ᠠᠯᠲᠠᠨ ᠨᠠᠮᠤᠷ᠎ᠤᠨ ᠡᠯᠪᠡᠭ ᠬᠤᠷᠢᠶᠠᠯᠲᠡᠶ᠋ᠢᠨ ᠡᠷᠢᠨ᠎ᠳᠤ ᠬᠡᠱᠢᠭ᠌ᠲᠡᠨ ᠬᠤᠱᠢᠭᠤᠨ᠎ᠤ ᠢᠦᠶ ᠵᠧᠤ ᠳ᠋ᠢ ᠪᠠᠯᠭᠠᠰᠤᠨ᠎ᠤ ᠬᠤᠯᠤᠤᠪᠠᠩ ᠴᠤ᠌ ᠬᠤᠷᠢᠶᠠᠯᠲᠠ᠎ᠶ᠋ᠢᠨ ᠬᠤᠭᠤᠴᠠᠭᠠᠨ᠎ᠳᠤ ᠣᠷᠣᠵᠠᠶ᠃ ᠬᠥᠪᠡᠭᠡ ᠬᠢᠵᠠᠭᠠᠷ᠎ᠨᠢ ᠬᠠᠷᠠᠭ᠍ᠳᠠᠬᠤ ᠦᠭᠡᠢ ᠬᠤᠯᠤᠤᠪᠠᠩ᠎ᠤᠨ ᠲᠠᠷᠢᠶᠠᠨ ᠳᠤᠮᠳᠠ ᠲᠠᠷᠢᠶᠠᠴᠢᠳ ᠲᠤᠯᠤᠭᠠᠢ ᠦᠨᠳᠡᠢᠯ ᠦᠭᠡᠢ ᠶᠠᠭᠠᠷᠠᠨ᠂ ᠱᠢᠷᠭᠠᠯ ᠤᠯᠠᠭᠠᠨ ᠦᠩᠭᠡ᠎ᠶ᠋ᠢᠨ ᠬᠤᠯᠤᠤᠪᠠᠩᠢ ᠲᠦᠭᠦᠷᠲᠡᠯ᠎ᠡ ᠲᠡᠭᠡᠭᠡᠭ᠌ᠰᠡᠨ ᠲᠡᠷᠭᠡ ᠤᠨᠤᠭ᠎ᠠ ᠬᠦᠳᠡᠭᠡ᠎ᠶ᠋ᠢᠨ ᠵᠠᠮ᠎ᠢᠶᠠᠷ ᠨᠠᠭᠠᠰᠢ ᠴᠠᠭᠠᠰᠢ ᠰᠦᠯᠵᠢᠯᠳᠦᠨ᠎ᠡ᠃
《ᠠᠳᠡᠬᠢ ᠠᠭᠤᠷ ᠠᠮᠢᠰᠭᠤᠯ᠂ ᠬᠡᠷᠡᠯ᠎ᠤᠨ ᠲᠤᠰᠤᠯᠲᠠ᠂ ᠬᠦᠷᠦᠰᠦ᠎ᠶ᠋ᠢᠨ ᠴᠢᠨᠠᠷ ᠵᠡᠷᠭᠡ᠎ᠨᠢ ᠬᠤᠯᠤᠤᠪᠠᠩ ᠳᠠᠷᠢᠬᠤ᠎ᠳᠤ ᠮᠠᠰᠢ ᠲᠣᠬᠢᠷᠠᠮᠵᠢᠲᠠᠶ ᠶᠤᠮ᠃ ᠳᠡᠭᠡᠷ᠎ᠡ᠎ᠨᠢ ᠮᠠᠱᠢᠨ᠎ᠢᠶᠠᠷ ᠲᠠᠷᠢᠬᠤ ᠲᠡᠭᠦᠬᠦ᠌ ᠬᠤᠷᠢᠶᠠᠬᠤ᠎ᠪᠠᠷ ᠳᠠᠮᠵᠢᠨ᠂ ᠲᠠᠷᠢᠵᠤ ᠭᠠᠷᠭᠠᠭ᠍ᠰᠠᠨ ᠬᠤᠯᠤᠤᠪᠠᠩ ᠪᠤᠬᠢᠷᠳᠤᠯ ᠦᠭᠡᠢ ᠪᠦᠭᠡᠳ ᠠᠮᠳᠠ᠎ᠲᠠᠢ ᠪᠠᠢᠳᠠᠭ᠎ᠠᠴᠠ ᠵᠠᠬ᠎ᠠ ᠳᠡᠯᠭᠡᠭᠦᠷ᠎ᠲᠤ ᠪᠤᠷᠤᠯᠠᠭᠤᠯᠭ᠎ᠠ ᠰᠠᠢᠳᠠᠢ》 ᠭᠡᠵᠦ᠎ᠶ᠋ᠢᠨ ᠴᠧᠩ ᠾᠧᠩ ᠶᠧ ᠲᠠᠷᠢᠶᠠᠯᠠᠩ᠎ᠤᠨ ᠮᠠᠱᠢᠨ᠎ᠤ ᠲᠤᠰᠭᠠᠶ ᠬᠤᠷᠱᠢᠶ᠎ᠠ᠎ᠶ᠋ᠢᠨ ᠬᠠᠷᠢᠭᠤᠴᠠᠯᠭᠠᠲᠠᠨ ᠵᠠᠩ᠎ᠶ᠋ᠢᠨ ᠯᠢᠩ ᠲᠠᠨᠢᠯᠴᠠᠭᠤᠯᠤᠨ᠎ᠠ᠃

ᠶ᠋ᠢᠨ ᠴᠧᠩ ᠾᠧᠩ ᠶᠧ ᠲᠠᠷᠢᠶᠠᠯᠠᠩ᠎ᠤᠨ ᠮᠠᠱᠢᠨ᠎ᠤ ᠲᠤᠰᠭᠠᠶ ᠬᠤᠷᠱᠢᠶ᠎ᠠ ᠪᠣᠯ ᠬᠡᠱᠢᠭ᠌ᠲᠡᠨ ᠬᠤᠱᠢᠭᠤᠨ᠎ᠤ ᠢᠦᠶ ᠵᠧᠤ ᠳ᠋ᠢ ᠪᠠᠯᠭᠠᠰᠤᠨ᠎ᠤ ᠬᠥᠭ᠌ᠵᠢᠯᠲᠡ᠎ᠶ᠋ᠢᠨ ᠬᠡᠪᠴᠢᠶ᠎ᠡ᠎ᠪᠠᠷ ᠨᠡᠯᠢᠶᠡᠳ ᠶᠡᠭᠡ᠂ ᠳᠠᠢᠴᠢᠯᠠᠬᠤ ᠬᠦᠴᠦᠨ᠎ᠢᠶᠠᠷ ᠴᠢᠩᠭ᠎ᠠ ᠬᠤᠷᠱᠢᠶ᠎ᠠ ᠪᠣᠯᠤᠨ᠎ᠠ᠃ 2015 ᠣᠨ᠎ᠳᠤ ᠪᠠᠢᠭᠤᠯᠤᠬ᠍ᠳᠠᠵᠤ᠂ ᠣᠲᠣ 15 ᠭᠡᠱᠢᠭᠦᠨ᠎ᠲᠠᠢ᠃ ᠢᠦᠶ ᠵᠧᠤ ᠳ᠋ᠢ ᠪᠠᠯᠭᠠᠰᠤ 《ᠨᠠᠮ᠎ᠤᠨ ᠪᠠᠢᠭᠤᠯᠤᠯᠲᠠ + ᠰᠠᠭᠤᠷᠢᠨ + ᠬᠤᠷᠱᠢᠶ᠎ᠠ + ᠲᠠᠷᠢᠶᠠᠴᠢᠨ ᠡᠷᠦᠬᠡ》 ᠶ᠋ᠢᠨ ᠲᠠᠷᠢᠮᠠᠯ᠎ᠤᠨ ᠬᠥᠭ᠌ᠵᠢᠯᠲᠡ᠎ᠶ᠋ᠢᠨ ᠵᠠᠭ᠍ᠪᠤᠷ᠎ᠢ ᠡᠬᠢᠯᠡᠭᠦᠯᠦᠭ᠌ᠰᠡᠨ᠎ᠠᠴᠠ ᠨᠠᠭᠠᠰᠢ᠂ ᠱᠢᠨ ᠳ᠋ᠢ ᠲᠣᠰᠭᠤᠨ᠂ ᠯᠢᠦ ᠶᠢᠩᠽᠢ ᠲᠣᠰᠭᠤᠨ᠎ᠳᠤ 3000 ᠮᠦ᠍ ᠬᠤᠯᠤᠤᠪᠠᠩ ᠲᠠᠷᠢᠬᠤ ᠵᠢᠱ᠌ᠢᠶ᠎ᠡ ᠦᠵᠡᠭᠦᠯᠬᠦ᠌ ᠴᠡᠭ ᠪᠠᠢᠭᠤᠯᠵᠤ᠂ ᠥᠩᠭᠡᠷᠡᠭ᠌ᠰᠡᠨ᠎ᠳᠤ ᠡᠷᠦᠬᠡ᠎ᠪᠠᠷ ᠨᠢᠭᠡᠴᠢ ᠪᠣᠯᠭᠠᠭ᠍ᠰᠠᠨ ᠲᠠᠷᠠᠬᠠᠶ ᠪᠤᠲᠠᠷᠬᠠᠶ ᠡᠵᠡᠩᠨᠡᠯᠲᠡ᠎ᠶ᠋ᠢ ᠡᠷᠴᠢᠮᠵᠢᠭᠦᠯᠦᠭ᠌ᠰᠡᠨ ᠡᠵᠡᠩᠨᠡᠯᠲᠡ ᠪᠣᠯᠭᠠᠨ ᠬᠤᠪᠢᠷᠠᠭᠤᠯᠪᠠ᠃ ᠭᠤᠤᠯᠳᠠᠭᠤ ᠭᠤᠸᠠᠩ ᠬᠤᠩ 100᠂ ᠬᠤᠩ ᠽᠢ 6 ᠳ᠋ᠤᠭᠠᠷ ᠵᠡᠷᠭᠡ ᠴᠢᠨᠠᠷ ᠰᠠᠢᠲᠠᠶ ᠬᠤᠯᠤᠤᠪᠠᠩ ᠲᠠᠷᠢᠵᠤ᠂ ᠬᠤᠯᠤᠤᠪᠠᠩ᠎ᠨᠢ ᠠᠮᠲᠠᠯᠢᠭ᠂ ᠭᠠᠷᠤᠯᠲᠠ᠎ᠨᠢ ᠥᠨᠳᠥᠷ᠂ ᠵᠠᠬ᠎ᠠ ᠳᠡᠯᠭᠡᠭᠦᠷ᠎ᠤᠨ ᠦᠨᠡᠨ᠎ᠢ ᠪᠠᠰᠠ ᠥᠨᠳᠥᠷ ᠪᠦᠭᠡᠳ ᠡᠨᠡ ᠵᠢᠯ᠎ᠤᠨ ᠪᠣᠷᠣᠭᠠᠨ ᠬᠤᠷ᠎ᠠ ᠭᠦᠢᠴᠡᠳ ᠲᠤᠯᠠ ᠡᠯᠪᠡᠭ ᠬᠤᠷᠢᠶᠠᠵᠠᠢ᠃
ᠢᠦᠶ ᠵᠧᠤ ᠳ᠋ᠢ ᠪᠠᠯᠭᠠᠰᠤᠨ᠎ᠤ ᠳ᠋ᠦᠩ ᠱᠧᠩ ᠲᠣᠰᠭᠤᠨ᠎ᠤ ᠵᠠᠩ ᠬᠦᠶ ᠵᠦ᠍ ᠬᠤᠷᠢᠶᠠᠭ᠍ᠰᠠᠨ ᠬᠤᠯᠤᠤᠪᠠᠩ᠎ᠤᠨ ᠨᠠᠪᠴᠢ ᠨᠠᠮᠠᠭ᠎ᠠ᠎ᠶ᠋ᠢ ᠠᠷᠢᠯᠭᠠᠭ᠍ᠰᠠᠨᠤ ᠳᠠᠷᠠᠭ᠎ᠠ ᠲᠠᠷᠢᠶᠠᠨ ᠳᠠᠯᠠᠩ ᠳᠡᠭᠡᠷ᠎ᠡ ᠲᠡᠭ᠌ᠰᠢᠬᠡᠨ ᠲᠠᠯᠪᠢᠵᠤ᠂ ᠤᠭᠤᠳᠠᠯᠠᠬᠤ᠎ᠪᠠᠷ ᠪᠡᠯᠡᠳᠭᠡᠨ᠎ᠡ᠃ ᠬᠡᠳᠦᠨ ᠠᠷᠪᠠᠨ ᠵᠢᠯ ᠡᠷᠳᠡᠨᠢ ᠱᠢᠰᠢ ᠲᠠᠷᠢᠭ᠍ᠰᠠᠨ ᠲᠡᠷᠡ ᠬᠤᠷᠱᠢᠶᠠᠨ᠎ᠤ ᠭᠡᠱᠢᠭᠦᠨ ᠪᠤᠯᠤᠭ᠍ᠰᠠᠨ᠎ᠠᠴᠠ ᠰᠡᠭᠦᠯᠡᠷ ᠣᠷᠣᠯᠭ᠎ᠠ᠎ᠨᠢ ᠬᠡᠲᠦ ᠳᠠᠬᠢᠨ᠎ᠢᠶᠠᠷ ᠨᠡᠮᠡᠭ᠌ᠳᠡᠪᠡ᠃ 《ᠮᠠᠨ᠎ᠤ᠎ᠬᠢᠨ 20 ᠭᠠᠷᠤᠶ ᠮᠦ᠍ ᠲᠠᠷᠢᠶᠠᠨ ᠭᠠᠵᠠᠷ᠎ᠲᠠᠢ᠂ ᠥᠩᠭᠡᠷᠡᠭ᠌ᠰᠡᠨ᠎ᠳᠤ ᠡᠷᠳᠡᠨᠢ ᠱᠢᠰᠢ ᠲᠠᠷᠢᠵᠤ᠂ ᠵᠢᠯ᠎ᠤᠨ ᠴᠡᠪᠡᠷ ᠣᠷᠣᠯᠭ᠎ᠠ ᠬᠡᠳᠦᠨ ᠮᠢᠩᠭᠠᠨ ᠲᠥᠭᠦᠷᠢᠭ᠎ᠠᠴᠠ ᠳᠠᠪᠠᠭ᠍ᠤ ᠦᠭᠡᠢ᠂ ᠬᠤᠷᠱᠢᠶ᠎ᠠ᠎ᠳᠤ ᠤᠷᠤᠭ᠍ᠰᠠᠨ᠎ᠤ ᠲᠠᠷᠠᠭ᠎ᠠ ᠨᠢᠭᠡ ᠮᠦ᠍ ᠲᠠᠷᠢᠶᠠᠨ᠎ᠠᠴᠠ 8000 — 12000 ᠵᠢᠩ ᠬᠤᠯᠤᠤᠪᠠᠩ ᠬᠤᠷᠢᠶᠠᠵᠤ᠂ ᠴᠡᠪᠡᠷ ᠤᠷᠤᠯᠭ᠎ᠠ 8000 ᠱᠢᠬᠠᠭᠤ ᠲᠥᠭᠦᠷᠢᠭ ᠬᠦᠷᠬᠦ᠌ ᠪᠤᠯᠤᠭ᠍ᠰᠠᠨ》 ᠭᠡᠵᠦ᠍ ᠵᠠᠩ ᠬᠦᠢ ᠵᠦ᠍ ᠶᠡᠬᠡᠯ᠎ᠡ ᠪᠠᠶᠠᠷᠲᠠᠢ ᠶᠠᠷᠢᠵᠤ ᠭᠠᠷᠤᠯ᠎ᠠ᠃
ᠪᠠᠯᠭᠠᠰᠤᠨ᠎ᠠᠴᠠ ᠬᠤᠷᠱᠢᠶᠠᠨ᠎ᠤ ᠬᠥᠭ᠌ᠵᠢᠯᠲᠡ᠎ᠶ᠋ᠢ ᠶᠡᠭᠡ᠎ᠪᠠᠷ ᠳᠠᠮᠵᠢᠵᠤ᠂ ᠢᠲᠡᠭᠡᠮᠵᠢ᠎ᠶ᠋ᠢᠨ ᠬᠤᠷᠱᠢᠶ᠎ᠠ ᠪᠣᠯᠤᠨ ᠲᠠᠷᠢᠶᠠᠯᠠᠩ᠎ᠤᠨ ᠪᠠᠩᠬᠢ᠎ᠲᠠᠢ ᠵᠤᠬᠢᠴᠠᠭᠤᠯᠭ᠎ᠠ ᠬᠢᠵᠥ᠍ ᠦᠭ᠌ᠬᠦᠨ ᠪᠡᠯᠡ ᠮᠥᠩᠭᠦ᠎ᠶ᠋ᠢᠨ ᠠᠰᠠᠭᠤᠳᠠᠯ᠎ᠢ ᠱᠢᠢᠳᠪᠦᠷᠢᠯᠡᠵᠡᠢ᠃ ᠲᠠᠷᠢᠶᠠᠴᠢᠨ ᠡᠷᠦᠬᠡ ᠭᠠᠵᠠᠷ ᠱᠢᠷᠣᠶ ᠪᠤᠶᠤ ᠪᠡᠯᠡ ᠮᠥᠩᠭᠦ᠎ᠪᠠᠷ ᠬᠤᠪᠢ ᠣᠷᠣᠵᠤ᠂ ᠨᠢᠭᠡᠳᠦᠯᠲᠡᠶ ᠡᠵᠡᠩᠨᠡᠵᠦ᠍᠂ ᠨᠢᠭᠡᠳᠦᠯᠲᠡᠶ ᠬᠠᠮᠢᠶᠠᠷᠤᠨ᠂ ᠨᠢᠭᠡᠳᠦᠯᠲᠡᠶ ᠠᠱᠢᠭ ᠬᠤᠪᠢᠶᠠᠵᠤ᠂ ᠬᠤᠷᠱᠢᠶ᠎ᠠ ᠪᠠ ᠭᠡᠱᠢᠭᠦᠳ᠎ᠤᠨ ᠬᠤᠭᠤᠷᠣᠨᠳᠣ᠎ᠪᠠᠨ ᠠᠶᠤᠯ ᠲᠦᠭ᠌ᠰᠢᠭᠦᠷᠢ᠎ᠶ᠋ᠢ ᠬᠠᠮᠲᠤ᠎ᠪᠠᠷ ᠡᠭᠦᠷᠭᠡᠯᠡᠨ᠂ ᠠᠱᠢᠭ ᠲᠤᠰᠠ᠎ᠶ᠋ᠢ ᠬᠠᠮᠲᠤ᠎ᠪᠠᠷ ᠡᠳ᠋ᠯᠡᠬᠦ᠌ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠪᠠ᠃ ᠵᠠᠬ᠎ᠠ ᠳᠡᠯᠭᠡᠭᠦᠷ᠎ᠤᠨ ᠬᠡᠷᠡᠭ᠌ᠴᠡᠭᠡ᠎ᠳᠤ ᠵᠣᠬᠢᠴᠠᠭᠤᠯᠤᠨ᠂ ᠬᠤᠯᠤᠤᠪᠠᠩ᠎ᠤᠨ ᠶᠠᠰᠤ ᠴᠢᠨᠠᠷ᠎ᠢ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠬᠤᠷᠱᠢᠶ᠎ᠠ ᠮᠠᠱᠢᠨ᠎ᠢᠶᠠᠷ ᠳᠠᠯᠠᠩ ᠭᠠᠷᠭᠠᠬᠤ ᠮᠡᠷᠭᠡᠵᠢᠯ᠎ᠢ ᠬᠡᠷᠡᠭ᠌ᠯᠡᠵᠤ᠂ ᠤᠰᠤ ᠠᠷᠪᠢᠯᠠᠭ᠍ᠰᠠᠨ᠎ᠢᠶᠠᠷ ᠪᠠᠷᠠᠬᠤ ᠦᠭᠡᠢ ᠡᠪᠡᠳᠴᠢᠨ ᠬᠤᠷᠤᠬᠠᠢ᠎ᠶ᠋ᠢᠨ ᠬᠥᠨᠥᠭᠡᠯ ᠡᠭᠦᠰᠭᠦ ᠨᠣᠷᠮ᠎ᠠ᠎ᠶ᠋ᠢ ᠴᠤ᠌ ᠪᠠᠭᠤᠷᠠᠭᠤᠯᠪᠠ᠃ ᠡᠭᠦᠨ᠎ᠤ ᠬᠠᠮᠲᠤ ᠨᠢᠭᠡᠳᠦᠯᠲᠡᠶ ᠦᠷ᠎ᠡ ᠬᠡᠷᠡᠭ᠌ᠯᠡᠬᠦ᠂ ᠲᠠᠷᠢᠬᠤ᠂ ᠪᠣᠷᠳᠣᠭᠤᠷ ᠣᠷᠣᠭᠤᠯᠬᠤ᠂ ᠤᠰᠤᠯᠠᠬᠤ᠂ ᠡᠪᠡᠳᠴᠢᠨ ᠬᠤᠷᠣᠬᠠᠶ᠎ᠶ᠋ᠢ ᠰᠡᠷᠭᠡᠢᠯᠡᠨ ᠡᠵᠡᠮᠳᠡᠬᠦ᠌ 《ᠲᠠᠪᠤ᠎ᠶ᠋ᠢ ᠨᠢᠭᠡᠳᠭᠡᠬᠦ᠌》 ᠪᠠᠷᠢᠮᠵᠢᠶᠠᠵᠢᠭᠤᠯᠤᠨ ᠲᠠᠷᠢᠬᠤ ᠵᠠᠭ᠍ᠪᠤᠷ᠎ᠢ ᠬᠡᠷᠡᠭ᠌ᠵᠢᠭᠦᠯᠵᠦ᠍᠂ ᠥᠨᠳᠥᠷ ᠤᠨᠠᠯᠲᠠ᠎ᠲᠠᠢ ᠥᠨᠳᠥᠷ ᠦᠷ᠎ᠡ ᠠᠱᠢᠭᠲᠠᠢ ᠪᠠᠢᠬᠤ᠎ᠶ᠋ᠢ ᠪᠠᠲᠤᠯᠠᠭ᠍ᠰᠠᠨ᠎ᠢᠶᠠᠷ ᠲᠠᠷᠢᠭ᠍ᠰᠠᠨ ᠬᠤᠯᠤᠤᠪᠠᠩ᠎ᠨᠢ ᠵᠠᠬ᠎ᠠ ᠳᠡᠯᠭᠡᠭᠦᠷ᠎ᠲᠤ ᠪᠤᠷᠤᠯᠠᠭᠤᠯᠭ᠎ᠠ ᠰᠠᠢᠳᠠᠢ ᠪᠤᠯᠵᠤ᠂ ᠲᠠᠷᠢᠶᠠᠴᠢᠳ᠎ᠤᠨ ᠵᠢᠯ ᠲᠤᠳᠤᠮ᠎ᠢᠶᠠᠨ ᠨᠡᠮᠡᠭ᠌ᠳᠡᠵᠡᠢ᠃
ᠢᠦᠶ ᠵᠧᠤ ᠳ᠋ᠢ ᠪᠠᠯᠭᠠᠰᠤ ᠪᠦᠬᠦ᠌ ᠪᠠᠯᠭᠠᠰᠤᠨ᠎ᠤ ᠠᠵᠤ ᠦᠢᠯᠡᠰ᠎ᠤᠨ ᠬᠥᠭ᠌ᠵᠢᠯᠲᠡ᠎ᠶ᠋ᠢᠨ ᠪᠣᠳᠠᠲᠤ ᠪᠠᠢᠳᠠᠯ᠎ᠳᠤ ᠰᠠᠭᠤᠷᠢᠯᠠᠵᠤ᠂ 1422 ᠢᠨᠵᠧᠨᠧᠷᠢᠩ᠎ᠢ ᠭᠦᠨᠵᠡᠭᠡᠶ ᠬᠡᠷᠡᠭ᠌ᠵᠢᠭᠦᠯᠵᠦ᠍᠂ ᠲᠦᠮᠡᠨ ᠮᠦ᠍ ᠬᠤᠯᠤᠤᠪᠠᠩ ᠲᠠᠷᠢᠬᠤ ᠰᠠᠭᠤᠷᠢᠨ᠎ᠢ ᠲᠥᠯᠥᠪᠵᠢᠭᠦᠯᠦᠨ᠂ ᠲᠣᠰᠭᠤᠨ᠎ᠤ ᠠᠷᠠᠳ ᠵᠠᠭᠤ ᠭᠠᠷᠤᠶ ᠬᠥᠮᠦᠨ᠎ᠢ ᠬᠥᠯᠥᠰᠥᠯᠡᠵᠦ᠍᠂ ᠡᠳᠦᠷ᠎ᠲᠤ 200 — 400 ᠲᠥᠭᠦᠷᠢᠭ᠎ᠤᠨ ᠴᠠᠯᠢᠩ ᠭᠠᠷᠳᠠᠭᠤᠯᠵᠤ ᠪᠠᠢᠨ᠎ᠠ᠃ ᠭᠠᠵᠠᠷ ᠱᠢᠷᠣᠶ᠎ᠶ᠋ᠢ ᠡᠷᠭᠢᠯᠳᠦᠭᠦᠯᠦᠭ᠌ᠰᠡᠨᠠᠴᠠ ᠲᠠᠷᠢᠶᠠᠴᠢᠳ ᠭᠠᠵᠠᠷ ᠱᠢᠷᠣᠶ᠎ᠶ᠋ᠢᠨ ᠣᠷᠣᠯᠭ᠎ᠠ᠎ᠲᠠᠢ ᠪᠣᠯᠤᠭ᠍ᠰᠠᠨ᠎ᠢᠶᠠᠷ ᠦᠯᠦ᠍ ᠪᠠᠷᠠᠮ ᠪᠠᠰᠠ ᠭᠡᠷ᠎ᠤᠨ ᠬᠠᠵᠠᠭᠤ᠎ᠳᠠᠭᠠᠨ ᠠᠵᠢᠯ᠎ᠲᠠᠢ 《ᠠᠯᠪᠠᠨ ᠲᠤᠱᠢᠶᠠᠯᠲᠠᠨ》 ᠪᠣᠯᠵᠤ᠂ ᠣᠷᠣᠯᠭ᠎ᠠ᠎ᠨᠢ ᠢᠯᠡᠳᠲᠡ ᠳᠡᠭᠡᠭ᠌ᠰᠢᠯᠡᠨ᠂ ᠤᠶᠤᠨ ᠰᠠᠨᠠᠭᠠᠨ᠎ᠤ ᠳᠦᠷᠰᠦ ᠪᠠᠢᠳᠠᠯ᠎ᠨᠢ ᠴᠤ᠌ ᠴᠣ᠌ ᠱᠢᠨ᠎ᠡ ᠬᠤᠪᠢᠷᠠᠯᠳᠠ᠎ᠲᠠᠢ ᠪᠤᠯᠵᠤ᠂ ᠪᠦᠬᠦ᠌ ᠪᠠᠯᠭᠠᠰᠤ᠎ᠪᠠᠷ᠎ᠢᠶᠠᠨ ᠪᠣᠬᠢᠷᠲᠤᠯ ᠦᠭᠡᠢ ᠠᠵᠤ ᠦᠢᠯᠡᠰ᠎ᠲᠤ ᠲᠦᠱᠢᠭ᠌ᠯᠡᠨ ᠴᠢᠨᠡᠭᠡᠯᠢᠭ᠌ᠵᠢᠯ᠎ᠤᠨ ᠵᠠᠮ᠎ᠢᠶᠠᠷ ᠢᠲᠡᠭᠡᠯ ᠲᠡᠭᠦᠯᠳᠡᠷ ᠤᠷᠤᠭ᠍ᠰᠢᠯᠠᠨ᠎ᠡ᠃