6 ᠰᠠᠷ᠎ᠠ᠎ᠶ᠋ᠢᠨ ᠳᠤᠮᠳᠠᠴᠢ᠎ᠠᠴᠠ 9 ᠰᠠᠷ᠎ᠠ᠎ᠶ᠋ᠢᠨ ᠳᠤᠮᠳᠠᠴᠢ ᠪᠤᠯᠲᠠᠯ᠎ᠠ᠂ ᠦᠪᠡᠷᠳᠡᠭᠡᠨ ᠵᠠᠰᠠᠬᠤ ᠤᠷᠤᠨ᠎ᠤ ᠲᠡᠤᠬᠡ᠎ᠶ᠋ᠢᠨ ᠳᠤᠷᠠᠰᠭᠠᠯ᠎ᠲᠦ ᠵᠦᠢᠯᠡᠰ᠎ᠤᠨ ᠬᠠᠭᠤᠴᠢ ᠰᠤᠳᠤᠯᠤᠯ᠎ᠤᠨ ᠰᠤᠳᠤᠯᠭᠠᠨ᠎ᠤ ᠭᠠᠵᠠᠷ ᠱᠢᠯᠢ᠎ᠶ᠋ᠢᠨ ᠭᠤᠤᠯ ᠠᠢᠮᠠᠭ᠎ᠤᠨ ᠲᠡᠤᠬᠡ᠎ᠶ᠋ᠢᠨ ᠳᠤᠷᠠᠰᠭᠠᠯ᠎ᠲᠦ ᠵᠦᠢᠯᠡᠰ᠎ᠤᠨ ᠬᠠᠮᠠᠭᠠᠯᠠᠯᠲᠠ ᠬᠠᠮᠢᠶᠠᠷᠤᠯᠲᠠ᠎ᠶ᠋ᠢᠨ ᠦᠷᠲᠡᠭᠡ᠂ ᠬᠦᠪᠡᠭᠡᠲᠦ ᠱᠢᠷ᠎ᠠ ᠬᠤᠱᠢᠭᠤᠨ᠎ᠤ ᠰᠤᠶᠤᠯ ᠲᠠᠮᠢᠷ ᠵᠢᠭᠤᠯᠴᠢᠯᠠᠯ ᠷᠠᠳᠢᠣ᠋ ᠲᠧᠯᠸᠢᠰ ᠳᠤᠪᠴᠢᠶ᠎ᠠ᠎ᠲᠠᠢ ᠬᠠᠮᠳᠤᠷᠠᠨ ᠲᠤᠰ ᠬᠤᠱᠢᠭᠤᠨ᠎ᠤ ᠤᠩᠭᠤᠨ ᠠᠭᠤᠯᠠ ᠰᠤᠮᠤᠨ᠎ᠤ ᠨᠠᠢᠷ᠎ᠤᠨ ᠲᠤᠯᠤᠭᠠᠢ ᠭᠠᠴᠠᠭᠠᠨ᠎ᠤ ᠰᠠᠭᠤᠷᠢᠱᠢᠯ᠎ᠤᠨ ᠦᠯᠡᠳᠡᠭ᠌ᠳᠡᠯ ᠪᠠ ᠪᠤᠯᠠᠱᠢᠨᠤ ᠰᠦᠷᠦᠭ᠌ᠵᠢᠯ᠎ᠳᠤ ᠬᠠᠭᠤᠴᠢ ᠰᠤᠳᠤᠯᠤᠯ᠎ᠤᠨ ᠬᠠᠢᠨ ᠱᠢᠨᠵᠢᠯᠡᠯᠲᠡ ᠬᠢᠵᠤ᠂ ᠮᠠᠰᠢ ᠤᠯᠠᠨ ᠰᠤᠳᠤᠯᠭᠠᠨ᠎ᠤ ᠦᠨ᠎ᠡ ᠦᠷᠲᠡᠭ᠎ᠲᠠᠢ ᠡᠳ᠋ ᠪᠤᠳᠠᠰ᠎ᠢ ᠢᠯᠡᠷᠡᠬᠦᠯᠦᠭ᠌ᠰᠡᠨ ᠪᠠᠢᠨ᠎ᠠ᠃
ᠬᠠᠭᠤᠴᠢ ᠰᠤᠳᠤᠯᠤᠭ᠍ᠴᠢ ᠡᠷᠲᠡᠮᠲᠡᠨ ᠬᠡᠤ ᠱᠢᠶᠤᠤ ᠨᠦᠩ᠄ 《ᠨᠠᠢᠷ᠎ᠤᠨ ᠲᠤᠯᠤᠭᠠᠢ ᠭᠠᠴᠠᠭᠠᠨ᠎ᠤ ᠡᠷᠲᠡᠨ᠎ᠤ ᠪᠠᠭᠤᠷᠢ ᠲᠤᠰ ᠬᠤᠱᠢᠭᠤᠨ᠎ᠤ ᠵᠡᠬᠦᠨ ᠡᠮᠦᠨ᠎ᠡ ᠬᠡᠰᠡᠭ᠎ᠲᠤ ᠪᠠᠢᠷᠢᠯᠠᠵᠤ᠂ ᠲᠠᠯᠠᠪᠠᠢ᠎ᠪᠠᠷ ᠮᠠᠰᠢ ᠶᠡᠭᠡ᠂ ᠶᠡᠷᠦᠩᠬᠡᠢ᠎ᠳᠡᠭᠡᠨ ᠭᠤᠷᠪᠠᠨ ᠬᠡᠰᠡᠭ᠎ᠢᠶᠠᠷ ᠪᠦᠷᠢᠯᠳᠦᠵᠡᠢ᠃ ᠡᠬᠦᠨ᠎ᠳᠤ ᠨᠢᠭᠡ᠂ ᠬᠤᠶᠠᠳᠤᠭᠠᠷ ᠬᠡᠰᠡᠭ᠎ᠨᠢ ᠡᠷᠲᠡᠨ᠎ᠤ ᠱᠢᠨ᠎ᠡ ᠴᠢᠯᠠᠭᠤᠨ ᠵᠡᠪᠰᠡᠭ᠎ᠤᠨ ᠴᠠᠭ ᠦᠶ᠎ᠡ᠎ᠶ᠋ᠢᠨ ᠪᠠᠭᠤᠷᠢ᠂ ᠭᠤᠷᠪᠠᠳᠤᠭᠠᠷ ᠬᠡᠰᠡᠭ᠎ᠨᠢ ᠱᠢᠶᠠᠨᠪᠢᠶ᠋ᠢᠨ ᠪᠤᠯᠠᠱᠢᠨ ᠰᠦᠷᠦᠭ᠌ᠵᠢᠯ ᠪᠤᠯᠤᠨ᠎ᠠ᠃ ᠱᠢᠨ᠎ᠡ ᠴᠢᠯᠠᠭᠤᠨ ᠵᠡᠪᠰᠡᠭ᠎ᠤᠨ ᠦᠶ᠎ᠡ᠎ᠶ᠋ᠢᠨ ᠪᠠᠭᠤᠷᠢ 8000 ᠠᠴᠠ 7500 ᠵᠢᠯ᠎ᠤᠨ ᠡᠮᠦᠨᠡᠬᠢ ᠲᠡᠤᠬᠡ᠎ᠲᠠᠢ᠃ ᠡᠨᠡ᠎ᠨᠢ ᠤᠮᠠᠷᠠᠲᠦ᠎ᠶ᠋ᠢᠨ ᠲᠠᠯ᠎ᠠ ᠨᠤᠲᠤᠭ᠂ ᠤᠨᠴᠠᠭᠠᠢᠯᠠᠨ ᠱᠢᠯᠢ᠎ᠶ᠋ᠢᠨ ᠭᠤᠤᠯ ᠠᠢᠮᠠᠭ᠎ᠠᠴᠠ ᠢᠯᠡᠷᠡᠬᠦᠯᠦᠭ᠌ᠰᠡᠨ ᠠᠩᠬᠠᠳᠠᠭ᠍ᠴᠢ ᠲᠤᠮᠤ ᠬᠡᠯᠪᠡᠷᠢ᠎ᠶ᠋ᠢᠨ ᠰᠠᠭᠤᠷᠢᠱᠢᠯ᠎ᠤᠨ ᠦᠯᠡᠳᠡᠭ᠌ᠳᠡᠯ ᠪᠠᠢᠵᠤ᠂ ᠤᠳᠤ ᠪᠤᠯᠲᠠᠯ᠎ᠠ 2500 ᠳᠡᠭ᠌ᠰᠢ ᠳᠦᠷᠪᠡᠯᠵᠢᠨ ᠮᠧᠲᠷ ᠬᠠᠢᠨ ᠱᠢᠨᠵᠢᠯᠡᠯᠲᠡ ᠬᠢᠵᠤ᠂ ᠡᠷᠲᠡ ᠦᠶ᠎ᠡ᠎ᠶ᠋ᠢᠨ ᠴᠠᠭ ᠬᠤᠭᠤᠴᠠᠭᠠᠨ᠎ᠤ 27 ᠭᠡᠷ᠎ᠤᠨ ᠪᠠᠭᠤᠷᠢ᠂ 1 ᠪᠤᠯᠠᠰᠢ᠎ᠶ᠋ᠢ ᠨᠡᠭᠡᠭᠡᠨ ᠱᠢᠨᠵᠢᠯᠡᠵᠤ᠂ ᠱᠢᠶᠠᠨᠪᠢᠶ᠋ᠢᠨ ᠦᠶ᠎ᠡ᠎ᠶ᠋ᠢᠨ 15 ᠪᠤᠰᠤᠭ᠎ᠠ ᠨᠦᠬᠡᠲᠦ ᠱᠢᠷᠤᠢ᠎ᠶ᠋ᠢᠨ ᠤᠩᠭᠤ᠎ᠨᠢ ᠨᠡᠭᠡᠭᠡᠨ ᠱᠢᠨᠵᠢᠯᠡᠵᠠᠢ》 ᠭᠡᠵᠤ ᠲᠠᠨᠢᠯᠴᠠᠭᠤᠯᠪᠠ᠃
ᠨᠠᠢᠷ᠎ᠤᠨ ᠲᠤᠯᠤᠭᠠᠢ ᠭᠠᠴᠠᠭᠠᠨ᠎ᠤ ᠱᠢᠶᠠᠨᠪᠢᠶ᠋ᠢᠨ ᠤᠩᠭᠤᠨ ᠪᠤᠯᠠᠱᠢᠨᠤ ᠰᠦᠷᠦᠭ᠌ᠵᠢᠯ᠎ᠢ 1986 ᠤᠨ᠎ᠳᠤ ᠤᠯᠤᠰ᠎ᠤᠨ ᠬᠤᠶᠠᠳᠤᠭᠠᠷ ᠤᠳᠠᠭᠠᠨ᠎ᠤ ᠲᠡᠤᠬᠡᠨ ᠳᠤᠷᠠᠰᠭᠠᠯ᠎ᠲᠦ ᠵᠦᠢᠯᠡᠰ᠎ᠤᠨ ᠨᠡᠢᠲᠡᠮ ᠪᠠᠢᠴᠠᠭᠠᠯᠲᠠ᠎ᠪᠠᠷ ᠢᠯᠡᠷᠡᠬᠦᠯᠵᠤ᠂ 2019 ᠤᠨ᠎ᠳᠤ ᠪᠠᠢᠴᠠᠭᠠᠯᠲᠠ᠎ᠪᠠᠷ ᠳᠠᠮᠵᠢᠨ ᠪᠤᠯᠠᠱᠢᠨᠤ ᠰᠦᠷᠦᠭ᠌ᠵᠢᠯ᠎ᠤᠨ ᠬᠤᠢᠳᠤ ᠬᠡᠰᠡᠭ᠎ᠲᠤ ᠶᠡᠭᠡ ᠬᠡᠪᠴᠢᠶᠡᠨ᠎ᠤ ᠱᠢᠨ᠎ᠡ ᠴᠢᠯᠠᠭᠤᠨ ᠵᠡᠪᠰᠡᠭ᠎ᠤᠨ ᠦᠶ᠎ᠡ᠎ᠶ᠋ᠢᠨ ᠪᠦᠯᠦᠭ᠌ᠯᠡᠨ ᠰᠠᠭᠤᠷᠢᠱᠢᠵᠤ ᠪᠠᠢᠭ᠍ᠰᠠᠨ ᠦᠯᠡᠳᠡᠭ᠌ᠳᠡᠯ ᠪᠠᠭᠤᠷᠢ᠎ᠶ᠋ᠢ ᠢᠯᠡᠷᠡᠬᠦᠯᠵᠠᠢ᠃ ᠲᠤᠰ ᠤᠳᠠᠭᠠᠨ᠎ᠤ ᠬᠠᠢᠨ ᠱᠢᠨᠵᠢᠯᠡᠯᠲᠡ᠎ᠪᠠᠷ ᠱᠢᠨ᠎ᠡ ᠴᠢᠯᠠᠭᠤᠨ ᠵᠡᠪᠰᠡᠭ᠎ᠤᠨ ᠡᠷᠲᠡ ᠦᠶ᠎ᠡ᠎ᠶ᠋ᠢᠨ 270 ᠭᠠᠷᠤᠢ ᠭᠡᠷ᠎ᠤᠨ ᠪᠠᠭᠤᠷᠢ᠂ ᠱᠢᠶᠠᠨᠪᠢᠶ᠋ᠢᠨ ᠡᠷᠲᠡ ᠦᠶ᠎ᠡ᠎ᠶ᠋ᠢᠨ ᠪᠤᠯᠠᠰᠢ᠎ᠶ᠋ᠢ ᠢᠯᠡᠷᠡᠬᠦᠯᠵᠤ᠂ ᠭᠡᠷ᠎ᠤᠨ ᠪᠠᠭᠤᠷᠢ ᠪᠤᠯᠤᠨ ᠪᠤᠯᠠᠱᠢᠨ ᠰᠦᠷᠦᠭ᠌ᠵᠢᠯ᠎ᠠᠴᠠ ᠠᠮᠢᠲᠠᠨ᠎ᠤ ᠠᠷᠤᠭ ᠶᠠᠰᠤ᠂ ᠸᠠᠭᠠᠷ ᠰᠠᠪᠠ᠂ ᠶᠠᠰᠤᠨ ᠬᠡᠷᠡᠭ᠌ᠰᠡᠯ ᠪᠤᠯᠤᠨ ᠴᠢᠯᠠᠭᠤᠨ ᠵᠡᠪᠰᠡᠭ ᠤᠯᠳᠠᠵᠤ᠂ ᠭᠡᠷ᠎ᠤᠨ ᠬᠤᠶᠠᠷ ᠳᠠᠪᠬᠤᠷ ᠶᠠᠨᠳᠠᠷ᠂ ᠪᠠᠭᠠᠨ᠎ᠠ᠎ᠶ᠋ᠢᠨ ᠨᠦᠬᠡ᠂ ᠵᠤᠤᠬ᠎ᠠ᠎ᠶ᠋ᠢ ᠢᠯᠡᠷᠡᠬᠦᠯᠦᠭ᠌ᠰᠡᠨ ᠪᠠᠢᠨ᠎ᠠ᠃ ᠲᠤᠰ ᠢᠯᠡᠷᠡᠬᠦᠯᠦᠯᠲᠡ᠎ᠨᠢ ᠳᠤᠮᠳᠠᠳᠦ ᠤᠯᠤᠰ᠎ᠤᠨ ᠤᠮᠠᠷᠠᠲᠦ ᠤᠷᠤᠨ᠎ᠤ ᠲᠠᠯ᠎ᠠ ᠨᠤᠲᠤᠭ᠎ᠤᠨ ᠱᠢᠨ᠎ᠡ ᠴᠢᠯᠠᠭᠤᠨ ᠵᠡᠪᠰᠡᠭ᠎ᠤᠨ ᠦᠶ᠎ᠡ᠎ᠶ᠋ᠢᠨ ᠡᠷᠲᠡᠨ᠎ᠤ ᠬᠠᠭᠤᠴᠢ ᠰᠤᠳᠤᠯᠤᠯ᠎ᠤᠨ ᠰᠤᠶᠤᠯ᠎ᠢ ᠤᠯᠠᠮ ᠨᠢᠭᠡ ᠠᠯᠬᠤᠮ ᠢᠯᠡᠷᠡᠬᠦᠯᠬᠦ᠌ ᠪᠠ ᠵᠡᠬᠦᠨ ᠬᠤᠢᠲᠦ ᠠᠽᠢᠶ᠎ᠠ᠎ᠶ᠋ᠢᠨ ᠡᠷᠲᠡ ᠦᠶ᠎ᠡ᠎ᠶ᠋ᠢᠨ ᠰᠤᠶᠤᠯ᠎ᠤᠨ ᠲᠦᠷᠦᠯ ᠬᠡᠯᠪᠡᠷᠢ᠂ ᠳᠤᠮᠳᠠᠲᠦ ᠤᠯᠤᠰ᠎ᠤᠨ ᠤᠮᠠᠷᠠᠲᠦ ᠤᠷᠤᠨ᠎ᠤ ᠪᠠᠯᠠᠷ ᠡᠷᠲᠡᠨ᠎ᠤ ᠦᠢᠯᠡᠳᠪᠦᠷᠢᠯᠡᠯ ᠠᠮᠢᠳᠤᠷᠠᠯ᠎ᠤᠨ ᠬᠡᠯᠪᠡᠷᠢ ᠪᠠᠢᠳᠠᠯ᠎ᠢ ᠰᠤᠳᠤᠯᠬᠤ᠎ᠳᠤ ᠨᠡᠩ ᠤᠯᠠᠨ ᠰᠦᠪᠡᠭ᠌ᠴᠢ ᠬᠠᠩᠭᠠᠭ᠍ᠰᠠᠨ ᠪᠠᠢᠨ᠎ᠠ᠃
ᠬᠠᠭᠤᠴᠢ ᠰᠤᠳᠤᠯᠤᠭ᠍ᠴᠢ ᠡᠷᠲᠡᠮᠲᠡᠨ ᠬᠡᠤ ᠱᠢᠶᠤᠤ ᠨᠦᠩ᠄ 《ᠤᠮᠠᠷᠠᠲᠦ᠎ᠶ᠋ᠢᠨ ᠲᠠᠯ᠎ᠠ ᠨᠤᠲᠤᠭ᠂ ᠴᠢᠨᠠᠭ᠍ᠰᠢᠯᠠᠪᠠᠯ ᠮᠤᠩᠭᠤᠯ᠎ᠤᠨ ᠦᠨᠳᠦᠷᠯᠢᠭ᠎ᠲᠤ ᠡᠢᠮᠦᠷᠬᠦ᠌ ᠦᠯᠡᠳᠡᠭ᠌ᠳᠡᠯ ᠮᠠᠰᠢ ᠬᠤᠪᠤᠷ ᠳᠤᠬᠢᠶᠠᠯᠳᠤᠳᠠᠭ᠂ ᠡᠨᠡ᠎ᠨᠢ ᠮᠠᠰᠢ ᠴᠢᠬᠤᠯᠠ ᠦᠢᠯᠡᠳᠦᠯ᠎ᠲᠠᠢ᠂ ᠡᠷᠲᠡ ᠦᠶ᠎ᠡ᠎ᠶ᠋ᠢᠨ ᠲᠠᠯ᠎ᠠ ᠨᠤᠲᠤᠭ᠎ᠤᠨ ᠰᠤᠶᠤᠯ᠂ ᠲᠠᠯ᠎ᠠ ᠨᠤᠲᠤᠭ᠎ᠤᠨ ᠪᠤᠯᠪᠠᠰᠤᠨ᠂ ᠠᠮᠢ ᠠᠬᠤᠢ ᠤᠷᠴᠢᠨ ᠲᠤᠭᠤᠷᠢᠨ ᠵᠢᠴᠢ ᠬᠠᠮᠢᠶ᠎ᠠ ᠪᠦᠬᠦᠢ ᠠᠮᠢᠳᠦ ᠪᠤᠳᠠᠰ᠎ᠤᠨ ᠬᠦᠭ᠌ᠵᠢᠯᠲᠡ᠎ᠶ᠋ᠢᠨ ᠶᠠᠪᠤᠴᠠ᠎ᠶ᠋ᠢ ᠰᠤᠳᠤᠯᠬᠤ᠎ᠳᠤ ᠮᠠᠰᠢ ᠴᠢᠬᠤᠯᠠ ᠪᠤᠳᠠᠳᠦ ᠮᠠᠲ᠋ᠧᠷᠢᠶᠠᠯ ᠬᠠᠩᠭᠠᠬᠤ ᠪᠤᠯᠤᠨ᠎ᠠ》 ᠭᠡᠵᠤ ᠪᠠᠢᠯ᠎ᠠ᠃
ᠤᠳᠤᠬᠠᠨ᠎ᠳᠤ ᠡᠨᠡᠬᠦ᠌ ᠠᠵᠢᠯ᠎ᠨᠢ ᠱᠢᠪᠳᠤᠷᠭᠠᠨᠤ ᠦᠶ᠎ᠡ᠎ᠳᠡᠭᠡᠨ ᠤᠷᠤᠵᠤ᠂ ᠳᠠᠷᠠᠭ᠎ᠠ ᠠᠯᠬᠤᠮ᠎ᠳᠤ ᠳᠤᠰᠭᠠᠢ ᠮᠡᠷᠭᠡᠵᠢᠯᠲᠡᠨ᠎ᠠᠴᠠ ᠢᠯᠡᠷᠡᠬᠦᠯᠦᠭ᠌ᠰᠡᠨ ᠬᠠᠭᠤᠴᠢ ᠪᠤᠳᠠᠰ᠎ᠲᠤ ᠤᠯᠠᠮ ᠨᠢᠭᠡ ᠠᠯᠬᠤᠮ ᠱᠢᠨᠵᠢᠯᠡᠬᠦ᠌ ᠤᠬᠠᠭᠠᠨᠴᠢ ᠵᠠᠳᠠᠯᠤᠯᠲᠠ ᠬᠢᠬᠦ᠌᠎ᠪᠠᠷ ᠪᠠᠢᠨ᠎ᠠ᠃