ᠣᠷᠳᠣᠰ ᠬᠤᠳᠠ᠎ᠶ᠋ᠢᠨ 9 ᠳᠥᠮᠡ ᠭᠠᠷᠣᠢ ᠠᠵᠢᠯᠳᠠᠨ ᠠᠵᠢᠯᠴᠢᠨ ᠱᠢᠷᠭᠠᠭᠤ ᠠᠵᠢᠯᠯᠠᠵᠣ ᠨᠡᠬᠦᠷᠡᠰᠣᠨ᠎ᠤ ᠬᠠᠩᠭᠠᠯᠭ᠎ᠠ᠎ᠶ᠋ᠢ ᠴᠢᠷᠮᠠᠢᠨ ᠪᠠᠳᠣᠯᠠᠵᠣ ᠪᠠᠢᠨ᠎ᠠ
2020-10-20 09:20:21
ᠵᠣᠬᠢᠶᠠᠭ᠍ᠴᠢ᠄
ᠡᠷᠳᠡᠨᠢᠵᠢᠷᠭᠠᠯ
ᠣᠩᠱᠢᠭ᠍ᠰᠠᠨ ᠣᠳᠠᠭ᠎ᠠ᠄
★★★☆☆

ᠣᠷᠳᠣᠰ ᠬᠤᠳᠠ᠎ᠶ᠋ᠢᠨ ᠢ᠎ᠲᠠᠢ ᠬᠢᠵᠠᠭᠠᠷᠲᠤ ᠺᠣᠮᠫᠠᠨᠢ᠎ᠶ᠋ᠢᠨ ᠲᠠᠯ᠎ᠠ᠎ᠶ᠋ᠢᠨ ᠬᠤᠭᠤᠯᠠᠢ ᠨᠡᠭᠦᠷᠡᠰᠦᠨ ᠠᠭᠤᠷᠬᠠᠢ᠎ᠶ᠋ᠢᠨ ᠬᠤᠳᠳᠤᠬ᠎ᠲᠤ ᠮᠠᠱᠢᠨ᠎ᠤ ᠳᠠᠭᠤᠨ ᠬᠥᠷᠴᠢᠬᠢᠨᠡᠵᠣ᠂ ᠠᠭᠤᠷᠬᠠᠢ᠎ᠶ᠋ᠢᠨ ᠠᠵᠢᠯᠴᠢᠳ ᠣᠨᠠᠬ᠍ᠰᠠᠨ ᠮᠠᠯᠠᠭᠠᠢ᠎ᠪᠠᠨ ᠠᠪᠬᠤ ᠵᠡᠪ ᠥᠬᠡᠢ ᠶᠠᠭᠠᠷᠠᠯᠳᠡᠢ ᠠᠵᠢᠯᠯᠠᠵᠠᠭᠠᠨ᠎ᠠ᠃ 《ᠮᠡᠨ᠎ᠤ ᠠᠭᠤᠷᠬᠠᠢ ᠡᠨᠡ ᠵᠢᠯ 600 ᠳᠥᠮᠡᠨ ᠳᠣᠨ ᠨᠡᠬᠦᠷᠡᠰᠣ ᠮᠠᠯᠳᠠᠬᠤ ᠡᠬᠦᠷᠬᠡ᠎ᠲᠠᠢ᠂ ᠤᠳᠤ ᠨᠢᠬᠡᠨᠳᠡ 430 ᠲᠦᠮᠡᠨ ᠲᠣᠨ ᠮᠠᠯᠳᠠᠴᠢᠬᠠᠵᠠᠢ᠃ ᠮᠠᠨ᠎ᠤ ᠠᠭᠤᠷᠬᠠᠶ᠎ᠶ᠋ᠢᠨ ᠠᠵᠢᠯᠴᠢᠳ ᠭᠠᠷᠠᠬ᠎ᠤᠨ ᠠᠮᠠᠷᠠᠯᠳᠠ᠎ᠪᠠᠨ ᠬᠠᠶᠠᠵᠤ᠂ ᠪᠦᠬᠦ᠌ ᠤᠯᠤᠰ᠎ᠤᠨ ᠠᠷᠠᠳ ᠲᠦᠮᠡᠨ᠎ᠤ ᠴᠠᠬᠢᠯᠭᠠᠨ ᠬᠠᠩᠭᠠᠯᠭ᠎ᠠ ᠪᠠ ᠳᠤᠯᠠᠭᠠᠯᠠᠭ᠎ᠠ᠎ᠳᠤ ᠥᠪᠡᠷ᠎ᠤᠨ ᠬᠤᠪᠢ ᠨᠡᠮᠡᠷᠢ᠎ᠪᠠᠨ ᠦᠵᠡᠭᠦᠯᠵᠣ ᠪᠠᠢᠨ᠎ᠠ》 ᠬᠡᠵᠣ ᠳᠣᠰ ᠠᠭᠤᠷᠬᠠᠢ᠎ᠶ᠋ᠢᠨ ᠲᠠᠷᠤᠭ᠎ᠠ ᠮᠠ ᡁᠢ ᠤᠷᠮᠠᠳᠠᠢ ᠶᠠᠷᠢᠨ᠎ᠠ᠃ ᠤᠳᠤᠬᠠᠨ᠎ᠳᠤ ᠣᠷᠳᠣᠰ ᠬᠤᠲᠠ᠎ᠶ᠋ᠢᠨ 188 ᠨᠡᠭᠦᠷᠡᠰᠦᠨ ᠠᠭᠤᠷᠬᠠᠢ᠎ᠶ᠋ᠢᠨ 9 ᠲᠦᠮᠨ ᠭᠠᠷᠣᠢ ᠠᠵᠢᠯᠲᠠᠨ ᠠᠵᠢᠯᠴᠢᠨ ᠦᠢᠯᠡᠳᠪᠦᠷᠢᠯᠡᠯ᠎ᠤᠨ ᠨᠢᠭᠡᠳᠦᠭᠡᠷ ᠹᠷᠣᠨᠲ᠎ᠲᠤ ᠭᠠᠪᠱᠢᠭᠠᠢᠯᠠᠵᠤ᠂ ᠲᠡᠭ᠌ᠷᠢ ᠬᠦᠢᠳᠡᠷᠡᠬᠦ᠌᠎ᠠᠴᠠ ᠡᠮᠥᠨ᠎ᠡ ᠡᠨᠡ ᠡᠪᠦᠯ ᠢᠷᠡᠬᠦ᠌ ᠬᠠᠪᠤᠷ᠎ᠤᠨ ᠳᠤᠯᠠᠭᠠᠯᠠᠭ᠎ᠠ᠎ᠶ᠋ᠢᠨ ᠨᠡᠭᠦᠷᠡᠰᠦᠨ᠎ᠤ ᠬᠠᠩᠭᠠᠯᠭ᠎ᠠ᠎ᠶ᠋ᠢ ᠪᠠᠲᠤᠯᠠᠬᠤ᠎ᠪᠠᠷ ᠪᠦᠬᠦ᠌ ᠬᠦᠴᠦᠨ᠎ᠢᠶᠠᠷ ᠴᠢᠷᠮᠠᠢᠨ ᠠᠵᠢᠯᠯᠠᠵᠤ ᠪᠤᠢ᠃

ᠣᠷᠳᠣᠰ ᠬᠤᠲᠠ 《ᠵᠢᠷᠭᠤᠭ᠎ᠠ᠎ᠶ᠋ᠢ ᠲᠤᠬ᠍ᠳᠠᠪᠤᠷᠢᠵᠢᠭᠤᠯᠬᠤ》 ᠠᠵᠢᠯ᠎ᠢ ᠯᠠᠪᠳᠠᠭᠤᠨ ᠪᠠᠲᠤᠲᠠᠶ ᠰᠠᠢᠳᠤᠷ ᠬᠢᠵᠦ᠍ 《ᠵᠢᠷᠭᠤᠭ᠎ᠠ᠎ᠶ᠋ᠢ ᠪᠠᠲᠤᠯᠠᠬᠤ》 ᠡᠭᠦᠷᠭᠡ᠎ᠶ᠋ᠢ ᠪᠦᠬᠦ᠌ ᠲᠠᠯ᠎ᠠ᠎ᠪᠠᠷ ᠨᠠᠢᠳᠠᠪᠤᠷᠢᠵᠢᠭᠤᠯᠤᠨ᠂ ᠨᠡᠭᠦᠷᠡᠰᠦᠨ᠎ᠤ ᠵᠠᠬ᠎ᠠ ᠳᠡᠯᠭᠡᠭᠦᠷ᠎ᠤᠨ ᠲᠣᠭ᠍ᠲᠠᠭᠤᠨ ᠬᠠᠩᠭᠠᠯᠭ᠎ᠠ᠎ᠶ᠋ᠢ ᠢᠳᠡᠪᠬᠢᠲᠡᠢ ᠪᠠᠳᠤᠯᠠᠵᠤ ᠪᠠᠢᠨ᠎ᠠ᠃ ᠲᠤᠰ ᠬᠤᠳᠠ ᠨᠡᠭᠦᠷᠡᠰᠦᠨ᠎ᠤ ᠬᠠᠩᠭᠠᠯᠭ᠎ᠠ᠎ᠶ᠋ᠢ ᠪᠠᠲᠤᠯᠠᠬᠤ ᠠᠵᠢᠯ᠎ᠤᠨ ᠤᠳᠤᠷᠢᠳᠭᠤ ᠳᠤᠭᠤᠢᠯᠠᠩ ᠪᠠᠢᠭᠤᠯᠤᠨ ᠬᠤᠲᠠ᠎ᠶ᠋ᠢᠨ ᠨᠠᠮ᠎ᠤᠨ ᠬᠤᠷᠢᠶ᠎ᠠ᠂ ᠵᠠᠰᠠᠭ᠎ᠤᠨ ᠣᠷᠳᠣᠨ᠎ᠤ ᠭᠤᠤᠯ ᠤᠳᠤᠷᠢᠳᠤᠯᠭ᠎ᠠ ᠪᠡᠶ᠎ᠡ᠎ᠪᠠᠷ᠎ᠢᠶᠠᠨ ᠵᠢᠯᠣᠭᠤᠳᠤᠨ ᠪᠡᠶ᠎ᠡ᠎ᠪᠠᠷ᠎ᠢᠶᠠᠨ ᠬᠢᠨᠡᠨ ᠬᠠᠮᠢᠶᠠᠷᠴᠣ᠂ ᠬᠤᠲᠠ ᠬᠤᠱᠢᠭᠤ ᠬᠤᠶᠠᠷ ᠱᠠᠲᠤᠨ᠎ᠤ ᠡᠨᠧᠷᠭᠢ᠎ᠶ᠋ᠢᠨ ᠭᠤᠣᠯᠯᠠᠨ ᠬᠠᠮᠢᠶᠠᠷᠬᠤ ᠰᠠᠯᠠᠭ᠎ᠠ ᠮᠥᠴᠢᠷ᠎ᠤᠨ᠎ᠬᠢᠨ ᠨᠡᠭᠦᠷᠡᠰᠦᠨ᠎ᠤ 《ᠬᠠᠩᠭᠠᠯᠭ᠎ᠠ᠎ᠶ᠋ᠢ ᠪᠠᠲᠤᠯᠠᠬᠤ》 ᠲᠤᠰᠭᠠᠶ ᠠᠩᠭᠢ ᠪᠠᠢᠭᠤᠯᠤᠨ 《ᠬᠠᠩᠭᠠᠯᠭ᠎ᠠ᠎ᠶ᠋ᠢ ᠪᠠᠲᠤᠯᠠᠬᠤ》 ᠠᠵᠢᠯ᠎ᠤᠨ ᠲᠥᠰᠦᠯ ᠲᠣᠭ᠍ᠲᠠᠭᠠᠵᠤ᠂ ᠤᠳᠤᠷᠢᠳᠭᠤ ᠺᠠᠳ᠋ᠷ ᠬᠡᠰᠡᠭ ᠬᠤᠪᠢᠶᠠᠨ ᠠᠭᠤᠷᠬᠠᠶ᠎ᠶ᠋ᠢ ᠳᠠᠭᠠᠭᠠᠴᠢᠯᠠᠨ᠂ ᠨᠢᠭᠡ ᠠᠵᠤ ᠠᠬᠤᠢᠯᠠᠯ᠎ᠳᠤ ᠨᠢᠭᠡ ᠠᠷᠭ᠎ᠠ ᠪᠣᠳᠣᠯᠭ᠎ᠠ ᠬᠡᠷᠡᠭ᠌ᠵᠢᠭᠦᠯᠵᠦ᠍᠂ ᠡᠬᠦᠷᠬᠡ ᠬᠠᠷᠢᠭᠤᠴᠠᠯᠭ᠎ᠠ᠎ᠶ᠋ᠢ ᠳᠣᠳᠣᠷᠬᠠᠢᠯᠠᠨ ᠣᠷᠣᠱᠢᠵᠤ ᠪᠠᠢᠶᠭ᠎ᠠ ᠠᠰᠠᠭᠤᠳᠠᠯ᠎ᠢ ᠪᠦᠬᠦ᠌ ᠬᠦᠴᠦᠨ᠎ᠢᠶᠠᠷ ᠱᠢᠢᠳᠪᠦᠷᠢᠯᠡᠵᠦ᠍᠂ ᠪᠦᠬᠦ᠌ ᠬᠤᠲᠠ᠎ᠶ᠋ᠢᠨ ᠨᠡᠭᠦᠷᠡᠰᠦᠨ᠎ᠤ ᠠᠵᠤ ᠠᠬᠤᠢ᠎ᠶ᠋ᠢᠨ ᠡᠷᠡᠭᠦᠯ ᠲᠣᠭ᠍ᠲᠠᠭᠤᠨ᠎ᠢᠶᠠᠷ ᠬᠥᠭ᠌ᠵᠢᠬᠦ᠌᠎ᠶ᠋ᠢ ᠠᠬᠢᠭᠤᠯᠤᠬ᠍ᠰᠠᠨ ᠪᠠᠢᠨ᠎ᠠ᠃

ᠣᠷᠳᠣᠰ ᠬᠤᠲᠠ᠎ᠶ᠋ᠢᠨ ᠵᠠᠰᠠᠭ᠎ᠤᠨ ᠣᠷᠳᠣᠨ ᠨᠡᠭᠦᠷᠡᠰᠦᠨ᠎ᠤ ᠦᠢᠯᠡᠳᠪᠦᠷᠢᠯᠡᠯ ᠪᠠ ᠬᠠᠩᠭᠠᠯᠭ᠎ᠠ᠎ᠶ᠋ᠢᠨ ᠡᠳᠦᠷ᠎ᠤᠨ ᠮᠡᠳᠡᠭᠦᠯᠦᠯᠲᠡ᠎ᠶ᠋ᠢᠨ ᠳᠦᠷᠢᠮ᠎ᠢ ᠪᠠᠢᠭᠤᠯᠤᠨ ᠡᠳᠦᠷ ᠪᠦᠷᠢ ᠬᠢᠨᠠᠨ ᠬᠡᠮᠵᠢᠬᠦ᠌ ᠭᠠᠷ ᠭᠦᠢᠴᠡᠳᠭᠡᠯ ᠬᠢᠵᠣ᠂  ᠦᠢᠯᠡᠳᠪᠦᠷᠢᠯᠡᠯ᠎ᠢᠶᠠᠨ ᠰᠡᠷᠭᠦᠭᠡᠬᠦ᠂ ᠨᠡᠭᠦᠷᠡᠰᠦᠨ᠎ᠤ ᠪᠣᠷᠣᠯᠠᠭᠤᠯᠭ᠎ᠠ ᠵᠢᠴᠢ ᠠᠶᠤᠯᠭᠦᠶ ᠦᠢᠯᠡᠳᠪᠦᠷᠢᠯᠡᠯ᠎ᠤᠨ ᠪᠠᠢᠳᠠᠯ᠎ᠢ ᠨᠢᠭ᠍ᠲᠠ ᠮᠥᠷᠳᠡᠨ᠂ ᠬᠠᠮᠢᠶ᠎ᠠ ᠪᠦᠬᠦᠢ ᠲᠤᠭ᠎ᠠ ᠪᠠᠷᠢᠮᠲᠠ᠎ᠶ᠋ᠢ ᠣᠨᠣᠪᠴᠢᠲᠠᠶ ᠡᠵᠡᠮᠱᠢᠵᠦ᠍᠂ ᠣᠷᠣᠱᠢᠵᠤ ᠪᠠᠢᠭ᠎ᠠ ᠬᠦᠴᠢᠷᠳᠡᠯ ᠪᠠ ᠠᠰᠠᠭᠤᠳᠠᠯ᠎ᠢ ᠴᠠᠭ ᠲᠤᠬᠠᠶ᠎ᠳᠤᠨᠢ ᠵᠠᠳᠠᠯᠤᠨ ᠱᠢᠢᠳᠪᠣᠷᠢᠯᠡᠵᠥ᠍᠂ ᠨᠡᠭᠦᠷᠡᠰᠦᠨ᠎ᠤ ᠠᠵᠤ ᠠᠬᠤᠢᠯᠠᠯ᠎ᠤᠨ ᠦᠢᠯᠡᠳᠪᠦᠷᠢᠯᠡᠯ᠎ᠢᠶᠠᠨ ᠰᠡᠷᠭᠦᠭᠡᠬᠦ᠌᠎ᠶ᠋ᠢ ᠠᠬᠢᠭᠤᠯᠵᠠᠢ᠃ ᠪᠦᠬᠦ᠌ ᠬᠤᠲᠠ᠎ᠶ᠋ᠢᠨ ᠡᠨᠧᠷᠭᠢ᠎ᠶ᠋ᠢᠨ ᠠᠵᠢᠯ ᠲᠥᠷᠥᠯ᠎ᠤᠨ ᠺᠠᠳ᠋ᠷ ᠠᠵᠢᠯᠲᠠᠳ ᠰᠠᠨᠠᠭᠠᠴᠢᠯᠠᠭ᠎ᠠ᠎ᠠᠴᠠ᠎ᠪᠠᠨ ᠠᠮᠠᠷᠠᠯᠳᠡ᠎ᠶ᠋ᠢᠨ ᠡᠳᠤᠷ᠎ᠢᠶᠠᠨ ᠬᠠᠶᠠᠭᠠᠳ ᠦᠢᠯᠡᠳᠪᠤᠷᠢᠯᠡᠯ᠎ᠤᠨ ᠨᠢᠭᠡᠳᠦᠭᠡᠷ ᠹᠷᠣᠨᠲ᠎ᠲᠤ ᠬᠦᠨᠵᠡᠬᠡᠢᠷᠡᠨ ᠰᠠᠭᠤᠵᠤ᠂ ᠨᠡᠭᠦᠷᠡᠰᠦᠨ᠎ᠤ ᠠᠮᠤᠷ ᠲᠦᠪᠱᠢᠨ ᠲᠣᠭ᠍ᠲᠠᠭᠤᠨ ᠬᠠᠩᠭᠠᠯᠭ᠎ᠠ᠎ᠶ᠋ᠢ ᠪᠠᠲᠤᠯᠠᠬᠤ᠎ᠳᠤ ᠬᠦᠴᠦᠨ ᠴᠢᠳᠠᠯ᠎ᠢᠶᠠᠨ ᠡᠷᠬᠦᠵᠤ ᠪᠠᠢᠨ᠎ᠠ᠃ ᠡᠬᠦᠨ᠎ᠤ ᠬᠠᠮᠳᠤ ᠲᠤᠰ ᠬᠤᠳᠠ ᠠᠶᠤᠯᠭᠦᠢ ᠦᠢᠯᠡᠳᠪᠦᠷᠢᠯᠡᠯ᠎ᠤᠨ ᠠᠵᠢᠯ᠎ᠢ ᠰᠠᠢᠲᠤᠷ ᠠᠤᠡᠬᠤᠵᠤ᠂ ᠠᠮᠤᠷ ᠲᠦᠪᠱᠢᠨ᠎ᠢ ᠦᠨᠡᠨ ᠬᠦ᠌ ᠪᠠᠲᠤᠯᠠᠭ᠍ᠰᠠᠨ ᠤᠷᠢᠲᠠᠯ ᠳᠣᠣᠷ᠎ᠠ ᠦᠢᠯᠡᠳᠪᠦᠷᠢᠯᠡᠯ᠎ᠢᠶᠠᠨ ᠰᠡᠷᠬᠦᠬᠡᠵᠥ᠍ ᠬᠠᠩᠭᠠᠯᠭ᠎ᠠ᠎ᠪᠠᠨ ᠨᠡᠮᠡᠭ᠌ᠳᠡᠭᠦᠯᠬᠦ᠌᠎ᠶ᠋ᠢᠨ ᠬᠠᠮᠲᠤ ᠠᠳᠡᠯ ᠭᠠᠷᠤᠭ᠍ᠰᠠᠨ ᠨᠡᠭᠦᠷᠡᠰᠦᠨ ᠠᠭᠤᠷᠬᠠᠢ᠎ᠶ᠋ᠢᠨ ᠠᠶᠤᠯᠬᠦᠢ᠎ᠶ᠋ᠢᠨ ᠭᠡᠮ ᠰᠤᠭᠤᠭ᠎ᠢ ᠴᠡᠭ᠌ᠴᠡᠯᠡᠨ ᠰᠠᠢᠵᠢᠷᠠᠭᠤᠯᠤᠭ᠍ᠰᠠᠨ ᠪᠠᠢᠨ᠎ᠠ᠃

ᠤᠷᠳᠤᠰ ᠬᠤᠲᠠ᠎ᠶ᠋ᠢᠨ ᠬᠡᠪ᠎ᠤᠨ ᠦᠢᠯᠡᠳᠪᠦᠷᠢᠯᠡᠯ᠎ᠳᠤ ᠤᠷᠤᠭ᠍ᠰᠠᠨ 190 ᠨᠡᠭᠦᠷᠡᠰᠦᠨ ᠠᠭᠤᠷᠬᠠᠶ᠎ᠶ᠋ᠢᠨ  ᠦᠢᠯᠡᠳᠪᠦᠷᠢᠯᠡᠯ᠎ᠤᠨ ᠴᠢᠳᠠᠪᠤᠷᠢ ᠨᠢᠬᠡᠨᠳᠡ 5.48 ᠳ᠋ᠦᠩᠱᠢᠭᠤᠷ ᠲᠣᠨ᠎ᠳᠤ ᠬᠦᠷᠴᠦ᠍᠂ ᠲᠤᠮᠳᠠᠴᠢ᠎ᠪᠠᠷ ᠡᠳᠦᠷ ᠪᠦᠷᠢ 200 ᠲᠦᠮᠡᠨ ᠲᠣᠨ ᠨᠡᠭᠦᠷᠡᠰᠦ ᠪᠣᠷᠣᠯᠠᠭᠤᠯᠵᠣ ᠪᠣᠢ᠃ 9 ᠰᠠᠷ᠎ᠠ᠎ᠠᠴᠠ ᠨᠠᠭᠠᠰᠢ ᠦᠢᠯᠡᠳᠪᠤᠷᠢᠯᠡᠯ᠎ᠢᠶᠠᠨ ᠰᠡᠷᠬᠦᠬᠡᠭ᠌ᠰᠡᠨ ᠨᠡᠭᠦᠷᠡᠰᠦᠨ ᠠᠭᠤᠷᠬᠠᠶ 18 ᠨᠡᠮᠡᠭ᠌ᠳᠡᠵᠦ᠍᠂ ᠪᠦᠬᠦ᠌ ᠬᠤᠳᠠ᠎ᠶ᠋ᠢᠨ ᠵᠢᠯ᠎ᠤᠨ ᠨᠡᠬᠦᠷᠡᠰᠤᠨ᠎ᠤ  ᠦᠢᠯᠡᠳᠪᠦᠷᠢᠯᠡᠯ᠎ᠤᠨ ᠴᠢᠳᠠᠪᠤᠷᠢ᠎ᠶ᠋ᠢ 2920 ᠲᠦᠮᠡᠨ ᠲᠣᠨ ᠨᠡᠮᠡᠭ᠌ᠳᠡᠬᠦᠯᠪᠡ; ᠵᠢᠱ᠌ᠢᠯᠳᠠ᠎ᠪᠠᠷ᠂ ᠳᠥᠷᠪᠡᠳᠦᠭᠡᠷ ᠤᠯᠠᠷᠢᠯ᠎ᠳᠤ ᠪᠠᠰᠠ 20 ᠭᠠᠷᠤᠶ ᠨᠡᠭᠦᠷᠡᠰᠦᠨ ᠠᠭᠤᠷᠬᠠᠶ ᠦᠢᠯᠡᠳᠪᠦᠷᠢᠯᠡᠯ᠎ᠢᠶᠠᠨ ᠰᠡᠷᠭᠦᠭᠡᠵᠣ᠂ ᠪᠦᠬᠦ᠌ ᠬᠤᠳᠠ᠎ᠶ᠋ᠢᠨ ᠵᠢᠯ᠎ᠤᠨ ᠨᠡᠬᠦᠷᠡᠰᠤᠨ᠎ᠤ ᠦᠢᠯᠡᠳᠪᠦᠷᠢᠯᠡᠯ᠎ᠤᠨ ᠴᠢᠳᠠᠪᠤᠷᠢ᠎ᠶ᠋ᠢ 8000 ᠲᠦᠮᠡᠨ ᠲᠣᠨ ᠣᠷᠴᠢᠮ ᠨᠡᠮᠡᠭ᠌ᠳᠡᠬᠦᠯᠬᠦ᠌ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号