡ᠎ᠪᠠᠨ ᠲᠠᠭᠠᠭᠠᠴᠢᠯᠠᠨ ᠠᠪᠴᠤ᠌ ᠬᠠᠷᠢᠭᠤᠯᠵᠤ ᠪᠠᠢᠭ᠍ᠰᠠᠨ ᠮᠦᠷᠲᠡᠭᠡᠨ ᠶᠡᠷᠡᠭᠡᠳ ᠤᠨ᠎ᠤ ᠦᠶ᠎ᠠ᠎ᠳᠤ ᠪᠠᠷᠢᠭᠠᠲᠠ᠎ᠳᠤ ᠪᠠᠢᠭ᠍ᠰᠠᠨ ᠦᠪᠡᠷ᠎ᠤᠨ ᠭᠡᠷ᠎ᠤᠨ ᠵᠠᠭᠤᠭᠠᠳ ᠲᠡᠮᠡᠭᠡ᠎ᠪᠠᠨ ᠬᠤᠲᠠᠯᠲᠤᠨ ᠠᠪᠴᠢᠷᠠᠵᠤ ᠦᠰᠭᠡᠵᠤ ᠦᠷᠡᠵᠢᠭᠦᠯᠦᠨ ᠬᠦᠯᠦᠨ ᠪᠤᠢᠷ᠎ᠤᠨ᠎ᠢᠶᠠᠨ ᠲᠠᠷᠬᠠᠨ ᠲᠡᠮᠡᠭᠡᠴᠢᠨ ᠴᠤᠯᠠ᠎ᠲᠠᠢ ᠶᠠᠪᠤᠭ᠍ᠰᠠᠨ ᠬᠦᠮᠦᠨ ᠶᠤᠮ᠃
    ᠲᠡᠮᠡᠭᠡᠨ᠎ᠤ ᠲᠤᠬᠠᠢ ᠶᠠᠷᠢᠬᠤ᠎ᠳᠤ᠂ ᠨᠢᠭᠡᠨ ᠤᠴᠢᠷ᠎ᠢ ᠶᠡᠷᠦ᠍ ᠮᠡᠷᠲᠠᠲᠠᠭ ᠦᠭᠡᠢ᠃ ᠪᠢᠱᠢᠷᠡᠯᠲᠦ᠎ᠶ᠋ᠢ 19 ᠨᠠᠰᠤᠲᠠᠢ ᠲᠡᠷᠡ ᠵᠢᠯ᠂ ᠠᠪᠤ᠎ᠨᠢ ᠵᠠᠯᠠᠢᠨᠠᠭᠤᠷ ᠲᠤᠭᠤᠷᠢᠭ᠎ᠤᠨ ᠵᠢᠭᠤᠯᠴᠢᠯᠠᠯ᠎ᠤᠨ ᠭᠠᠵᠠᠷ᠎ᠲᠤ ᠨᠢᠭᠡ ᠲᠡᠮᠡᠭᠡ᠎ᠪᠠᠨ ᠬᠤᠲᠠᠯᠲᠤᠵᠠᠢ᠃ ᠬᠤᠵᠢᠮ᠎ᠨᠢ ᠲᠠᠪᠤᠨ ᠵᠢᠯ᠎ᠤᠨ ᠲᠠᠷᠠᠭ᠎ᠠ ᠡᠨᠡ ᠲᠡᠮᠡᠭᠡ ᠭᠡᠷ ᠨᠤᠲᠤᠭ᠂ ᠡᠵᠡᠨ᠎ᠢᠶᠠᠨ ᠵᠤᠷᠢᠨ ᠬᠠᠷᠢᠵᠦ᠍ ᠢᠷᠡᠭ᠌ᠰᠡᠨ᠎ᠨᠢ ᠡᠳᠡᠨ᠎ᠤ᠎ᠬᠢᠨ᠎ᠢ ᠰᠤᠴᠢᠭᠠᠵᠦ᠍ ᠬᠠᠲᠠ ᠴᠢᠯᠠᠭᠤ ᠱᠢᠭ᠋ ᠪᠤᠰᠤᠭ᠎ᠠ ᠡᠷ᠎ᠡ ᠪᠢᠱᠢᠷᠡᠯᠲᠦ᠎ᠶ᠋ᠢ ᠤᠶᠠᠷᠠᠭᠤᠯᠵᠤ ᠪᠢᠯᠨ ᠁ ᠲᠡᠭᠦᠨ᠎ᠠᠴᠠ ᠬᠤᠢᠰᠢ ᠪᠢᠱᠢᠷᠡᠯᠲᠦ ᠲᠡᠭᠡᠲᠦ᠎ᠠᠴᠠ᠎ᠪᠠᠨ ᠲᠤᠲᠤᠮᠳᠠᠨ ᠦᠰᠭᠡᠵᠦ᠍ ᠢᠷᠡᠭ᠌ᠰᠡᠨ ᠬᠦᠲᠡᠷ ᠪᠡᠶ᠎ᠡ᠎ᠲᠠᠢ ᠠᠳᠠᠯ᠎ᠠ ᠦᠷᠦᠪᠴᠢᠬᠡᠨ ᠵᠦᠭᠡᠯᠡᠨ ᠰᠡᠳᠭᠢᠯ᠎ᠲᠠᠢ ᠲᠡᠮᠡᠭᠡ ᠭᠡᠭ᠌ᠴᠢ ᠠᠮᠢᠳᠠᠨ᠎ᠢ ᠤᠯᠠᠮ ᠬᠠᠢᠷᠠᠯᠠᠨ ᠠᠷᠠᠴᠢᠯᠠᠳᠠᠬ ᠪᠤᠯᠵᠠᠢ᠃
    ᠮᠠᠯᠴᠢᠨ᠎ᠤ ᠬᠦᠦ ᠪᠢᠱᠢᠷᠡᠯᠲᠦ 1999 ᠤᠨ᠎ᠳᠤ ᠬᠦᠯᠦᠨ ᠪᠤᠢᠷ ᠠᠢᠮᠠᠭ᠎ᠤᠨ ᠲᠠᠷᠢᠶᠠᠯᠠᠩ ᠮᠧᠬᠠᠨᠢᠭ᠎ᠤᠨ ᠰᠤᠷᠭᠠᠭᠤᠯᠢ᠎ᠠᠴᠠ ᠲᠡᠭᠦᠰᠴᠤ᠌᠂ ᠠᠯᠪᠠᠨ ᠠᠵᠢᠯ᠎ᠳᠤ ᠭᠠᠷᠤᠭ᠍ᠰᠠᠨ ᠬᠤᠶᠠᠲᠤᠭᠠᠷ ᠡᠳᠦᠷ᠎ᠢᠶᠠᠨ ᠠᠷᠤ ᠭᠡᠷ᠎ᠲᠡᠭᠡᠨ ᠪᠤᠴᠠᠭ᠍ᠰᠠᠨ ᠭᠡᠲᠡᠭ᠃ ᠪᠤᠲᠤᠭᠤ ᠲᠤᠷᠤᠮ᠎ᠨᠢ ᠪᠤᠢᠯᠠᠭᠠᠳ᠂ ᠠᠪᠤ ᠡᠵᠢ᠎ᠨᠢ ᠦᠭᠡᠢᠯᠡᠭ᠌ᠲᠡᠭᠡᠳ᠂ ᠬᠦᠲᠡᠭᠡ ᠨᠤᠲᠤᠭ᠎ᠨᠢ ᠡᠷᠢᠭ᠌ᠲᠡᠭᠡᠳ᠂ ᠡᠪᠦᠭᠡ᠎ᠶ᠋ᠢᠨ ᠵᠠᠬᠢᠶ᠎ᠠ᠎ᠨᠢ ᠱᠢᠪᠠᠨᠡᠭᠡᠳ ᠪᠠᠢᠬᠤ ᠪᠤᠯᠬᠤᠷ ᠲᠡᠷᠡ᠎ᠪᠠᠷ ᠡᠷᠬᠢᠯᠲᠡ ᠦᠭᠡᠢ ᠲᠡᠮᠡᠭᠡᠨ ᠰᠦᠷᠦᠭ᠂ ᠬᠦᠲᠡᠭᠡ ᠨᠤᠲᠤᠭ᠎ᠢᠶᠠᠨ ᠵᠤᠷᠢᠵᠦ᠍᠂ 2002 ᠤᠨ᠎ᠳᠤ ᠠᠢᠯ ᠭᠡᠷ ᠪᠤᠯᠬᠤ᠎ᠳᠤ ᠬᠤᠪᠢᠲᠠᠵᠦ᠍ ᠠᠪᠤᠭ᠍ᠰᠠᠨ 60 ᠲᠡᠮᠡᠭᠡ᠎ᠪᠠᠨ ᠦᠰᠭᠡᠭᠡᠳ ᠦᠨᠦᠲᠦᠷ ᠪᠤᠯᠬᠤ᠎ᠳᠤ 280 ᠭᠠᠷᠤᠢ ᠲᠡᠮᠡᠭᠡ᠎ᠲᠠᠢ᠂ ᠬᠦᠯᠦᠨ ᠪᠤᠢᠷ᠎ᠤᠨ ᠲᠡᠮᠡᠭᠡᠴᠢᠳ᠎ᠤᠨ ᠲᠤᠮᠳᠠ ᠲᠦᠷᠦᠭᠦᠯᠡᠵᠦ᠍ ᠶᠠᠪᠤᠨ᠎ᠠ᠃
    ᠪᠢᠱᠢᠷᠡᠯᠳᠤ᠎ᠶ᠋ᠢᠨ᠎ᠬᠢ 8000 ᠭᠠᠷᠤᠢ ᠮᠦ᠍ ᠨᠤᠳᠤᠭ ᠪᠡᠯᠴᠢᠬᠡᠷ᠎ᠲᠠᠢ᠂ ᠤᠢ᠍ᠢᠷ᠎ᠠ ᠤᠷᠴᠢᠮ᠎ᠤᠨ᠎ᠢᠶᠠᠨ 1.3 ᠲᠦᠮᠡᠨ ᠮᠥ᠍ ᠨᠤᠳᠤᠭ ᠲᠦᠷᠢᠶᠠᠰᠤᠯᠡᠭ᠌ᠰᠡᠨ᠎ᠲᠠᠢ᠎ᠪᠠᠨ 2 ᠲᠦᠮᠡ ᠭᠠᠷᠤᠢ ᠮᠦ᠍ ᠨᠤᠳᠤᠭ᠎ᠲᠠᠭᠠᠨ 280 ᠭᠠᠷᠤᠢ ᠲᠡᠮᠡᠭᠡ᠂ 160 ᠭᠠᠷᠤᠢ ᠠᠳᠤᠭᠤ᠂ 100 ᠭᠠᠷᠤᠢ ᠦᠬᠡᠷ᠂ 200 ᠭᠠᠷᠤᠢ ᠬᠤᠨᠢ ᠢᠮᠠᠭ᠎ᠠ᠎ᠲᠠᠢ ᠲᠠᠪᠤᠨ ᠬᠤᠱᠢᠭᠤ ᠮᠠᠯ᠎ᠢᠶᠠᠨ ᠮᠠᠯᠵᠢᠵᠤ᠂ ᠲᠡᠭ᠌ᠰᠢ᠎ᠪᠠᠷ ᠦᠰᠭᠡᠵᠤ ᠪᠠᠢᠭ᠎ᠠ᠎ᠪᠠᠷ ᠪᠠᠷᠠᠬᠤ ᠦᠭᠡᠢ ᠲᠡᠮᠡᠭᠡᠨ᠎ᠤ᠎ᠪᠠᠨ ᠠᠱᠢᠭ ᠱᠢᠮ᠎ᠠ᠎ᠶ᠋ᠢ᠎ᠨᠢ ᠪᠤᠷᠤᠯᠠᠭᠤᠯᠵᠤ ᠪᠠᠭ᠎ᠠ ᠪᠤᠰᠤ ᠤᠷᠤᠯᠭ᠎ᠠ ᠡᠭᠦᠳᠴᠦ᠍ ᠪᠠᠢᠭ᠎ᠠ ᠶᠤᠮ᠃
    ᠪᠢᠱᠢᠷᠡᠯᠲᠦ 2011 ᠤᠨ᠎ᠳᠤ ᠤᠢ᠍ᠢᠷ᠎ᠠ ᠤᠷᠴᠢᠮ᠎ᠤᠨ᠎ᠢᠶᠠᠨ ᠮᠠᠯᠴᠢᠳ᠎ᠢᠶᠠᠨ ᠲᠠᠢᠴᠢᠯᠠᠨ 《ᠪᠠᠶᠠᠨ》 ᠲᠡᠮᠡᠭᠡ ᠲᠡᠵᠢᠭᠡᠨ ᠦᠷᠡᠵᠢᠬᠦᠯᠬᠦ᠌ ᠮᠠᠯᠴᠢᠳ᠎ᠤᠨ ᠲᠤᠰᠭᠠᠢ ᠬᠤᠷᠱᠢᠶ᠎ᠡ ᠪᠠᠢᠭᠤᠯᠵᠤ᠂ ᠬᠦᠳᠡᠯᠮᠦᠷᠢ ᠬᠦᠴᠤ᠎ᠪᠠᠨ ᠬᠠᠮᠳᠤᠤᠡᠬᠠᠵᠤ᠂ ᠮᠠᠱᠢᠨ ᠮᠧᠬᠠᠨᠢᠭ᠎ᠢᠶᠠᠨ ᠨᠠᠢᠯᠡᠬᠦᠯᠵᠤ ᠠᠵᠢᠯᠯᠠᠬᠤ ᠵᠡᠷᠬᠡ ᠲᠠᠯ᠎ᠠ᠎ᠪᠠᠷ ᠬᠤᠷᠱᠢᠨ ᠠᠵᠢᠯᠯᠠᠵᠤ ᠪᠠᠢᠭ᠎ᠠ ᠪᠦᠬᠡᠳ ᠦᠷ᠎ᠠ᠎ᠶ᠋ᠢᠨ ᠮᠠᠯ᠎ᠤᠨ ᠡᠬᠦᠯᠳᠡᠷ ᠰᠠᠢᠵᠢᠷᠠᠭᠤᠯᠬᠤ᠂ ᠲᠠᠪᠤᠨ ᠬᠤᠱᠢᠭᠤ ᠮᠠᠯ᠎ᠤᠨ ᠮᠢᠬ᠎ᠠ᠂ ᠨᠤᠤᠰᠤ ᠨᠤᠤᠯᠤᠭᠤᠷ᠎ᠢᠶᠠᠨ ᠪᠤᠷᠤᠯᠠᠭᠤᠯᠬᠤ᠂ ᠰᠦ ᠰᠠᠭᠠᠯᠢ᠎ᠪᠠᠨ ᠵᠠᠬ᠎ᠠ ᠲᠡᠯᠬᠡᠬᠦᠷ᠎ᠲᠤ ᠭᠠᠷᠭᠠᠬᠤ ᠵᠡᠷᠬᠡ ᠤᠯᠠᠨ ᠲᠠᠯ᠎ᠠ᠎ᠳᠤ ᠬᠠᠮᠳᠤᠷᠠᠵᠤ ᠬᠤᠷᠱᠢᠨ ᠠᠵᠢᠯᠯᠠᠵᠤ ᠨᠠᠯᠢᠶᠠᠳ ᠦᠷ᠎ᠠ ᠪᠦᠳᠦᠮᠵᠢ ᠤᠯᠵᠠᠢ᠃















    — ᠮᠠᠯᠴᠢᠳ ᠰᠠᠷ᠎ᠠ᠎ᠶ᠋ᠢᠨ ᠤᠷᠤᠯᠭ᠎ᠠ᠎ᠲᠠᠢ ᠶᠡᠭᠡ ᠵᠦᠬᠡᠷ ᠶᠤᠮ᠂ ᠢᠡᠭ᠌ᠭᠡᠨ᠎ᠤ ᠰᠦ ᠵᠢᠩ᠎ᠳᠡᠭᠡᠨ 50 ᠲᠦᠬᠦᠷᠢᠭ ᠬᠦᠷᠳᠡᠭ᠂ ᠮᠡᠨ᠎ᠤ ᠢᠡᠭ᠌ᠭᠡ ᠵᠢᠯ᠎ᠳᠤ ᠨᠠᠶᠠᠭᠠᠳ ᠪᠤᠳᠤᠭᠤᠯᠠᠵᠤ᠂ ᠬᠤᠶᠠᠷ ᠵᠢᠯ᠎ᠳᠤ ᠵᠠᠭᠤ ᠵᠢᠷᠠᠭᠠᠳ ᠪᠤᠳᠤᠭᠤᠯᠠᠳᠠᠭ᠂ ᠢᠡᠭ᠌ᠭᠡᠨ᠎ᠤ ᠰᠦ ᠦᠨ᠎ᠠ᠎ᠳᠤ ᠬᠦᠷᠴᠤ᠌ ᠪᠠᠢᠭ᠎ᠠ ᠪᠤᠯᠬᠤᠷ ᠢᠡᠭ᠌ᠭᠡ᠎ᠪᠠᠨ ᠰᠠᠭᠠᠵᠤ ᠰᠤᠷᠭᠠᠬᠤ᠎ᠳᠤ ᠬᠦᠴᠤ᠌ ᠲᠠᠯᠪᠢᠵᠤ ᠪᠠᠢᠨ᠎ᠠ ᠭᠡᠵᠤ ᠪᠢᠱᠢᠷᠠᠯᠳᠤ ᠶᠠᠷᠢᠨ᠎ᠠ᠃
    ᠪᠢᠱᠢᠷᠠᠯᠳᠤ ᠡᠨᠡ ᠵᠢᠯ ᠠᠷᠪᠠᠭᠠᠳ ᠢᠡᠭ᠌ᠭᠡ ᠰᠠᠭᠠᠵᠦ᠍᠂ ᠵᠢᠷᠬᠢᠶ᠎ᠠ᠎ᠪᠠᠷ ᠪᠤᠷᠤᠯᠠᠭᠤᠯᠵᠤ᠂ ᠱᠠᠩᠬᠠᠢ᠂ ᠬᠠᠩᠵᠧᠦ ᠵᠡᠷᠬᠡ ᠭᠠᠳᠠᠷ ᠮᠤᠵᠢ ᠤᠷᠤᠨ᠎ᠳᠤ ᠵᠠᠬᠢᠶᠠᠯᠠᠭ᠎ᠠ᠎ᠪᠠᠷ ᠬᠤᠳᠠᠯᠳᠤᠵᠤ᠂ ᠢᠡᠭ᠌ᠭᠡᠨ᠎ᠤ ᠰᠦ᠎ᠪᠠᠨ ᠬᠦᠯᠳᠡᠬᠡᠵᠤ ᠬᠦᠢᠳᠠᠨ᠎ᠤ ᠭᠤᠪᠢᠭᠤᠯᠭ᠎ᠠ᠎ᠪᠠᠷ ᠬᠦᠷᠬᠡᠵᠤ᠂ ᠰᠠᠷ᠎ᠠ᠎ᠳᠤ ᠲᠦᠮᠡ᠎ᠠᠴᠠ 2 ᠲᠦᠮᠡᠨ ᠲᠦᠬᠦᠷᠢᠭ᠎ᠤᠨ ᠤᠷᠤᠯᠭ᠎ᠠ ᠤᠯᠵᠤ ᠪᠠᠢᠨ᠎ᠠ᠃ ᠲᠡᠮᠡᠭᠡᠳ᠎ᠤᠨ ᠬᠢᠨᠢ ᠪᠡᠶ᠎ᠡ ᠪᠢᠯᠳᠡᠷ ᠰᠠᠢᠨ ᠪᠤᠯᠬᠤᠷ ᠮᠢᠬᠠᠨ᠎ᠤ ᠭᠠᠷᠤᠯᠲᠠ᠎ᠨᠢ ᠴᠤ᠌ ᠰᠠᠢᠨ᠃ ᠡᠨᠡ ᠵᠢᠯ ᠲᠡᠷᠡ᠎ᠪᠠᠷ 10 ᠡᠷ᠎ᠡ ᠲᠡᠮᠡᠭᠡ ᠵᠡᠷᠤᠵᠦ᠍ ᠲᠤᠮᠳᠠᠴᠢ᠎ᠪᠠᠷ 420 ᠵᠢᠩ ᠮᠢᠬ᠎ᠠ ᠭᠠᠷᠴᠤ᠌᠂ ᠵᠢᠩ᠎ᠳᠡᠭᠡᠨ 36 ᠲᠦᠭᠦᠷᠢᠭ᠎ᠢᠶᠠᠷ ᠪᠤᠷᠤᠯᠠᠭᠤᠯᠵᠤ᠂ 10 ᠲᠦᠮᠡ ᠭᠠᠷᠤᠢ ᠲᠦᠭᠦᠷᠢᠭ᠎ᠤᠨ ᠤᠷᠤᠯᠭ᠎ᠠ ᠤᠯᠵᠠᠢ᠃ ᠲᠡᠮᠡᠭᠡᠨ᠎ᠤ᠎ᠪᠠᠨ ᠨᠤᠤᠰᠤ ᠨᠤᠤᠯᠤᠭᠤᠷ᠎ᠢ᠎ᠨᠢ ᠪᠤᠷᠤᠯᠠᠭᠤᠯᠤᠭᠠᠳ ᠨᠢᠭᠡ ᠵᠢᠯ᠎ᠤᠨ ᠠᠵᠢᠯᠴᠢᠨ᠎ᠤ᠎ᠪᠠᠨ ᠴᠠᠯᠢᠩ᠎ᠢ᠎ᠨᠢ ᠤᠯᠴᠢᠬᠠᠲᠠᠭ᠃ ᠢᠡᠭ᠌ᠭᠢᠵᠦ᠍ ᠪᠢᠱᠢᠷᠡᠯᠲᠦ ᠨᠢᠭᠡ ᠵᠢᠯ᠎ᠳᠡᠭᠡᠨ ᠭᠠᠭ᠍ᠴᠠ ᠲᠡᠮᠡᠭᠡᠨ ᠰᠦᠷᠦᠭ᠎ᠠᠴᠠ᠎ᠪᠠᠨ ᠭᠤᠴᠢ ᠲᠦᠴᠢᠭᠡᠳ ᠲᠦᠮᠡᠨ ᠲᠦᠭᠦᠷᠢᠭ᠎ᠤᠨ ᠤᠷᠤᠯᠭ᠎ᠠ ᠤᠯᠳᠠᠭ᠃ ᠲᠦᠷᠪᠡᠨ ᠦᠶ᠎ᠡ᠎ᠪᠠᠷ᠎ᠢᠶᠠᠨ ᠲᠡᠮᠡᠭᠡ ᠮᠠᠯᠵᠢᠭ᠍ᠰᠠᠨ ᠡᠳᠡᠨ᠎ᠤ᠎ᠬᠢᠨ ᠬᠦᠯᠦᠨ ᠪᠤᠢᠷ᠎ᠤᠨ ᠬᠡᠪᠴᠢᠶᠠᠨ᠎ᠳᠤ ᠪᠤᠤᠷ᠎ᠠ ᠠᠪᠴᠤ᠌ ᠪᠠᠢᠭ᠍ᠰᠠᠨ ᠪᠤᠯᠬᠤᠷ ᠴᠢᠰᠤ ᠨᠠᠯᠢᠶᠠᠳ ᠤᠢ᠍ᠢᠷᠠᠳᠤᠵᠤ ᠪᠠᠢᠬᠤ᠎ᠠᠴᠠ ᠲᠡᠷᠡ᠎ᠪᠠᠷ 2015 ᠤᠨ᠎ᠳᠤ ᠭᠠᠲᠠᠨ᠎ᠠ ᠤᠷᠤᠨ᠎ᠠᠴᠠ ᠢᠡᠭ᠌ᠭᠡ᠂ ᠪᠤᠤᠷ᠎ᠠ ᠤᠷᠤᠭᠤᠯᠵᠤ ᠲᠡᠮᠡᠭᠡᠨ᠎ᠤ᠎ᠪᠠᠨ ᠴᠢᠰᠦ᠎ᠶ᠋ᠢ ᠰᠤᠯᠢᠵᠦ᠍ ᠰᠠᠢᠵᠢᠷᠠᠭᠤᠯᠪᠠ᠃ ᠪᠢᠱᠢᠷᠡᠯᠲᠦ ᠤᠲᠤᠬᠠᠨ᠎ᠳᠤ ᠲᠡᠮᠡᠭᠡ᠎ᠠᠴᠠ ᠶᠠᠮᠠᠷ ᠠᠱᠢᠭ ᠱᠢᠮ᠎ᠠ ᠭᠠᠷᠬᠤ᠂ ᠲᠡᠮᠡᠭᠡᠨ᠎ᠤ ᠶᠠᠭᠤ ᠪᠦᠬᠦᠨ᠎ᠨᠢ ᠡᠷᠲᠡᠨᠢ ᠬᠡᠲᠡᠭ᠎ᠢ ᠤᠯᠠᠨ᠎ᠳᠤ ᠲᠠᠨᠢᠭᠤᠯᠬᠤ ᠲᠤᠬᠠᠢ ᠰᠠᠨᠠᠭ᠎ᠠ ᠲᠠᠯᠪᠢᠵᠦ᠍ ᠪᠠᠢᠭ᠎ᠠ᠎ᠪᠠᠨ ᠴᠤᠬᠤᠢ᠍ᠢᠯᠭᠠᠯ᠎ᠠ᠃
    — ᠤᠢ᠍ᠢᠷ᠎ᠠ᠎ᠶ᠋ᠢᠨ ᠵᠢᠯ᠎ᠠᠴᠠ ᠬᠤᠱᠢᠭᠤᠨ᠎ᠤ ᠠᠷᠠᠳ᠎ᠤᠨ ᠵᠠᠰᠠᠭ᠎ᠤᠨ ᠤᠷᠲᠤᠨ᠎ᠠᠴᠠ ᠮᠠᠨ᠎ᠢ ᠠᠩᠬᠠᠷᠤᠯ᠎ᠳᠠᠭᠠᠨ ᠠᠪᠴᠤ᠌᠂ ᠲᠡᠮᠡᠭᠡᠨ᠎ᠤ ᠦᠢᠯᠡᠰ᠎ᠢ ᠲᠡᠮᠵᠢᠵᠦ᠍ ᠤᠯᠠᠮ ᠰᠠᠢᠨ ᠬᠢᠬᠦ᠌᠎ᠶ᠋ᠢ ᠵᠤᠷᠢᠬ᠍ᠵᠢᠭᠤᠯᠵᠤ ᠪᠠᠢᠨ᠎ᠠ᠃ ᠨᠠᠮ ᠵᠠᠰᠠᠭ᠎ᠠᠴᠠ ᠮᠠᠨ᠎ᠳᠤ ᠰᠦ ᠦᠢᠯᠡᠳᠪᠦᠷᠢᠯᠡᠬᠦ᠌ ᠦᠢᠯᠠᠳᠪᠤᠷᠢᠯᠡᠯ᠎ᠤᠨ ᠳᠠᠰᠤᠭ ᠪᠠᠢᠭᠤᠯᠵᠤ ᠦᠭ᠌ᠭᠦ᠎ᠪᠠᠷ ᠪᠤᠢ᠃ ᠬᠤᠵᠢᠮ ᠤᠯᠠᠮ ᠰᠠᠢᠨ ᠬᠠᠨᠳᠤᠰᠢ᠎ᠲᠠᠢ ᠪᠤᠯᠤᠨ᠎ᠠ ᠭᠡᠲᠡᠭ᠎ᠲᠤ ᠢᠲᠡᠭᠡᠵᠦ᠍ ᠪᠠᠢᠨ᠎ᠠ ᠭᠡᠵᠦ᠍ ᠪᠢᠱᠢᠷᠡᠯᠳᠤ ᠰᠤᠷᠪᠤᠯᠵᠢᠯᠠᠭ᠍ᠴᠢ᠎ᠳᠤ ᠶᠠᠷᠢᠨ᠎ᠠ᠃
    ᠲᠡᠭᠦᠨ᠎ᠤ ᠨᠢᠭᠡ ᠶᠡᠭᠡ ᠰᠠᠨᠠᠭᠠᠱᠢᠷᠠᠵᠦ᠍ ᠪᠠᠢᠭ᠎ᠠ ᠶᠠᠪᠤᠲᠠᠯ ᠭᠡᠪᠡᠯ᠂ ᠤᠲᠤ ᠠᠢᠯ ᠪᠤᠯᠭᠠᠨ ᠭᠠᠭ᠍ᠴᠠ ᠬᠤᠶᠠᠷ ᠬᠡᠦᠬᠡᠳ᠎ᠲᠠᠢ᠂ ᠬᠡᠦᠬᠡᠳ᠎ᠨᠢ ᠬᠤᠲᠠ ᠤᠷᠤᠵᠦ᠍ ᠰᠤᠷᠭᠠᠭᠤᠯᠢ ᠰᠤᠶᠤᠯ᠎ᠤᠨ ᠮᠦᠷ ᠬᠦᠭᠡᠭᠡᠵᠦ᠍ ᠠᠯᠪᠠᠨ ᠠᠵᠢᠯ᠎ᠲᠠᠢ ᠪᠤᠯᠵᠤ᠂ ᠬᠦᠲᠡᠭᠡ ᠨᠤᠲᠤᠭ᠎ᠤᠨ ᠠᠵᠢᠯ ᠬᠠᠶᠠᠭ᠍ᠲᠠᠵᠦ᠍᠂ ᠭᠠᠵᠠᠷ ᠨᠤᠲᠤᠭ᠎ᠲᠠᠭᠠᠨ ᠡᠵᠡᠨ ᠪᠤᠯᠬᠤ ᠬᠦᠮᠦᠰ ᠡᠳᠦᠷ᠎ᠠᠴᠠ ᠡᠳᠦᠷ ᠴᠦᠬᠡᠷᠡᠵᠦ᠍ ᠪᠠᠢᠨ᠎ᠠ᠃ ᠦᠨᠦᠲᠦᠷ ᠪᠤᠯᠬᠤ᠎ᠳᠤ ᠬᠦᠲᠡᠭᠡ ᠨᠤᠲᠤᠭ᠎ᠲᠤ ᠰᠤᠶᠤᠯ ᠮᠡᠲᠡᠯᠭᠡ᠎ᠲᠠᠢ ᠮᠠᠯᠴᠢᠨ᠎ᠢ ᠬᠦᠮᠦᠵᠢᠬᠦᠯᠬᠦ᠂ ᠮᠠᠯᠵᠢᠬᠤ ᠠᠮᠢᠲᠤᠷᠠᠯ᠎ᠢᠶᠠᠨ ᠶᠠᠭᠠᠬᠢᠵᠦ᠍ ᠵᠠᠯᠭᠠᠮᠵᠢᠯᠠᠵᠦ᠍ ᠬᠦᠭ᠌ᠵᠢᠬᠦᠯᠬᠦ᠌ ᠲᠤᠬᠠᠢ ᠲᠤᠩᠭᠠᠵᠦ᠍ ᠪᠤᠲᠤᠯᠬᠢᠯᠠᠬᠤ ᠬᠡᠷᠡᠭ᠌ᠲᠡᠢ ᠪᠠᠢᠨ᠎ᠠ ᠭᠡᠵᠦ᠍ ᠲᠡᠷᠡ᠎ᠪᠠᠷ ᠶᠡᠬᠡᠳᠡ ᠰᠠᠨᠠᠭᠠᠱᠢᠷᠠᠵᠦ᠍ ᠪᠠᠢᠯ᠎ᠠ᠃
    ᠲᠡᠮᠡᠭᠡᠨ ᠳᠡᠭᠡᠷ᠎ᠠ᠎ᠠᠴᠠ ᠳᠡᠭ᠌ᠷᠢ᠎ᠶ᠋ᠢᠨ ᠨᠠᠷᠠ ᠤᠢ᠍ᠢᠷᠠᠬᠠᠨ᠃ ᠲᠡᠭᠡᠲᠤ᠎ᠶ᠋ᠢᠨ ᠪᠤᠶᠠᠨ᠎ᠢᠶᠠᠨ ᠦᠪᠯᠡᠨ᠂ ᠦᠨᠢᠷ ᠦᠰᠦᠭᠡ ᠲᠡᠮᠡᠭᠡᠳ᠎ᠢᠶᠠᠨ ᠬᠠᠷᠠᠭ᠍ᠰᠠᠨ ᠪᠢᠱᠢᠷᠡᠯᠲᠦ᠎ᠶ᠋ᠢᠨ ᠰᠡᠳᠭᠢᠯ ᠬᠡᠨ᠎ᠠᠴᠠ ᠢᠯᠡᠬᠦᠦ ᠦᠶᠦᠭ᠎ᠢ ᠶᠠᠭᠤᠨ ᠦᠭᠦᠯᠡᠬᠦ᠌ ᠠᠵᠢ᠃




 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠴᠣᠷᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号