ᠵᠢᠷᠭᠠᠯᠠᠩᠳᠦ ᠨᠤᠳᠤᠭ᠎ᠤᠨ ᠵᠢᠪᠬᠤᠭᠠᠳᠤ ᠲᠡᠦᠬᠡ᠎ᠶ᠋ᠢᠨ ᠬᠦᠦᠷᠨᠢᠯ
2020-10-21 09:34:24
ᠵᠣᠬᠢᠶᠠᠭ᠍ᠴᠢ᠄
ᠦᠷᠴᠠᠢᠬᠤ
ᠣᠩᠱᠢᠭ᠍ᠰᠠᠨ ᠣᠳᠠᠭ᠎ᠠ᠄
★★★☆☆

ᠲᠦᠷᠦᠭᠦᠭᠡᠨ᠂ ᠵᠢᠷᠭᠠᠯᠠᠩᠳᠤ ᠨᠤᠳᠤᠭ᠎ᠤᠨ ᠵᠢᠪᠬᠤᠭᠠᠳᠤ ᠲᠡᠦᠬᠡ᠎ᠶ᠋ᠢ ᠦᠰᠦᠭ ᠪᠢᠴᠢᠭ᠎ᠢᠶᠠᠷ᠎ᠢᠶᠠᠨ ᠳᠡᠮᠳᠡᠭ᠌ᠯᠡᠭ᠌ᠰᠡᠨ 600 ᠱᠢᠬᠠᠮ ᠨᠢᠭᠤᠷ᠎ᠲᠠᠢ 《ᠠᠷᠤ ᠬᠤᠷᠴᠢᠨ ᠬᠤᠱᠢᠭᠤᠨ᠎ᠤ ᠲᠦᠷᠪᠡᠳᠡᠢ ᠭᠠᠴᠠᠭ᠎ᠠ᠎ᠶ᠋ᠢᠨ ᠤᠢ᠍ᠢᠯᠠᠯᠭ᠎ᠠ》 ᠎ᠶ᠋ᠢᠨ ᠳᠠᠷᠬᠠᠭᠠᠯᠳᠠ᠎ᠶ᠋ᠢᠨ ᠶᠤᠰᠤᠯᠠᠯ ᠱᠤᠤ ᠪᠠᠯᠭᠠᠰᠤ᠎ᠶ᠋ᠢᠨ ᠲᠦᠷᠪᠡᠳᠡᠢ ᠭᠠᠴᠠᠭᠠᠨ᠎ᠳᠤ ᠶᠠᠪᠤᠬ᠍ᠳᠠᠵᠤ᠂ ᠦᠷᠭᠡᠨ ᠲᠦᠮᠡᠨ ᠪᠠ ᠮᠠᠯᠴᠢᠨ ᠠᠷᠠᠳ᠎ᠤᠨ᠎ᠢᠶᠠᠨ ᠭᠠᠷ᠎ᠲᠤ ᠬᠦᠷᠦᠭ᠌ᠰᠡᠨ ᠶᠤᠮ᠃

ᠲᠦᠷᠪᠡᠳᠡᠢ ᠨᠤᠳᠤᠭ᠎ᠨᠢ ᠠᠷᠤ ᠬᠤᠷᠴᠢᠨ ᠬᠤᠱᠢᠭᠤ᠎ᠶ᠋ᠢᠨ ᠡᠮᠦᠨ᠎ᠡ ᠵᠠᠬ᠎ᠠ᠂ ᠺᠠᠢᠯᠦ᠍ ᠱᠢᠶᠠᠨ᠎ᠲᠠᠢ ᠵᠠᠬ᠎ᠠ ᠨᠡᠢᠯᠡᠭ᠌ᠰᠡᠨ ᠲᠤᠢᠭ᠎ᠤᠨ ᠭᠤᠤᠯ᠎ᠤᠨ ᠳᠡᠨᠵᠢᠨ᠎ᠳᠤ ᠪᠠᠢᠷᠢᠯᠠᠵᠤ᠂ ᠡᠷᠳᠡᠨ᠎ᠠᠴᠠ᠎ᠪᠠᠨ ᠠᠷᠤ ᠬᠤᠷᠴᠢᠨ ᠬᠤᠱᠢᠭᠤᠨ᠎ᠤ ᠴᠢᠬᠤᠯᠠ ᠭᠠᠵᠠᠷ ᠤᠷᠤᠨ ᠪᠤᠯᠤᠨ᠎ᠠ᠃ ᠠᠳᠡᠬᠢ᠎ᠨᠢ ᠲᠦᠷᠪᠡᠯᠵᠢ ᠡᠪᠡᠰᠦ ᠠᠷᠪᠢᠨ ᠤᠷᠭᠤᠳᠠᠭ ᠨᠤᠳᠤᠭ ᠪᠠᠢᠬ᠍ᠰᠠᠨ᠎ᠠᠴᠠ ᠲᠦᠷᠪᠡᠳᠡᠢ ᠭᠡᠮᠡᠨ ᠨᠡᠷᠡᠢᠳᠦᠭ᠌ᠳᠡᠵᠠᠢ᠃ ᠲᠦᠷᠪᠡᠳᠡᠢ᠎ᠨᠢ ᠪᠤᠷᠵᠢᠭᠢᠨ᠂ ᠬᠠᠨᠵᠢᠳ᠂ ᠡᠷᠬᠡᠳᠦ᠂ ᠪᠦᠬᠡᠨᠠᠷ᠂ ᠪᠤᠷᠤᠨᠤᠳ᠂ ᠪᠠᠯᠴᠢᠷᠤᠳ᠂ ᠬᠠᠷᠠᠨᠤᠳ ᠵᠡᠷᠭᠡ 26 ᠤᠪᠤᠭ ᠠᠢᠮᠠᠭ᠎ᠤᠨ 247 ᠡᠷᠦᠬᠡ᠂ 904 ᠬᠦᠮᠦᠨ ᠠᠮᠠ᠎ᠲᠠᠢ᠂ ᠤᠯᠠᠨ ᠤᠪᠤᠭ ᠠᠢᠮᠠᠭ᠎ᠢᠶᠠᠷ ᠪᠦᠷᠢᠯᠳᠦᠭ᠌ᠰᠡᠨ ᠲᠦᠷᠪᠡᠳᠡᠢ᠂ ᠪᠠᠶᠠᠨᠬᠤᠸᠠ᠂ ᠶᠡᠭᠡᠨ᠋ᠠᠢᠯ ᠵᠡᠷᠭᠡ ᠭᠤᠷᠪᠠᠨ ᠲᠤᠭᠤᠢ᠍ᠢᠯᠠᠩ᠎ᠢᠶᠠᠷ ᠪᠦᠷᠢᠯᠳᠦᠭ᠌ᠰᠡᠨ ᠮᠤᠩᠭᠤᠯ ᠦᠨᠳᠦᠰᠦᠳᠡᠨ ᠲᠦᠪᠯᠡᠷᠡᠨ ᠰᠠᠭᠤᠷᠢᠱᠢᠭ᠎ᠠ ᠭᠠᠴᠠᠭ᠎ᠠ ᠪᠤᠯᠤᠨ᠎ᠠ᠃

ᠲᠦᠷᠪᠡᠳᠡᠢ ᠭᠠᠴᠠᠭ᠎ᠠ᠎ᠶ᠋ᠢᠨ ᠤᠢ᠍ᠢᠯᠠᠯᠭ᠎ᠠ᠎ᠨᠢ ᠲᠤᠰ ᠭᠠᠴᠠᠭ᠎ᠠ᠎ᠶ᠋ᠢᠨ ᠲᠡᠦᠬᠡ᠎ᠶ᠋ᠢᠨ ᠬᠡᠷᠡᠭ ᠶᠠᠪᠤᠳᠠᠯ᠂ ᠪᠠᠢᠭᠠᠯᠢ ᠠᠬᠤᠢ᠂ ᠭᠠᠴᠠᠭ᠎ᠠ᠎ᠶ᠋ᠢᠨ ᠪᠠᠢᠭᠤᠯᠤᠮᠵᠢ᠂ ᠬᠦᠮᠦᠨ ᠠᠮᠠ ᠭᠡᠷ ᠪᠦᠯᠢ᠂ ᠮᠠᠯ ᠠᠵᠤ ᠠᠬᠤᠢ ᠲᠠᠷᠢᠶᠠᠯᠠᠩ᠂ ᠨᠡᠢᠭᠡᠮ᠎ᠤᠨ ᠦᠢᠯᠡᠴᠢᠯᠡᠭᠡᠨ᠎ᠤ ᠦᠢᠯᠡᠰ᠂ ᠰᠤᠷᠭᠠᠨ ᠬᠦᠮᠦᠵᠢᠯ᠂ ᠰᠤᠶᠤᠯ ᠤᠷᠠᠯᠢᠭ᠂ ᠠᠷᠠᠳ᠎ᠤᠨ ᠠᠮᠢᠳᠤᠷᠠᠯ᠂ ᠵᠠᠩ ᠦᠢᠯᠡ᠂ ᠬᠦᠮᠦᠰ᠎ᠤᠨ ᠳᠠᠨᠢᠯᠴᠠᠭᠤᠯᠭ᠎ᠠ ᠵᠡᠷᠭᠡ ᠠᠭᠤᠯᠭ᠎ᠠ᠎ᠶ᠋ᠢ ᠬᠠᠮᠤᠷᠴᠤ᠌᠂ ᠭᠠᠴᠠᠭᠠᠨ᠎ᠤ ᠴᠡᠴᠡᠭ᠌ᠯᠡᠯ ᠬᠦᠭ᠌ᠵᠢᠯᠳᠡ᠎ᠶ᠋ᠢ ᠳᠡᠮᠳᠡᠭ᠌ᠯᠡᠭ᠌ᠰᠡᠨ 600 ᠭᠠᠷᠤᠢ ᠨᠢᠭᠤᠷ᠎ᠲᠠᠢ ᠲᠤᠮᠤᠬᠠᠨ ᠪᠦᠲᠦᠭᠡᠯ ᠪᠤᠯᠬᠤ ᠶᠤᠮ᠃

ᠤᠢ᠍ᠢᠯᠠᠯᠭ᠎ᠠ᠎ᠶ᠋ᠢ ᠨᠠᠢᠷᠠᠭᠤᠯᠬᠤ᠎ᠳᠤ ᠬᠦᠴᠦᠨ ᠵᠢᠳᠬᠦᠯ ᠦᠵᠡᠭᠦᠯᠦᠭ᠌ᠰᠡᠨ ᠤᠤᠯ᠎ᠤᠨ ᠭᠠᠴᠠᠭᠠᠨ ᠳᠠᠷᠤᠭ᠎ᠠ ᠪᠦᠷᠢᠨᠴᠤᠬ᠍ᠳᠤ᠄ 《ᠤᠢ᠍ᠢᠯᠠᠯᠭ᠎ᠠ ᠨᠠᠢᠷᠠᠭᠤᠯᠬᠤ ᠠᠵᠢᠯ᠎ᠢ 2017 ᠤᠨ᠎ᠤ 3 ᠰᠠᠷ᠎ᠠ᠎ᠠᠴᠠ ᠡᠬᠢᠯᠡᠭᠦᠯᠵᠤ᠂ ᠠᠷᠤ ᠬᠤᠷᠴᠢᠨ ᠬᠤᠱᠢᠭᠤᠨ᠎ᠤ ᠰᠤᠷᠭᠠᠨ ᠬᠦᠮᠦᠵᠢᠯ᠎ᠤᠨ ᠲᠤᠪᠴᠢᠶ᠎ᠠ᠎ᠶ᠋ᠢᠨ ᠺᠠᠳ᠋ᠷ ᠮᠦᠩᠬᠡᠪᠠᠳᠤ᠂ ᠠᠷᠤ ᠬᠤᠷᠴᠢᠨ ᠬᠤᠱᠢᠭᠤᠨ᠎ᠤ ᠦᠨᠳᠦᠰᠦᠳᠡᠨ᠎ᠤ ᠠᠵᠢᠯ ᠮᠡᠷᠭᠡᠵᠢᠯ᠎ᠤᠨ ᠳᠤᠮᠳᠠᠳᠤ ᠰᠤᠷᠭᠠᠭᠤᠯᠢ᠎ᠶ᠋ᠢᠨ ᠤᠨᠴᠠ ᠳᠡᠰ᠎ᠤᠨ ᠪᠠᠭ᠍ᠰᠢ ᠮᠦᠩᠬᠡᠸᠴᠢᠷ ᠬᠤᠶᠠᠷ ᠨᠦᠬᠦᠷ ᠭᠤᠤᠯᠯᠠᠨ ᠨᠠᠢᠷᠠᠭᠤᠯᠵᠤ᠂ ᠤᠯᠠᠨ ᠬᠦᠮᠦᠨ᠎ᠤ ᠡᠯ᠎ᠡ ᠲᠠᠯ᠎ᠠ᠎ᠶ᠋ᠢᠨ ᠬᠠᠪᠰᠤᠷᠤᠯᠭ᠎ᠠ ᠳᠡᠮᠵᠢᠯᠭᠡ᠂ ᠬᠦᠴᠦ᠍ ᠬᠦᠯᠦᠰᠦ᠎ᠪᠠᠷ ᠳᠡᠮᠵᠢᠨ ᠵᠤᠬᠢᠶᠠᠨ ᠪᠦᠲᠦᠭᠡᠭ᠌ᠰᠡᠨ ᠶᠤᠮ᠃ ᠬᠠᠭᠤᠴᠢᠨ ᠶᠠᠭᠤᠮ᠎ᠠ ᠤᠯᠠ ᠪᠤᠯᠵᠤ᠂ ᠱᠢᠨ᠎ᠡ ᠶᠠᠭᠤᠮ᠎ᠠ ᠵᠤᠯᠠ ᠪᠤᠯᠳᠠᠭ᠃ ᠤᠢ᠍ᠢᠯᠠᠯᠭ᠎ᠠ ᠮᠠᠨᠢ᠂ ᠮᠠᠨᠤᠰ᠎ᠲᠤ ᠦᠩᠭᠡᠷᠡᠭ᠌ᠰᠡᠨ᠎ᠤ᠎ᠬᠢ᠎ᠶ᠋ᠢ ᠮᠡᠳᠡᠭᠦᠯᠵᠤ᠂ ᠡᠳᠦᠭᠡ᠎ᠶ᠋ᠢ᠎ᠬᠢ ᠰᠡᠩᠬᠡᠷᠡᠭᠦᠯᠵᠤ᠂ ᠬᠤᠢᠱᠢᠬᠢ᠎ᠳᠤ ᠰᠤᠷᠭᠠᠯ ᠪᠤᠯᠬᠤ᠎ᠳᠤ ᠪᠢᠳᠡ ᠢᠳᠡᠭᠡᠯ ᠲᠦᠭᠦᠷᠡᠩ ᠪᠤᠢ》 ᠭᠡᠵᠤ ᠳᠠᠨᠢᠯᠴᠠᠭᠤᠯᠤᠨ ᠶᠠᠷᠢᠪᠠ᠃

ᠲᠤᠰ ᠤᠢ᠍ᠢᠯᠠᠯᠭ᠎ᠠ᠎ᠳᠤ ᠪᠢᠴᠢᠵᠤ ᠳᠡᠮᠳᠡᠭ᠌ᠯᠡᠭ᠌ᠰᠡᠨ ᠲᠡᠦᠬᠡᠨ ᠬᠡᠷᠡᠭ ᠶᠠᠪᠤᠳᠠᠯ᠎ᠨᠢ ᠶᠤᠸᠠᠨ ᠤᠯᠤᠰ᠎ᠤᠨ ᠰᠡᠭᠦᠯᠴᠢ᠎ᠠᠴᠠ ᠡᠬᠢᠯᠡᠨ ᠲᠦᠭᠦᠮ ᠲᠤᠭᠠᠴᠢᠵᠤ᠂ 1945 ᠤᠨ᠎ᠠᠴᠠ ᠨᠠᠭᠠᠱᠢᠬᠢ ᠲᠡᠦᠬᠡᠨ ᠬᠡᠷᠡᠭ ᠤᠴᠢᠷ ᠪᠤᠯᠤᠨ ᠬᠠᠮᠳᠤᠷᠠᠯ ᠬᠤᠷᠱᠢᠶᠠᠵᠢᠯ᠎ᠠᠴᠠ 2017 ᠤᠨ᠎ᠤ ᠵᠢᠯ᠎ᠤᠨ ᠰᠡᠭᠦᠯᠴᠢ ᠪᠤᠯᠳᠠᠯᠠᠬᠢ ᠦᠨᠡᠨ ᠪᠤᠳᠠᠳᠤ ᠤᠴᠢᠷ ᠶᠠᠪᠤᠳᠠᠯ᠎ᠢ ᠨᠠᠷᠢᠯᠢᠬ ᠳᠡᠮᠳᠡᠭ᠌ᠯᠡᠵᠠᠢ᠃

《ᠲᠤᠰ ᠤᠢ᠍ᠢᠯᠠᠯᠭ᠎ᠠ᠎ᠳᠤ ᠮᠠᠰᠢ ᠤᠯᠠᠨ ᠲᠡᠦᠬᠡ᠎ᠶ᠋ᠢᠨ ᠤᠯᠳᠠᠰᠢ ᠦᠭᠡᠢ ᠪᠢᠴᠢᠭ ᠮᠠᠲ᠋ᠧᠷᠢᠶᠠᠯ᠎ᠢ ᠳᠠᠭᠠᠯᠳᠤᠭᠤᠯᠪᠠ᠃ ᠤᠩᠱᠢᠬ᠍ᠰᠠᠨ᠎ᠤ ᠳᠠᠷᠠᠭᠠᠬᠢ ᠤᠯᠤᠯᠳᠠ ᠮᠠᠰᠢ ᠶᠡᠭᠡ᠂ ᠨᠤᠳᠤᠭ ᠤᠰᠤᠨ᠎ᠤ᠎ᠪᠠᠨ ᠨᠡᠷ᠎ᠡ ᠠᠯᠳᠠᠷ᠎ᠢ ᠡᠷᠭᠦᠵᠤ ᠶᠠᠪᠤᠭ᠎ᠠ ᠬᠦᠮᠦᠰ᠎ᠠᠴᠠ ᠰᠤᠷᠤᠯᠴᠠᠵᠤ᠂ ᠬᠤᠵᠢᠮ ᠨᠡᠩ ᠢᠯᠡᠭᠦᠦ ᠴᠢᠷᠮᠠᠢᠬᠤ ᠪᠤᠳᠤᠯ ᠲᠦᠷᠦᠵᠠᠢ᠃ ᠡᠨᠡ ᠨᠤᠮ᠎ᠨᠢ ᠤᠨᠴᠠᠭᠠᠢᠯᠠᠨ ᠮᠠᠨ᠎ᠤ ᠵᠠᠯᠠᠭᠤ ᠦᠶ᠎ᠡ᠎ᠶ᠋ᠢᠨ᠎ᠬᠢᠨ᠎ᠤ ᠰᠤᠷᠤᠯᠴᠠᠨ ᠬᠠᠳᠠᠭᠠᠯᠠᠬᠤ ᠦᠨ᠎ᠡ ᠦᠷᠳᠡᠭ᠎ᠢᠶᠠᠷ ᠮᠠᠰᠢ ᠦᠨᠳᠦᠷ ᠭᠡᠵᠤ ᠦᠵᠡᠨ᠎ᠡ》 ᠭᠡᠵᠤ ᠲᠤᠰ ᠭᠠᠴᠠᠭᠠᠨ᠎ᠤ ᠵᠠᠯᠠᠭᠤ ᠡᠮᠴᠢ ᠤᠷᠬᠢᠯ ᠬᠡᠯᠡᠪᠡ᠃

ᠲᠤᠰ ᠤᠢ᠍ᠢᠯᠠᠯᠭ᠎ᠠ᠎ᠳᠤ ᠭᠠᠴᠠᠭᠠᠨ᠎ᠤ᠎ᠪᠠᠨ 70 ᠭᠠᠷᠤᠢ ᠤᠪᠤᠭ ᠲᠦᠷᠦᠯ᠎ᠤᠨ ᠭᠡᠷ᠎ᠤᠨ ᠴᠠᠳᠢᠭ᠂ ᠭᠡᠷ ᠪᠦᠯᠢ᠎ᠶ᠋ᠢᠨ ᠤᠯᠠᠮᠵᠢᠯᠠᠯ ᠵᠠᠯᠭᠠᠮᠵᠢᠯᠠᠯ᠎ᠤᠨ ᠪᠠᠢᠳᠠᠯ᠎ᠢ ᠳᠠᠨᠢᠯᠴᠠᠭᠤᠯᠤᠬ᠍ᠰᠠᠨ᠎ᠢᠶᠠᠷ᠎ᠢᠶᠠᠨ ᠬᠤᠢᠴᠢ ᠦᠶ᠎ᠡ᠎ᠳᠡᠭᠡᠨ ᠦᠯᠡᠳᠡᠭᠡᠨ ᠦᠭ᠌ᠬᠦ ᠬᠤᠪᠤᠷ ᠨᠠᠨᠳᠢᠨ ᠬᠦᠷᠦᠩᠬᠡ ᠪᠤᠯᠵᠠᠢ᠃ ᠤᠪᠤᠭ ᠠᠢᠮᠠᠭ᠎ᠢ ᠳᠠᠨᠢᠯᠴᠠᠭᠤᠯᠬᠤ᠎ᠳᠠᠭᠠᠨ᠂ ᠨᠢᠭᠡ ᠤᠪᠤᠭ ᠲᠦᠷᠦᠯ᠎ᠢᠶᠠᠷ ᠬᠤᠯᠪᠤᠵᠤ ᠬᠡᠯᠬᠢᠶᠡᠵᠢᠭᠦᠯᠦᠨ᠂ ᠬᠠᠩᠭᠠᠬ᠍ᠰᠠᠨ ᠮᠠᠲ᠋ᠧᠷᠢᠶᠠᠯ ᠪᠤᠶᠤ ᠰᠤᠷᠪᠤᠯᠵᠢᠯᠠᠬ᠍ᠰᠠᠨ ᠡᠰᠢ ᠪᠠᠷᠢᠮᠳᠠ᠎ᠪᠠᠷ ᠦᠨᠳᠦᠰᠦᠯᠡᠯ ᠪᠤᠯᠭᠠᠵᠤ᠂ ᠲᠦᠷᠪᠡᠳᠡᠢ ᠭᠠᠴᠠᠭ᠎ᠠ᠎ᠳᠤ ᠨᠡᠭᠦᠵᠤ ᠢᠷᠡᠭ᠌ᠰᠡᠨ ᠴᠠᠭ ᠦᠶ᠎ᠠ᠎ᠶ᠋ᠢ ᠳᠤᠳᠤᠷᠬᠠᠢᠯᠠᠨ᠂ ᠲᠤᠰ ᠭᠠᠴᠠᠭ᠎ᠠ᠎ᠶ᠋ᠢᠨ ᠬᠠᠷᠢᠶᠠᠨ᠎ᠳᠤ ᠪᠠᠢᠭ᠎ᠠ ᠤᠪᠤᠭ ᠠᠢᠮᠠᠭ᠎ᠤᠨ ᠬᠦᠮᠦᠰ᠎ᠢ ᠳᠡᠮᠳᠡᠭ᠌ᠯᠡᠵᠠᠢ᠃

ᠤᠢ᠍ᠢᠯᠠᠯᠭ᠎ᠠ᠎ᠶ᠋ᠢᠨ ᠨᠠᠢᠷᠠᠭᠤᠯᠤᠬ᠍ᠴᠢ ᠠᠷᠤ ᠬᠤᠷᠴᠢᠨ ᠬᠤᠱᠢᠭᠤᠨ᠎ᠤ ᠰᠤᠷᠭᠠᠨ ᠬᠦᠮᠦᠵᠢᠯ᠎ᠤᠨ ᠲᠤᠪᠴᠢᠶᠠᠨ᠎ᠤ ᠺᠠᠳ᠋ᠷ ᠪᠠᠢᠬ᠍ᠰᠠᠨ ᠮᠦᠩᠭᠡᠪᠡᠳᠦ᠄ 《ᠲᠤᠰ ᠭᠠᠴᠠᠭᠠᠨ᠎ᠤ ᠳᠠᠩᠰᠠ ᠡᠪᠬᠡᠮᠡᠯ ᠨᠡᠯᠢᠶᠡᠳ ᠪᠦᠷᠢᠨ ᠪᠠᠢᠪᠠ᠃ ᠤᠢ᠍ᠢᠯᠠᠯᠭ᠎ᠠ᠎ᠨᠢ ᠪᠤᠳᠠᠳᠤ ᠮᠠᠲ᠋ᠧᠷᠢᠶᠠᠯ᠎ᠢᠶᠠᠷ ᠦᠨᠳᠦᠰᠦᠯᠡᠯ ᠪᠤᠯᠭᠠᠵᠤ᠂ ᠳᠡᠮᠳᠡᠭ᠌ᠯᠡᠨ ᠲᠤᠭᠠᠴᠢᠬᠤ᠎ᠪᠠᠷ ᠭᠤᠤᠯᠳᠠᠭᠤᠯᠵᠤ᠂ ᠨᠠᠢᠷᠠᠭᠤᠯᠭ᠎ᠠ᠎ᠪᠠᠷ ᠳᠡᠳ᠋ᠯᠡᠭᠦᠯᠵᠤ᠂ ᠬᠦᠰᠦᠨᠦᠭ᠌ᠳᠦ᠂ ᠵᠠᠷᠢᠮ ᠤᠤᠯ ᠮᠠᠲ᠋ᠧᠷᠢᠶᠠᠯ ᠡᠷᠬᠢᠴᠡᠭᠦᠯᠦᠯ᠂ ᠮᠡᠳᠡᠭᠡᠯᠡᠯ᠎ᠢ ᠳᠠᠭᠠᠯᠳᠤᠭᠤᠯᠵᠠᠢ᠃ ᠲᠡᠦᠬᠡ᠎ᠶ᠋ᠢᠨ ᠬᠡᠷᠡᠭ ᠶᠠᠪᠤᠳᠠᠯ᠎ᠤᠨ ᠳᠡᠮᠳᠡᠭ᠌ᠯᠡᠯ᠎ᠨᠢ ᠲᠤᠬᠠᠢ᠎ᠶ᠋ᠢᠨ ᠭᠠᠵᠠᠷ᠎ᠤᠨ ᠲᠤᠬᠠᠢ᠎ᠶ᠋ᠢᠨ ᠴᠠᠭ ᠦᠶ᠎ᠡ᠎ᠶ᠋ᠢᠨ ᠨᠡᠢᠭᠡᠮ᠎ᠤᠨ ᠪᠠᠢᠳᠠᠯ᠎ᠢ ᠬᠠᠷᠠᠭᠤᠯᠬᠤ᠎ᠶ᠋ᠢ ᠠᠩᠬᠠᠷᠴᠤ᠌᠂ ᠲᠤᠬᠠᠢ᠎ᠶ᠋ᠢᠨ ᠴᠠᠭ ᠦᠶ᠎ᠡ᠎ᠶ᠋ᠢᠨ ᠬᠡᠯᠡ ᠬᠡᠯᠡᠯᠭᠡ᠎ᠪᠠᠷ ᠳᠡᠮᠳᠡᠭ᠌ᠯᠡᠵᠠᠢ᠃ ᠳᠤᠷᠠᠳᠤᠭᠤᠱᠢᠳᠠᠢ᠎ᠨᠢ ᠤᠢ᠍ᠢᠯᠠᠯᠭ᠎ᠠ᠎ᠳᠤ ᠲᠤᠰ ᠭᠠᠴᠠᠭᠠᠨ᠎ᠳᠤ ᠪᠠᠢᠭ᠎ᠠ ᠡᠷᠦᠬᠡ ᠠᠮᠠ᠎ᠶ᠋ᠢ ᠤᠪᠤᠭ ᠠᠢᠮᠠᠭ᠎ᠢᠶᠠᠷ ᠨᠢᠭᠡᠴᠢᠯᠡᠨ ᠪᠦᠬᠦᠨ᠎ᠢ ᠢᠯᠡᠳᠭᠡᠵᠤ ᠭᠠᠷᠭᠠᠵᠠᠢ᠃ ᠡᠭᠦᠨ᠎ᠠᠴᠠ ᠶᠠᠮᠠᠷ ᠤᠪᠤᠭ ᠠᠢᠮᠠᠭ᠎ᠤᠨ ᠬᠦᠮᠦᠨ ᠬᠡᠨ᠎ᠲᠠᠢ ᠶᠠᠰᠤᠨ᠎ᠤ ᠬᠤᠯᠪᠤᠬ᠍ᠳᠠᠯ᠎ᠲᠠᠢ ᠭᠡᠳᠡᠭ᠎ᠢ ᠪᠦᠷ ᠦᠵᠡᠵᠤ ᠭᠠᠷᠤᠨ᠎ᠠ᠃ ᠡᠨᠡ᠎ᠨᠢ ᠤᠳᠤ᠎ᠶ᠋ᠢᠨ ᠵᠠᠯᠠᠭᠤᠴᠤᠳ᠎ᠤᠨ ᠤᠪᠤᠭ ᠠᠢᠮᠠᠭ᠎ᠤᠨ ᠲᠤᠬᠠᠢ᠂ ᠳᠡᠭᠡᠷ᠎ᠡ ᠦᠶ᠎ᠡ᠎ᠶ᠋ᠢᠨ᠎ᠢᠶᠠᠨ ᠲᠤᠬᠠᠢ ᠮᠡᠳᠡᠬᠦ᠌ ᠦᠭᠡᠢ ᠪᠠᠢᠳᠠᠯ᠎ᠳᠤ ᠵᠤᠷᠢᠭᠤᠯᠤᠬ᠍ᠰᠠᠨ ᠶᠤᠮ》 ᠭᠡᠵᠤ ᠳᠠᠨᠢᠯᠴᠠᠭᠤᠯᠤᠨ ᠶᠠᠷᠢᠪᠠ᠃

ᠡᠨᠡ ᠬᠦ᠌ ᠲᠦᠷᠪᠡᠳᠡᠢ ᠨᠤᠳᠤᠭ᠎ᠤᠨ ᠲᠡᠦᠬᠡ ᠰᠤᠶᠤᠯ᠎ᠢ ᠳᠡᠮᠳᠡᠭ᠌ᠯᠡᠬᠦ᠌ ᠭᠠᠴᠠᠭᠠᠨ᠎ᠤ ᠤᠢ᠍ᠢᠯᠠᠯᠭ᠎ᠠ᠎ᠨᠢ ᠭᠠᠴᠠᠭᠠᠨ᠎ᠠᠴᠠ ᠴᠤᠯᠭᠤᠷᠠᠬ᠍ᠰᠠᠨ ᠨᠡᠷᠡᠳᠦ ᠬᠦᠮᠦᠰ᠂ ᠭᠠᠴᠠᠭᠠᠨ᠎ᠤ ᠠᠵᠤ ᠠᠬᠤᠢ᠍ᠢᠯᠠᠯᠳᠠᠨ᠂ ᠱᠢᠯᠢᠳᠡᠭ ᠮᠠᠯᠴᠢᠨ ᠵᠡᠷᠭᠡ ᠬᠦᠮᠦᠰ᠎ᠢ ᠳᠠᠨᠢᠯᠴᠠᠭᠤᠯᠤᠬ᠍ᠰᠠᠨ᠎ᠢᠶᠠᠷ ᠪᠠᠷᠠᠬᠤ ᠦᠭᠡᠢ᠂ ᠲᠡᠦᠬᠡᠨ ᠨᠡᠷᠡᠳᠦ ᠬᠦᠮᠦᠰ᠎ᠤᠨ ᠦᠢᠯᠡ ᠶᠠᠪᠤᠳᠠᠯ᠎ᠤᠨ ᠳᠡᠮᠳᠡᠭ᠌ᠯᠡᠯ᠎ᠢ ᠳᠠᠭᠠᠯᠳᠤᠭᠤᠯᠵᠤ᠂ ᠭᠠᠴᠠᠭᠠᠨ᠎ᠤ᠎ᠪᠠᠨ ᠳᠠᠭᠤᠷᠢᠶᠠᠯ᠂ ᠤᠮᠤᠬ᠍ᠰᠢᠯ ᠪᠤᠯᠤᠬ᠍ᠰᠠᠳ᠎ᠢ ᠳᠡᠮᠳᠡᠭ᠌ᠯᠡᠵᠠᠢ᠃

《ᠲᠤᠰ ᠤᠢ᠍ᠢᠯᠠᠯᠭ᠎ᠠ᠎ᠨᠢ ᠭᠠᠴᠠᠭᠠᠨ᠎ᠤ ᠠᠷᠠᠳ᠎ᠤᠨ ᠪᠦᠯᠬᠦᠮᠳᠡᠯ ᠨᠢᠬ᠍ᠳᠠᠷᠠᠯ᠎ᠢ ᠴᠢᠩᠭᠠᠳᠭᠠᠵᠤ᠂ ᠰᠤᠶᠤᠯ᠎ᠤᠨ ᠢᠳᠡᠭᠡᠯ᠎ᠢ ᠨᠡᠮᠡᠭ᠌ᠳᠡᠬᠦᠯᠵᠦ᠍᠂ ᠭᠠᠴᠠᠭᠠᠨ᠎ᠤ ᠨᠡᠩ ᠰᠠᠷᠠᠭᠤᠯ ᠢᠷᠡᠭᠡᠳᠦᠢ᠎ᠳᠤ ᠰᠠᠭᠤᠷᠢ ᠳᠠᠯᠪᠢᠬᠤ᠎ᠶ᠋ᠢ ᠪᠢ ᠢᠳᠡᠭᠡᠵᠤ ᠪᠠᠢᠨ᠎ᠠ᠃ ᠭᠤᠴᠢᠨ ᠬᠦᠮᠦᠨ ᠰᠡᠳᠭᠢᠯ ᠬᠠᠮᠳᠤᠷᠠᠪᠠᠰᠤ ᠱᠢᠷ᠎ᠠ ᠱᠢᠷᠤᠢ ᠠᠯᠳᠠ ᠪᠤᠯᠤᠨ ᠬᠤᠪᠢᠷᠠᠵᠤ᠂ ᠭᠤᠷᠪᠠᠨ ᠦᠶ᠎ᠡ ᠵᠤᠷᠢᠭ ᠨᠢᠭᠡᠳᠦᠪᠡᠰᠦ ᠬᠦᠬᠡ ᠴᠢᠯᠠᠭᠤ ᠠᠯᠳᠠ ᠪᠤᠯᠤᠨ ᠪᠦᠷᠢᠯᠳᠦᠨᠡᠮ! ᠦᠪᠯᠡᠵᠤ ᠳᠡᠭᠡᠳᠦᠯᠡᠬᠦ᠌ ᠰᠤᠶᠤᠯ ᠨᠢᠭᠡᠳᠡᠢ᠂ ᠡᠭᠦᠷᠢᠳᠡ ᠲᠡᠮᠡᠦᠯᠬᠦ᠌ ᠵᠤᠷᠢᠯᠳᠠ ᠨᠢᠭᠡᠳᠡᠢ ᠲᠦᠷᠪᠡᠳᠡᠢ᠎ᠶ᠋ᠢᠨ ᠬᠦᠮᠦᠨ ᠠᠷᠠᠳ ᠮᠢᠨᠢ ᠬᠦᠴᠦ᠍ ᠵᠤᠷᠢᠭ᠎ᠢᠶᠠᠨ ᠬᠠᠮᠳᠤᠳᠭᠠᠨ ᠦᠨᠢᠷ ᠪᠠᠶᠠᠯᠢᠭ ᠱᠢᠨ᠎ᠡ ᠲᠦᠷᠪᠡᠳᠡᠢ᠎ᠪᠠᠨ ᠪᠦᠲᠦᠭᠡᠨ ᠪᠠᠢᠭᠤᠯᠬᠤ ᠪᠤᠯᠤᠨ᠎ᠠ》 ᠭᠡᠵᠤ ᠲᠦᠷᠪᠡᠳᠡᠢ ᠭᠠᠴᠠᠭᠠᠨ ᠳᠠᠷᠤᠭ᠎ᠠ ᠤᠷᠬᠢᠯ ᠬᠡᠯᠡᠪᠡ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠢᠶ᠎ᠡ ᠪᠦᠬᠦᠢ ᠰᠣᠨᠢᠨ
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号