ᠲᠡᠯᠭᠡᠷ ᠨᠤᠳᠤᠭ᠎ᠲᠠᠭᠠᠨ ᠲᠠᠮᠠᠭᠠᠯᠠᠭ᠍ᠰᠠᠨ ᠨᠤᠮᠢᠨ ᠨᠤᠭᠤᠭᠠᠨ ᠤᠯᠠ ᠮᠦᠷ
2020-10-14 10:23:31
ᠵᠣᠬᠢᠶᠠᠭ᠍ᠴᠢ᠄
ᠡᠷᠳᠡᠨᠢᠵᠢᠷᠭᠠᠯ ᠰᠠᠳᠮᠠᠨᠢ ᠬᠤᠤᠰᠪᠢᠯᠢᠭ᠌
ᠣᠩᠱᠢᠭ᠍ᠰᠠᠨ ᠣᠳᠠᠭ᠎ᠠ᠄
★★★☆☆

— ᠠᠵᠢᠯ᠎ᠤᠨ ᠠᠮᠠᠷᠠᠯᠳᠠ᠎ᠪᠠᠨ ᠠᠪᠣᠬ᠍ᠰᠠᠨ ᠺᠠᠳ᠋ᠷ ᠬᠤᠨᠭ᠌ᠭᠢᠷᠠᠳ ᠲᠠᠯᠠᠢ᠎ᠶ᠋ᠢᠨ ᠨᠣᠭᠤᠭᠠᠷᠠᠭᠤᠯᠣᠯᠳᠠ᠎ᠶ᠋ᠢᠨ ᠥᠢᠯᠡᠰ᠎ᠲᠤ ᠵᠢᠳᠬᠦᠭ᠌ᠰᠡᠨ ᠥᠢᠯᠡ ᠠᠵᠢᠯᠯᠠᠭ᠎ᠠ᠎ᠶ᠋ᠢ ᠲᠡᠮᠳᠡᠭ᠌ᠯᠡᠪᠡ

ᠲᠦᠷᠦᠯᠬᠢ ᠨᠤᠲᠤᠭ᠎ᠤᠨ᠎ᠢᠶᠠᠨ ᠠᠭᠤᠯᠠ ᠤᠰᠤ ᠤᠢ ᠬᠦᠪᠴᠢ ᠪᠦᠬᠦᠨ᠎ᠢ ᠨᠠᠨᠳᠢᠩᠨᠠᠨ ᠪᠡᠶ᠎ᠡ ᠰᠡᠳᠭᠢᠯ᠎ᠲᠠᠢ᠎ᠪᠠᠨ ᠬᠤᠯᠪᠤᠵᠦ᠍᠂ ᠬᠠᠢᠷᠠᠯᠠᠵᠤ ᠲᠡᠭᠡᠳᠦᠯᠡᠳᠡᠭ᠎ᠨᠢ ᠬᠤᠩᠬᠢᠷᠠᠳ ᠳᠠᠯᠠᠢ᠎ᠶ᠋ᠢᠨ ᠡᠨᠡ ᠨᠠᠰᠤᠨ᠎ᠤ ᠦᠢᠯᠡ ᠤᠴᠢᠷ ᠪᠠᠢᠭ᠎ᠠ᠃ 40 ᠭᠠᠷᠣᠢ ᠵᠢᠯ᠎ᠤᠨ ᠲᠤᠷᠰᠢ᠂ ᠲᠡᠷᠡ ᠡᠬᠡ ᠨᠣᠳᠤᠬ᠎ᠤᠨ᠎ᠢᠶᠠᠨ ᠨᠤᠭᠤᠭᠠᠷᠠᠭᠤᠯᠤᠯᠳᠡ᠎ᠶ᠋ᠢᠨ ᠥᠢᠯᠡᠰ᠎ᠲᠤ ᠵᠢᠳᠬᠦᠵᠥ᠍᠂ ᠡᠷᠢᠯ᠎ᠤᠨ ᠤᠯᠠ ᠮᠥᠷ᠎ᠢᠶᠠᠨ ᠡᠯᠡᠰᠣ ᠮᠠᠩᠬᠠᠨ᠎ᠳᠤ ᠲᠠᠮᠠᠭᠠᠯᠠᠵᠣ ᠬᠦᠮᠥᠨ ᠠᠷᠠᠳ᠎ᠤᠨ᠎ᠢᠶᠠᠨ ᠦᠷᠦᠴᠡ ᠵᠢᠷᠦᠬᠡᠨ᠎ᠳᠤ ᠦᠨᠢᠳᠡ᠎ᠶ᠋ᠢᠨ ᠨᠤᠭᠤᠭᠠᠨ ᠠᠶᠠᠯᠭᠤ ᠪᠤᠯᠵᠤ ᠬᠠᠩᠬᠢᠨᠠᠭ᠍ᠰᠠᠨ ᠪᠠᠢᠨ᠎ᠠ᠃

ᠬᠤᠩᠬᠢᠷᠠᠳ ᠳᠠᠯᠠᠢ᠂ ᠣᠷᠳᠣᠰ ᠬᠤᠲᠠ᠎ᠶ᠋ᠢᠨ ᠡᠵᠡᠨ ᠬᠤᠷᠤᠭ᠎ᠠ ᠬᠤᠱᠢᠭᠤᠨ᠎ᠤ ᠵᠠᠰᠠᠭ ᠪᠠᠯᠭᠠᠰᠤᠨ᠎ᠤ ᠴᠠᠭᠠᠨᠨᠠᠭᠤᠷ ᠭᠠᠴᠠᠭ᠎ᠠ᠎ᠪᠠᠷ ᠨᠤᠲᠤᠭ᠍ᠲᠡᠢ᠂ ᠤᠢ ᠱᠢᠭᠤᠢ᠎ᠶ᠋ᠢᠨ ᠳᠡᠭᠡᠳᠦ ᠵᠡᠷᠬᠡ᠎ᠶ᠋ᠢᠨ ᠢᠨᠵᠧᠨᠧᠷ᠃ 1974 ᠣᠨ᠎ᠳᠤ ᠥᠪᠥᠷ ᠮᠣᠩᠭᠤᠯ᠎ᠤᠨ ᠤᠢ ᠱᠢᠭᠤᠢ᠎ᠶ᠋ᠢᠨ ᠳᠡᠭᠡᠳᠦ ᠰᠤᠷᠭᠠᠭᠤᠯᠢ᠎ᠶ᠋ᠢᠨ ᠡᠯᠡᠰᠦ᠎ᠶ᠋ᠢ ᠵᠠᠰᠠᠵᠤ ᠣᠢᠵᠢᠭᠤᠯᠬᠤ ᠲᠤᠰᠭᠠᠢ ᠮᠡᠷᠭᠡᠵᠢᠯ᠎ᠤᠨ ᠰᠠᠯᠪᠤᠷᠢ᠎ᠠᠴᠠ ᠲᠡᠬᠦᠰᠦᠬᠡᠳ ᠡᠵᠡᠨ ᠬᠤᠷᠤᠭ᠎ᠠ ᠬᠤᠱᠢᠭᠤᠨ᠎ᠤ ᠤᠢ ᠱᠢᠭᠤᠢ᠎ᠶ᠋ᠢᠨ  ᠲᠣᠪᠴᠢᠶ᠎ᠡ᠎ᠳᠤ ᠠᠵᠢᠯ᠎ᠤᠨ ᠬᠤᠪᠢᠶᠠᠷᠢ ᠠᠪᠴᠤ᠌᠂ ᠤᠳᠠᠯ ᠦᠬᠡᠢ ᠬᠤᠱᠢᠭᠤᠨ᠎ᠤ ᠱᠢᠨ᠎ᠠ ᠵᠡᠬᠡᠯᠢ ᠡᠯᠡᠰᠦ᠎ᠶ᠋ᠢ ᠵᠠᠰᠠᠬᠤ ᠦᠷᠳᠡᠭᠡ᠎ᠳᠤ ᠮᠡᠷᠬᠡᠵᠢᠯ᠎ᠤᠨ ᠠᠵᠢᠯᠳᠠᠨ᠎ᠢᠶᠠᠷ ᠠᠵᠢᠯᠯᠠᠵᠡᠢ᠃ ᠲᠤᠬᠠᠢ᠎ᠶ᠋ᠢᠨ ᠦᠶ᠎ᠡ᠎ᠳᠤ ᠤᠯᠤᠰ᠎ᠤᠨ ᠤᠢ ᠱᠢᠭᠤᠢ᠎ᠶ᠋ᠢᠨ ᠶᠠᠮᠤᠨ᠎ᠠᠴᠠ ᠤᠮᠠᠷᠠᠳᠦ ᠤᠷᠤᠨ᠎ᠤ ᠡᠯᠡᠰᠦᠷᠬᠡᠭ ᠭᠠᠵᠠᠷ᠎ᠲᠤ ᠨᠢᠰᠭᠡᠯ᠎ᠢᠶᠠᠷ ᠤᠢ᠍ᠢᠵᠢᠭᠤᠯᠬᠤ ᠲᠤᠷᠱᠢᠯᠳᠡ᠎ᠶ᠋ᠢᠨ ᠴᠡᠭ ᠭᠠᠷᠭᠠᠪᠠ᠃ ᠮᠡᠷᠬᠡᠵᠢᠯ᠎ᠤᠨ ᠠᠵᠢᠯᠳᠠᠨ ᠪᠤᠯᠤᠭ᠍ᠰᠠᠨ᠎ᠤ ᠬᠤᠪᠢ᠎ᠳᠤ ᠬᠤᠨᠭ᠌ᠬᠢᠷᠠᠳ ᠲᠠᠯᠠᠢ ᠬᠦᠨᠳᠦ ᠡᠬᠦᠷᠬᠡ᠎ᠶ᠋ᠢ ᠵᠤᠷᠢᠬ᠍ᠳᠡᠢ ᠡᠬᠦᠷᠬᠡᠯᠡᠵᠦ᠍᠂ 4 ᠤᠳᠠᠭ᠎ᠠ ᠬᠤᠨᠢᠴᠢᠨᠭᠤᠤᠯ᠎ᠤᠨ ᠠᠵᠢᠯᠯᠠᠬᠤ ᠲᠤᠭᠤᠷᠢᠭ᠎ᠲᠤ ᠬᠦᠷᠴᠦ᠍ ᠨᠢᠰᠭᠡᠯ᠎ᠤᠨ ᠲᠠᠯᠠᠪᠡᠢ᠎ᠶ᠋ᠢ ᠰᠡᠯᠪᠢᠨ ᠪᠠᠢᠭᠤᠯᠬᠤ ᠠᠵᠢᠯ᠎ᠳᠤ ᠤᠷᠤᠯᠴᠠᠵᠡᠢ᠃ ᠲᠡᠷᠡ ᠠᠢᠮᠠᠭ᠎ᠤᠨ᠎ᠢᠶᠠᠨ ᠨᠢᠭᠡᠳᠦᠭᠡᠷ ᠤᠳᠠᠭᠠᠨ᠎ᠤ ᠣᠢ ᠱᠢᠭᠤᠶ᠎ᠶ᠋ᠢᠨ ᠨᠡᠢᠳᠡᠮ ᠪᠠᠢᠴᠠᠭᠠᠯᠲᠠ᠎ᠶ᠋ᠢᠨ ᠠᠵᠢᠯ᠎ᠳᠤ ᠵᠦᠭ᠌ᠯᠡᠭᠦᠷ᠎ᠢᠶᠠᠷ ᠣᠷᠣᠨ ᠪᠠᠢᠷᠢ᠎ᠶ᠋ᠢ ᠲᠣᠭ᠍ᠲᠠᠭᠠᠬᠤ᠂ ᠲᠠᠯᠠᠪᠡᠢ᠎ᠶ᠋ᠢ ᠬᠡᠮᠵᠢᠵᠦ᠍ ᠵᠢᠷᠤᠵᠦ᠍ ᠲᠦᠯᠦᠪᠯᠡᠬᠦ᠌ ᠵᠡᠷᠬᠡ ᠠᠵᠢᠯ᠎ᠢ ᠬᠠᠷᠢᠭᠤᠴᠠᠵᠤ᠂ ᠡᠬᠦᠷᠬᠡ᠎ᠪᠠᠨ ᠠᠮᠵᠢᠯᠳᠡ᠎ᠲᠠᠢ ᠪᠡᠶᠡᠯᠡᠬᠦᠯᠵᠡᠢ᠃ ᠢᠡᠭ᠌ᠬᠢᠬᠡᠳ ᠱᠢᠨ᠎ᠠ ᠵᠡᠬᠡᠯᠢ᠎ᠶ᠋ᠢᠨ ᠡᠯᠡᠰᠦ᠎ᠶ᠋ᠢ ᠵᠠᠰᠠᠬᠤ ᠦᠷᠳᠡᠭᠡ 10 ᠭᠠᠷᠤᠢ ᠵᠢᠯ᠎ᠤᠨ ᠲᠤᠷᠰᠢ ᠤᠢ ᠱᠢᠭᠤᠢ᠎ᠶ᠋ᠢᠨ ᠶᠠᠮᠤᠨ᠎ᠲᠠᠢ ᠬᠤᠷᠱᠢᠨ ᠠᠵᠢᠯᠯᠠᠵᠦ᠍ ᠡᠬᠦᠷᠬᠡ᠎ᠪᠠᠨ ᠠᠮᠵᠢᠯᠳᠡ᠎ᠲᠠᠢ ᠪᠡᠶᠡᠯᠡᠬᠦᠯᠦᠭ᠌ᠰᠡᠨ᠎ᠢᠶᠠᠷ ᠦᠪᠡᠷᠳᠡᠭᠡᠨ ᠵᠠᠰᠠᠬᠤ ᠤᠷᠤᠨ᠎ᠤ ᠨᠢᠰᠭᠡᠯ᠎ᠢᠶᠠᠷ ᠤᠢ᠍ᠢᠵᠢᠭᠤᠯᠬᠤ ᠱᠢᠨᠵᠢᠯᠡᠬᠦ᠌ ᠤᠬᠠᠭᠠᠠ ᠲᠧᠭ᠌ᠨᠢᠭ ᠮᠡᠷᠬᠡᠵᠢᠯ᠎ᠤᠨ ᠦᠷ᠎ᠡ ᠪᠦᠳᠦᠬᠡᠯ᠎ᠤᠨ ᠬᠤᠶᠠᠳᠤᠭᠠᠷ ᠲᠡᠰ᠎ᠤᠨ ᠱᠡᠩᠨᠠᠯ᠎ᠢ ᠬᠦᠷᠳᠡᠭ᠌ᠰᠡᠨ ᠪᠠᠢᠨ᠎ᠠ᠃


downLoad-20201014101706.png


ᠳᠡᠭᠡᠷ᠎ᠡ ᠵᠠᠭᠤᠨ᠎ᠤ ᠲᠠᠯᠠᠭᠠᠳ ᠤᠨ᠎ᠤ ᠰᠡᠬᠦᠯᠴᠢ᠎ᠪᠠᠷ ᠬᠤᠨᠭ᠌ᠬᠢᠷᠡᠳ ᠲᠠᠯᠠᠢ ᠤᠢ ᠱᠢᠭᠤᠢ᠎ᠶ᠋ᠢᠨ ᠠᠵᠢᠯᠳᠠᠳ᠎ᠢᠶᠠᠨ ᠲᠠᠭᠠᠭᠤᠯᠵᠦ᠍ ᠤᠯᠠᠭᠠᠨ ᠲᠤᠭ ᠠᠵᠢᠯᠯᠠᠬᠤ ᠲᠤᠭᠤᠷᠢᠭ᠎ᠲᠤ 800 ᠮᠦ᠍᠎ᠶ᠋ᠢᠨ ᠴᠢᠬᠢ ᠪᠤᠢᠵᠢᠭᠤᠯᠬᠤ ᠭᠠᠵᠠᠷ᠎ᠢ ᠲᠦᠯᠦᠪᠯᠡᠬᠦ᠌ ᠠᠵᠢᠯ᠎ᠢᠶᠠᠨ ᠡᠬᠢᠯᠡᠬᠦᠯᠵᠡᠢ᠃ ᠲᠠᠷᠡ ᠠᠵᠢᠯᠳᠡᠳ᠎ᠲᠠᠢ᠎ᠪᠠᠨ ᠡᠳᠦᠷ᠎ᠨᠢ ᠬᠡᠬᠡᠷ᠎ᠠ ᠠᠵᠢᠯᠯᠠᠵᠦ᠍᠂ ᠰᠦᠨᠢ᠎ᠨᠢ ᠳ᠋ᠸᠡᠭ᠎ᠤᠨ ᠳᠣᠣᠷ᠎ᠠ ᠵᠢᠷᠤᠭ ᠲᠦᠯᠦᠪᠯᠡᠭᠡ ᠭᠠᠷᠭᠠᠵᠦ᠍᠂ ᠨᠢᠬᠡ ᠯᠠ ᠰᠡᠳᠭᠢᠯ᠎ᠢᠶᠠᠷ ᠴᠢᠬᠢ ᠮᠤᠳᠤ᠎ᠪᠠᠨ ᠪᠤᠢᠵᠢᠭᠤᠯᠪᠠ᠃ ᠰᠡᠬᠦᠯᠡᠷ᠎ᠨᠢ ᠪᠠᠰᠠ ᠬᠤᠨᠢᠴᠢᠨᠭᠤᠤᠯ᠎ᠳᠤ ᠬᠦᠷᠴᠦ᠍ ᠡᠯᠡᠰᠦᠷᠭᠡᠭ ᠭᠠᠵᠠᠷ᠎ᠲᠤ ᠨᠠᠷᠠᠰᠤᠨ ᠮᠤᠳᠦ ᠲᠠᠷᠢᠬᠤ ᠲᠤᠷᠱᠢᠯᠳᠡ ᠬᠢᠵᠦ᠍ 2800 ᠮᠦ᠍ ᠲᠠᠷᠢᠭᠠᠳ ᠡᠳᠦᠬᠡ 1900 ᠮᠦ᠍᠎ᠨᠢ ᠬᠠᠳᠠᠭᠠᠯᠠᠭ᠍ᠳᠠᠵᠤ᠂ ᠲᠤᠷᠱᠢᠯᠳᠡ᠎ᠶ᠋ᠢᠨ ᠲᠦᠷᠦᠯ ᠵᠦᠢᠯ ᠠᠮᠵᠢᠯᠳᠡ ᠤᠯᠤᠭ᠍ᠰᠠᠨ ᠪᠠᠢᠨ᠎ᠠ᠃ ᠬᠤᠢᠳᠦ ᠲᠤᠭᠠᠡᠭ᠎ᠤᠨ ᠱᠢᠯᠢ ᠠᠵᠢᠯᠯᠠᠬᠤ ᠲᠤᠭᠤᠷᠢᠭ᠎ᠤᠨ ᠲᠤᠷᠯᠤᠭ᠎ᠤᠨ ᠦᠷ᠎ᠡ᠎ᠶ᠋ᠢᠨ ᠰᠠᠭᠤᠷᠢᠨ᠎ᠢ ᠪᠦᠳᠦᠬᠡᠨ ᠪᠠᠢᠭᠤᠯᠬᠤ ᠠᠵᠢᠯ᠎ᠢ ᠡᠷᠬᠢᠯᠡᠨ 600 ᠮᠦ᠍᠎ᠶ᠋ᠢ ᠪᠦᠬᠦᠨ᠎ᠢ ᠠᠮᠵᠢᠯᠳᠡ᠎ᠲᠠᠢ᠎ᠪᠠᠷ ᠲᠦᠯᠦᠪᠵᠢᠬᠦᠯᠦᠭ᠌ᠰᠡᠨ ᠮᠦᠷᠳᠡᠭᠡᠨ ᠵᠢᠯ᠎ᠳᠤ 420 ᠺᠢᠯᠥᠭ᠌ᠷᠠᠮ ᠦᠷ᠎ᠡ ᠲᠡᠬᠦᠵᠦ᠍᠂ ᠲᠤᠰ ᠦᠷᠳᠡᠭᠡᠨ᠎ᠤ ᠡᠯᠡᠰᠦ᠎ᠶ᠋ᠢ ᠵᠠᠰᠠᠬᠤ ᠠᠵᠢᠯ᠎ᠳᠤ ᠦᠷ᠎ᠡ᠎ᠶ᠋ᠢᠨ ᠰᠤᠷᠪᠤᠯᠵᠢ᠎ᠶ᠋ᠢᠨ ᠪᠠᠳᠤᠯᠠᠭ᠎ᠠ ᠬᠠᠨᠭ᠌ᠭᠠᠭ᠍ᠰᠠᠨ᠎ᠢᠶᠠᠷ ᠪᠠᠷᠠᠬᠤ ᠦᠬᠡᠢ ᠤᠷᠤᠨ ᠨᠤᠲᠤᠭ᠎ᠤᠨ ᠡᠯᠡᠰᠦ᠎ᠶ᠋ᠢ ᠵᠠᠰᠠᠵᠦ᠍ ᠡᠪᠡᠰᠦ ᠲᠠᠷᠢᠬᠤ ᠠᠤᠭ᠎ᠠ ᠦᠢᠯᠡᠰ᠎ᠲᠤ ᠬᠤᠪᠢ ᠨᠡᠮᠡᠷᠢ᠎ᠪᠠᠨ ᠦᠵᠡᠬᠦᠯᠵᠡᠢ᠃

1991 ᠤᠨ᠎ᠳᠤ ᠲᠡᠬᠦᠨ᠎ᠤ ᠲᠡᠭᠠᠭᠠᠴᠢᠯᠠᠠ ᠡᠷᠬᠢᠯᠡᠭ᠌ᠰᠡᠨ 《ᠴᠠᠭᠠᠨ ᠬᠠᠢᠯᠠᠰᠤᠨ᠎ᠤ ᠦᠷ᠎ᠡ᠎ᠶ᠋ᠢᠨ ᠰᠤᠷᠪᠤᠯᠵᠢ᠎ᠶ᠋ᠢᠨ ᠲᠤᠷᠱᠢᠯᠳᠡ᠎ᠶ᠋ᠢᠨ ᠲᠦᠷᠦᠯ ᠵᠦᠢᠯ》 ᠱᠢᠨ᠎ᠠ ᠵᠡᠬᠡᠯᠢ ᠡᠯᠡᠰᠦ᠎ᠶ᠋ᠢ ᠵᠠᠰᠠᠬᠤ ᠦᠷᠳᠡᠭᠡᠨ᠎ᠳᠤ ᠠᠮᠵᠢᠯᠳᠡ᠎ᠲᠠᠢ ᠪᠡᠶᠡᠯᠡᠭ᠌ᠳᠡᠵᠤ᠂ ᠤᠯᠤᠰ᠎ᠤᠨ ᠤᠢ ᠱᠢᠭᠤᠢ᠎ᠶ᠋ᠢᠨ ᠶᠠᠮᠤᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠬᠡᠵᠢᠯ᠎ᠤᠨ ᠲᠠᠪᠱᠢᠯᠳᠡ᠎ᠶ᠋ᠢᠨ ᠭᠤᠷᠪᠠᠳᠤᠭᠠᠷ ᠲᠡᠰ᠎ᠤᠨ ᠱᠠᠩᠨᠠᠯ ᠬᠦᠷᠳᠡᠭ᠌ᠰᠡᠨ ᠪᠢᠯᠡ᠃ 1992 ᠤᠨ᠎ᠨᠢ ᠬᠤᠨᠭ᠌ᠬᠢᠷᠠᠳ ᠲᠠᠯᠠᠢ᠎ᠳᠤ ᠠᠪᠴᠦ᠍ ᠬᠡᠯᠡᠪᠡᠯ ᠵᠢᠷ᠎ᠤᠨ ᠪᠤᠰᠦ ᠨᠢᠬᠡᠨ ᠵᠢᠯ ᠪᠣᠯᠤᠨ᠎ᠠ᠃ ᠲᠤᠰ ᠵᠢᠯ ᠤᠮᠠᠷᠠᠳᠦ ᠤᠷᠤᠨ᠎ᠤ ᠨᠢᠰᠭᠡᠯ᠎ᠢᠶᠠᠷ ᠲᠠᠷᠢᠵᠦ᠍ ᠤᠢ᠍ᠢᠵᠢᠭᠤᠯᠬᠤ ᠲᠤᠷᠱᠢᠯᠳᠡ᠎ᠶ᠋ᠢᠨ ᠦᠷ᠎ᠡ ᠪᠦᠳᠦᠮᠵᠢ᠎ᠶ᠋ᠢ ᠪᠦᠬᠦ᠌ ᠤᠯᠤᠰ᠎ᠲᠤ ᠲᠡᠯᠬᠡᠷᠡᠬᠦᠯᠬᠦ᠌᠎ᠪᠠᠷ ᠲᠤᠭ᠍ᠳᠠᠵᠤ᠂ ᠬᠤᠨᠭ᠌ᠬᠢᠷᠠᠳ ᠲᠠᠯᠠᠢ ᠦᠪᠡᠷᠳᠡᠭᠡᠨ ᠵᠠᠰᠠᠬᠤ ᠤᠷᠤᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠬᠡᠵᠢᠯ᠎ᠤᠨ ᠦᠷ᠎ᠡ ᠪᠦᠳᠦᠬᠡᠯ᠎ᠤᠨ ᠭᠤᠷᠪᠠᠳᠤᠭᠠᠷ ᠲᠡᠰ᠎ᠤᠨ ᠱᠡᠩᠨᠠᠯ᠎ᠢ ᠬᠦᠷᠳᠡᠵᠡᠢ᠃ ᠮᠦᠨ ᠲᠡᠷᠡ ᠴᠠᠭ᠎ᠠᠴᠠ ᠡᠬᠢᠯᠡᠡ ᠱᠢᠨ᠎ᠠ ᠵᠡᠬᠡᠯᠢ᠎ᠶ᠋ᠢᠨ ᠡᠯᠡᠰᠦ᠎ᠶ᠋ᠢ ᠵᠠᠰᠠᠬᠤ ᠦᠷᠳᠡᠭᠡᠨ᠎ᠳᠤ 16 ᠵᠢᠯ ᠠᠵᠢᠯᠯᠠᠵᠦ᠍᠂ ᠤᠢ ᠱᠢᠭᠤᠢ᠎ᠶ᠋ᠢᠨ ᠲᠡᠭᠡᠳᠦ ᠵᠡᠷᠬᠡ᠎ᠶ᠋ᠢᠨ ᠢᠨᠵᠧᠨᠧᠷ ᠪᠤᠯᠪᠠ᠃ ᠰᠡᠬᠦᠯᠡᠷ᠎ᠨᠢ ᠲᠡᠷᠡ ᠪᠠᠰᠠ ᠡᠯᠡᠰᠦ᠎ᠶ᠋ᠢ ᠵᠠᠰᠠᠵᠦ᠍ ᠤᠢ᠍ᠢᠵᠢᠭᠤᠯᠬᠤ ᠬᠦᠴᠢᠷ ᠢᠨᠵᠧᠨᠧᠷᠢᠩ᠎ᠢ ᠲᠠᠭᠠᠭᠠᠴᠢᠯᠡᠨ᠂ ᠦᠷᠳᠡᠭᠡᠨ᠎ᠤ ᠪᠡᠯᠡ ᠮᠦᠡᠭ᠌ᠬᠦ᠎ᠶ᠋ᠢᠨ ᠬᠦᠴᠢᠷᠳᠡᠯ᠎ᠢ ᠱᠢᠢᠳᠪᠦᠷᠢᠯᠡᠵᠦ᠍᠂ ᠤᠯᠤᠰ᠎ᠠᠴᠠ ᠡᠵᠡᠩᠨᠡᠭ᠌ᠰᠡᠨ ᠡᠯᠡᠰᠦᠷᠭᠡᠭ᠌ᠵᠢᠯ᠎ᠢ ᠵᠠᠰᠠᠬᠤ ᠦᠷᠳᠡᠭᠡ᠎ᠶ᠋ᠢᠨ ᠲᠠᠭᠤᠷᠢᠶᠠᠯ ᠦᠵᠡᠬᠦᠯᠦᠨ ᠲᠠᠭᠠᠭᠤᠯᠬᠤ ᠦᠢᠯᠡᠳᠦᠯ᠎ᠢ ᠬᠦᠢᠴᠡᠳ ᠪᠠᠳᠠᠷᠠᠭᠤᠯᠵᠠᠢ᠃ ᠬᠤᠨᠭ᠌ᠬᠢᠷᠠᠳ ᠲᠠᠯᠠᠢ ᠤᠷᠢᠳ ᠬᠤᠵᠢᠳ ᠠᠵᠢᠯᠴᠢᠳ᠎ᠢᠶᠠᠨ ᠲᠠᠭᠠᠭᠤᠯᠤᠨ ᠪᠤᠭᠤᠳᠦ — ᠰᠠᠢᠨᠳᠤᠷ᠎ᠠ᠎ᠶ᠋ᠢᠨ ᠲᠠᠮᠤᠷ ᠵᠠᠮ ᠲᠠᠭᠠᠤ᠎ᠶ᠋ᠢᠨ ᠬᠠᠯᠬᠠᠪᠴᠢ ᠤᠢ᠎ᠶ᠋ᠢᠨ ᠪᠦᠳᠦᠬᠡᠨ ᠪᠠᠢᠭᠤᠯᠤᠯᠳᠡ᠎ᠳᠤ ᠤᠷᠤᠯᠴᠠᠵᠦ᠍᠂ ᠦᠥᠱᠢᠨ ᠬᠤᠱᠢᠭᠤ᠂ ᠡᠵᠡᠨ ᠬᠤᠷᠤᠭ᠎ᠠ ᠬᠤᠱᠢᠭᠤ ᠵᠡᠷᠬᠡ ᠭᠠᠵᠠᠷ᠎ᠲᠤ ᠬᠦᠷᠴᠦ᠍ ᠵᠡᠭᠡᠯᠢ ᠭᠤᠳᠤᠮᠵᠢ᠎ᠶ᠋ᠢᠨ ᠨᠤᠭᠤᠭᠠᠷᠠᠭᠤᠯᠤᠯᠳᠡ ᠪᠠ ᠵᠠᠮ᠎ᠤᠨ ᠨᠤᠭᠤᠭᠠᠷᠠᠭᠤᠯᠤᠯᠳᠡ ᠬᠢᠭ᠌ᠰᠡᠨ᠎ᠢᠶᠠᠷ ᠪᠠᠷᠠᠬᠤ ᠦᠬᠡᠢ ᠱᠧᠨ ᠬᠤᠸᠠ ᠠᠭᠤᠷᠬᠠᠢ᠎ᠶ᠋ᠢᠨ ᠤᠷᠤᠨ᠎ᠳᠤ ᠬᠦᠷᠴᠦ᠍ ᠨᠤᠭᠤᠭᠠᠷᠠᠭᠤᠯᠤᠯᠳᠡ᠎ᠶ᠋ᠢᠨ ᠠᠵᠢᠯ ᠬᠢᠵᠥ᠍᠂ ᠨᠡᠯᠢᠶᠡᠳ ᠰᠠᠢᠨ ᠠᠵᠦ᠍ ᠠᠬᠤᠢ᠎ᠶ᠋ᠢᠨ  ᠦᠷ᠎ᠡ ᠠᠱᠢᠭ ᠬᠦᠷᠳᠡᠭ᠌ᠰᠡᠨ ᠪᠠᠢᠨ᠎ᠠ᠃


downLoad-20201014101716.jpg


ᠲᠡᠬᠦᠨ᠎ᠤ ᠤᠯᠠᠨ ᠵᠢᠯ ᠴᠦᠬᠦᠷᠡᠯ ᠦᠬᠡᠢ ᠱᠢᠮᠳᠠᠨ ᠠᠵᠢᠯᠯᠠᠭ᠍ᠰᠠᠨ᠎ᠢᠶᠠᠷ ᠨᠠᠷᠠᠰᠤ ᠮᠠᠢᠯᠠᠰᠤ᠂ ᠬᠤᠩᠭᠤᠷᠴᠤᠭ᠍ᠲᠤ ᠮᠣᠳᠣ ᠵᠡᠷᠭᠡ ᠣᠯᠠᠨ ᠵᠦᠢᠯ᠎ᠤᠨ ᠮᠣᠳᠣᠨ᠎ᠤ ᠲᠥᠷᠥᠯ ᠡᠵᠡᠨ ᠬᠤᠷᠤᠭ᠎ᠠ ᠬᠤᠱᠢᠭᠤᠨ᠎ᠤ ᠤᠢᠷ᠎ᠠ ᠬᠠᠪᠢ᠎ᠶ᠋ᠢᠨ ᠡᠯᠡᠰᠦᠡ᠎ᠳᠤ ᠦᠨᠳᠦᠰᠦ ᠬᠠᠳᠭᠤᠵᠤ᠂ ᠵᠥᠪᠬᠡᠨ ᠡᠵᠡᠨ ᠬᠤᠷᠤᠭ᠎ᠠ ᠬᠤᠱᠢᠭᠤᠨ᠎ᠤ ᠥᠯᠵᠡᠶ ᠪᠡᠯᠭᠡᠲᠦ ᠪᠤᠶᠠᠨᠲᠤ ᠰᠦᠮ᠎ᠡ᠎ᠳᠤ 1.5 ᠲᠦᠮᠡᠡ ᠰᠠᠭᠤᠷᠢ ᠱᠢᠯᠮᠦᠦᠰᠦᠲᠦ ᠮᠣᠳᠣ ᠲᠠᠷᠢᠵᠡᠢ᠃ ᠲᠡᠷᠡ ᠪᠠᠰᠠ ᠡᠵᠡᠨ ᠬᠤᠷᠤᠭ᠎ᠠ ᠬᠤᠱᠢᠭᠤᠨ᠎ᠤ ᠬᠢᠯᠢ ᠳᠣᠲᠣᠷᠠᠬᠢ ᠰᠠᠭᠠᠳ ᠦᠭᠡᠢ ᠨᠡᠪᠲᠡᠷᠡᠬᠦ᠌ ᠵᠠᠮ (ᠭᠠᠨᠵᠤᠤᠷ ᠰᠦᠮ᠎ᠠ — ᠭᠦᠩ᠎ᠤᠨ ᠵᠤᠣ — ᠬᠤᠨᠢᠴᠢᠨᠭᠤᠣᠯ) ᠎ᠢ 28 ᠺᠢᠯᠣᠮᠧᠳ᠋ᠷ ᠨᠣᠭᠤᠭᠠᠷᠠᠭᠤᠯᠵᠠᠢ᠃ ᠬᠤᠳᠤᠩ᠎ᠤᠨ ᠰᠦᠮ᠎ᠡ ᠰᠤᠮᠤ᠎ᠶ᠋ᠢᠨ ᠵᠠᠰᠠᠭ᠎ᠤᠨ ᠣᠷᠳᠣᠨ᠎ᠤ ᠵᠡᠭᠡᠯᠢ ᠭᠤᠳᠤᠮᠵᠢ᠂ ᠯᠠᠮᠠ᠎ᠶ᠋ᠢᠨ ᠰᠦᠮ᠎ᠡ ᠵᠡᠷᠬᠡ᠎ᠶ᠋ᠢ ᠨᠤᠭᠤᠭᠠᠷᠠᠭᠤᠯᠬᠤ᠎ᠳᠤ 5000 ᠰᠠᠭᠤᠷᠢ ᠨᠠᠷᠠᠰᠤᠨ ᠮᠣᠳᠣ ᠲᠠᠷᠢᠭ᠍ᠰᠠᠠ ᠪᠠᠢᠨ᠎ᠠ᠃ ᠢᠡᠭ᠌ᠬᠢᠬᠡᠳ ᠡᠵᠡᠨ ᠬᠤᠷᠤᠭ᠎ᠠ ᠬᠤᠱᠢᠭᠤᠨ᠎ᠤ ᠡᠯᠡᠰᠦ᠎ᠶ᠋ᠢ ᠵᠠᠰᠠᠵᠤ ᠣᠢᠵᠢᠭᠤᠯᠬᠤ᠂ ᠨᠢᠰᠭᠡᠯ᠎ᠢᠶᠠᠷ ᠲᠠᠷᠢᠵᠤ ᠣᠢᠵᠢᠭᠤᠯᠬᠤ᠂ ᠴᠢᠬᠢ ᠮᠣᠳᠣ ᠪᠤᠢᠵᠢᠭᠤᠯᠬᠤ᠂ ᠣᠢ ᠱᠢᠭᠤᠶ᠎ᠶ᠋ᠢᠨ ᠮᠡᠷᠭᠡᠵᠢᠯ᠎ᠢ ᠳᠡᠯᠭᠡᠷᠡᠭᠦᠯᠬᠦ᠌ ᠲᠠᠯ᠎ᠠ᠎ᠪᠠᠷ ᠢᠯᠡᠳᠲᠡ ᠠᠮᠵᠢᠯᠲᠠ ᠣᠯᠵᠦ᠍᠂ ᠲᠤᠬᠠᠢ᠎ᠶ᠋ᠢᠨ ᠥᠶ᠎ᠡ᠎ᠶ᠋ᠢᠨ ᠶᠡᠭᠡ ᠵᠣᠣ ᠠᠢᠮᠠᠬ᠎ᠤᠨ ᠣᠶ ᠱᠢᠭᠤᠶ᠎ᠶ᠋ᠢᠨ ᠠᠮᠢ ᠠᠬᠤᠶ᠎ᠶ᠋ᠢᠨ ᠪᠥᠲᠥᠭᠡᠨ ᠪᠠᠢᠭᠤᠯᠤᠯᠲᠠ ᠵᠢᠴᠢ ᠠᠵᠤ ᠠᠬᠤᠶ ᠨᠡᠢᠭᠡᠮ᠎ᠤᠨ ᠬᠥᠭ᠌ᠵᠢᠯᠲᠡ᠎ᠳᠤ ᠦᠵᠡᠭᠦᠯᠪᠡᠰᠦ ᠵᠣᠬᠢᠬᠤ ᠬᠤᠪᠢ ᠨᠡᠮᠡᠷᠢ᠎ᠪᠠᠨ ᠦᠵᠡᠭᠦᠯᠪᠡ᠃

ᠨᠠᠮ ᠵᠠᠰᠠᠭ᠎ᠠᠴᠠ ᠬᠤᠩᠬᠢᠷᠠᠳ ᠲᠠᠯᠠᠢ᠎ᠶ᠋ᠢᠨ ᠵᠢᠳᠬᠦᠯ ᠬᠠᠨᠳᠢᠪ᠎ᠢ ᠲᠡᠬᠡᠳᠦ ᠬᠡᠮᠵᠢᠶ᠎ᠡ᠎ᠪᠠᠷ ᠦᠨᠡᠯᠡᠵᠥ᠍᠂ ᠤᠯᠠᠨ ᠱᠠᠩᠨᠠᠯ ᠬᠦᠬᠢᠬᠦᠯᠥᠯ ᠤᠯᠭᠤᠪᠠ᠃ ᠲᠡᠬᠦᠨ᠎ᠤ ᠤᠷᠤᠯᠴᠠᠭ᠍ᠰᠠᠨ 《ᠥᠪᠥᠷ ᠮᠣᠩᠭᠤᠯ᠎ᠤᠨ ᠣᠢ ᠱᠢᠭᠤᠶ᠎ᠶ᠋ᠢᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠴᠠᠭᠠᠠ ᠬᠠᠢᠯᠠᠰᠣ᠎ᠶ᠋ᠢᠨ ᠰᠠᠢᠨ ᠥᠷ᠎ᠡ ᠬᠥᠷᠥᠩᠭᠡ᠎ᠶ᠋ᠢᠨ ᠡᠬᠢ᠎ᠶ᠋ᠢ ᠰᠣᠩᠭᠤᠬᠤ ᠦᠶᠯᠡᠰ》 ᠎ᠤᠨ ᠲᠥᠷᠥᠯ ᠵᠦᠢᠯ᠎ᠨᠢ ᠤᠢ ᠱᠢᠭᠤᠶ᠎ᠶ᠋ᠢᠨ ᠶᠠᠮᠤᠨ᠎ᠤ ᠭᠤᠷᠪᠠᠳᠤᠭᠠᠷ ᠳᠡᠰ᠎ᠤᠨ ᠱᠠᠩᠨᠠᠯ ᠬᠦᠷᠳᠡᠪᠡ᠃ 《ᠨᠢᠰᠭᠡᠯ᠎ᠢᠶᠠᠷ ᠲᠠᠷᠢᠵᠤ ᠣᠢᠵᠢᠭᠤᠯᠬᠤ ᠲᠤᠷᠱᠢᠯᠲᠠ᠎ᠶ᠋ᠢᠨ ᠪᠦᠲᠦᠭᠡᠨ ᠪᠠᠢᠭᠤᠯᠤᠯᠲᠠ ᠪᠠ ᠰᠤᠳᠤᠯᠤᠯ》 ᠎ᠨᠢ ᠥᠪᠡᠷᠲᠡᠭᠡᠨ ᠵᠠᠰᠠᠬᠤ ᠣᠷᠣᠨ᠎ᠤ ᠮᠠᠯ ᠠᠵᠤ ᠠᠬᠤᠢ ᠲᠡᠷᠢᠶᠠᠯᠠᠩ᠎ᠤᠨ ᠡᠯᠪᠡᠭ ᠬᠤᠷᠢᠶᠠᠯᠲᠠ᠎ᠶ᠋ᠢᠨ ᠬᠤᠶᠠᠳᠤᠭᠠᠷ ᠳᠡᠰ᠎ᠤᠨ ᠱᠠᠩᠨᠠᠯ ᠬᠦᠷᠲᠡᠪᠡ᠃ 《ᠨᠢᠰᠭᠡᠯ᠎ᠢᠶᠠᠷ ᠲᠠᠷᠢᠵᠤ ᠣᠢᠵᠢᠭᠤᠯᠬᠤ ᠲᠤᠷᠱᠢᠯᠲᠠ᠎ᠶ᠋ᠢᠨ ᠪᠥᠲᠥᠭᠡᠨ ᠪᠠᠢᠭᠤᠯᠤᠯᠲᠠ ᠪᠠ ᠰᠤᠳᠤᠯᠤᠯ》 ᠎ᠤᠨ ᠲᠥᠷᠥᠯ ᠵᠦᠢᠯ᠎ᠨᠢ ᠥᠪᠡᠷᠲᠡᠭᠡᠨ ᠵᠠᠰᠠᠬᠤ ᠣᠷᠣᠨ᠎ᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠦᠷ᠎ᠡ ᠪᠦᠲᠦᠭᠡᠯ᠎ᠤᠨ ᠨᠢᠭᠡᠳᠦᠭᠡᠷ ᠳᠡᠰ᠎ᠤᠨ ᠱᠠᠩᠨᠠᠯ ᠭᠥᠷᠳᠡᠪᠡ᠃ ᠮᠤᠤᠠᠤᠰᠤ᠎ᠶ᠋ᠢᠨ ᠡᠯᠡᠰᠦᠷᠬᠡᠭ ᠭᠠᠵᠠᠷ᠎ᠲᠤ ᠪᠤᠲᠠ ᠮᠣᠳᠣ᠂ ᠤᠯᠢᠶᠠᠰᠤ᠂ ᠪᠤᠷᠭᠠᠰᠦ᠂ ᠥᠷᠭᠡᠨ ᠨᠠᠪᠴᠢᠲᠤ ᠮᠣᠳᠣ ᠵᠡᠷᠭᠡ ᠮᠣᠳᠣᠳ᠎ᠤᠨ ᠤᠰᠤᠠ᠎ᠤ ᠠᠭᠤᠯᠣᠭ᠍ᠳᠠᠴᠠ᠎ᠶ᠋ᠢ ᠬᠠᠷᠢᠴᠠᠭᠤᠯᠬᠤ ᠲᠤᠷᠱᠢᠯᠲᠠ᠎ᠨᠢ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠶᠠᠮᠤᠨ᠎ᠤ ᠬᠤᠶᠠᠳᠤᠭᠠᠷ ᠳᠡᠰ᠎ᠤᠨ ᠱᠠᠩᠨᠠᠯ ᠬᠦᠷᠳᠡᠭ᠌ᠰᠡᠨ ᠪᠠᠢᠨ᠎ᠠ᠃

ᠬᠤᠨᠭ᠌ᠬᠢᠷᠠᠳ ᠲᠠᠯᠠᠢ ᠣᠳᠣ ᠠᠵᠢᠯ᠎ᠤᠨ ᠠᠮᠠᠷᠠᠯᠳᠠ᠎ᠪᠠᠨ ᠠᠪᠣᠬ᠍ᠰᠠᠨ ᠪᠣᠯᠪᠠᠴᠣ ᠳᠥᠷᠥᠯᠬᠢ ᠨᠣᠳᠤᠬ᠎ᠤᠨ᠎ᠢᠶᠠᠨ ᠨᠣᠭᠤᠭᠠᠷᠠᠭᠤᠯᠣᠯᠳᠠ᠎ᠶ᠋ᠢᠨ ᠦᠢᠯᠡᠰ᠎ᠲᠤ ᠮᠥᠨ ᠬᠦ᠌ ᠵᠢᠳᠬᠦᠭ᠌ᠰᠡᠭᠡᠷ᠃ ᠲᠡᠷᠡ ᠤᠳᠤ ᠥᠪᠥᠷ ᠮᠣᠩᠭᠤᠯ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠨᠡᠢᠭᠡᠮᠯᠢᠭ ᠪᠣᠯᠤᠨ ᠶᠠᠫᠣᠨ᠎ᠤ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠺᠣᠮᠫᠠᠨᠢ᠎ᠶ᠋ᠢᠨ ᠠᠳᠠᠯᠢ ᠪᠤᠰᠤ ᠮᠣᠳᠣᠨ᠎ᠤ ᠲᠦᠷᠦᠯ᠎ᠤᠨ ᠡᠯᠡᠰᠦ᠎ᠶ᠋ᠢ ᠵᠠᠰᠠᠬᠤ ᠲᠤᠷᠱᠢᠯᠲᠠ᠎ᠶ᠋ᠢᠨ ᠲᠦᠷᠦᠯ ᠵᠦᠢᠯ᠎ᠳᠤ ᠤᠷᠤᠯᠴᠠᠵᠤ᠂ ᠲᠤᠰ ᠲᠤᠷᠱᠢᠯᠳᠡ᠎ᠶ᠋ᠢᠨ ᠲᠥᠷᠥᠯ ᠵᠦᠢᠯ᠎ᠨᠢ ᠪᠠᠯᠠᠷ ᠡᠯᠡᠰᠦᠨ᠎ᠳᠤ 1.2 ᠲᠦᠮᠡᠡ ᠰᠠᠭᠤᠷᠢ ᠨᠠᠷᠠᠰᠤᠨ ᠮᠣᠳᠣ ᠪᠠ 3000 ᠭᠠᠷᠤᠶ ᠰᠠᠭᠤᠷᠢ ᠪᠤᠳᠡ ᠮᠣᠳᠣ᠂ ᠥᠷᠭᠡᠨ ᠨᠠᠪᠴᠢᠲᠤ ᠮᠣᠳᠣ ᠲᠠᠷᠢᠬ᠍ᠰᠠᠨ ᠪᠠᠢᠨ᠎ᠠ᠃ ᠡᠵᠡᠨ ᠬᠤᠷᠤᠭ᠎ᠠ ᠬᠤᠱᠢᠭᠤᠨ᠎ᠤ ᠦᠢᠷ᠎ᠠ ᠬᠠᠪᠢ᠎ᠪᠠᠷ ᠦᠨᠳᠦᠷ ᠭᠤᠸᠠᠯᠢᠭ ᠮᠤᠳᠦᠳ ᠨᠤᠭᠤᠭᠠᠷᠠᠨ ᠰᠦᠨᠳᠡᠷᠯᠡᠵᠦ᠍᠂ ᠡᠬᠡ ᠲᠡᠯᠡᠬᠡᠢ᠎ᠶ᠋ᠢᠨ ᠪᠠᠶᠠᠨ ᠲᠠᠩᠰᠤᠭ᠎ᠢ ᠪᠡᠯᠬᠡᠳᠡᠬᠦ᠌᠎ᠳᠤ ᠬᠤᠨᠭ᠌ᠬᠢᠷᠠᠳ ᠲᠠᠯᠠᠢ᠎ᠶ᠋ᠢᠨ ᠴᠢᠷᠠᠢ᠎ᠳᠤ ᠪᠠᠶᠠᠷ᠎ᠤᠨ ᠮᠦᠱᠢᠶᠡᠳᠤ ᠲᠤᠳᠤᠷᠠᠨ᠎ᠠ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号