ᠡᠨᠡ ᠵᠢᠯ ᠪᠤᠯ ᠲᠤᠮᠳᠠᠳᠤ ᠤᠯᠤᠰ᠎ᠤᠨ ᠠᠷᠠᠳ᠎ᠤᠨ ᠰᠠᠢᠨ ᠲᠤᠷ᠎ᠡ᠎ᠶ᠋ᠢᠨ ᠴᠡᠷᠢᠭ᠎ᠤᠨ ᠠᠮᠧᠷᠢᠺᠠ᠎ᠶ᠋ᠢ ᠡᠰᠡᠷᠬᠦᠴᠡᠵᠤ ᠰᠤᠯᠤᠩᠭᠤᠰ᠎ᠢ ᠲᠤᠰᠠᠯᠠᠬᠤ᠎ᠪᠠᠷ ᠭᠠᠳᠠᠭᠠᠳᠤ᠎ᠳᠤ ᠭᠠᠷᠴᠤ᠌ ᠲᠠᠢᠨ ᠬᠢᠭ᠌ᠰᠡᠨ 70 ᠵᠢᠯ᠎ᠤᠨ ᠤᠢ ᠪᠤᠯᠤᠨ᠎ᠡ᠂ ᠨᠠᠮ᠎ᠤᠨ ᠲᠦᠪ ᠬᠤᠷᠢᠶ᠎ᠡ᠂ ᠲᠦᠷᠦ᠎ᠶ᠋ᠢᠨ ᠶᠠᠪᠤᠳᠠᠯ᠎ᠤᠨ ᠬᠤᠷᠢᠶ᠎ᠡ᠂ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠡ᠎ᠠᠴᠠ ᠠᠮᠧᠷᠢᠺᠠ᠎ᠶ᠋ᠢ ᠡᠰᠡᠷᠬᠦᠴᠡᠵᠤ ᠰᠤᠯᠤᠩᠭᠤᠰ᠎ᠢ ᠲᠤᠰᠠᠯᠠᠬᠤ᠎ᠪᠠᠷ ᠭᠠᠳᠠᠭᠠᠳᠤ᠎ᠳᠤ ᠭᠠᠷᠴᠤ᠌ ᠲᠠᠢᠨ ᠬᠢᠭ᠌ᠰᠡᠨ᠂ ᠠᠮᠢᠳᠤ ᠰᠡᠷᠡᠬᠦᠨ ᠪᠠᠢᠭ᠎ᠠ ᠰᠠᠢᠨ ᠲᠤᠷ᠎ᠡ᠎ᠶ᠋ᠢᠨ ᠴᠡᠷᠢᠭ᠎ᠤᠨ ᠠᠬᠠᠮᠠᠳ ᠪᠠᠢᠯᠳᠤᠬ᠍ᠴᠢ ᠠᠬᠠᠮᠠᠳ ᠨᠦᠬᠦᠳ᠎ᠲᠤ 《ᠲᠤᠮᠳᠠᠳᠤ ᠤᠯᠤᠰ᠎ᠤᠨ ᠠᠷᠠᠳ᠎ᠤᠨ ᠰᠠᠢᠨ ᠲᠤᠷ᠎ᠡ᠎ᠶ᠋ᠢᠨ ᠴᠡᠷᠢᠭ᠎ᠤᠨ ᠠᠮᠧᠷᠢᠺᠠ᠎ᠶ᠋ᠢ ᠡᠰᠡᠷᠬᠦᠴᠡᠵᠤ ᠰᠤᠯᠤᠩᠭᠤᠰ᠎ᠢ ᠲᠤᠰᠠᠯᠠᠬᠤ᠎ᠪᠠᠷ ᠭᠠᠳᠠᠭᠠᠳᠤ᠎ᠳᠤ ᠭᠠᠷᠴᠤ᠌ ᠲᠠᠢᠨ ᠬᠢᠭ᠌ᠰᠡᠨ 70 ᠵᠢᠯ᠎ᠤᠨ ᠤᠢ》 ᠶ᠋ᠢᠨ ᠲᠤᠷᠠᠰᠭᠠᠯ᠎ᠤᠨ ᠲᠡᠮᠳᠡᠭ ᠤᠯᠭᠤᠪᠠ᠃
ᠲᠤᠷᠠᠰᠭᠠᠯ᠎ᠤᠨ ᠲᠡᠮᠳᠡᠭ᠎ᠢ ᠬᠦᠷᠡᠩ ᠭᠠᠤᠯᠢ᠎ᠪᠠᠷ ᠦᠡᠭ᠌ᠭᠡᠯᠡᠭ᠌ᠰᠡᠨ ᠠᠯᠳᠠ᠂ ᠮᠦᠡᠭ᠌ᠭᠦᠨ ᠮᠠᠲ᠋ᠧᠷᠢᠶᠠᠯ᠎ᠢᠶᠠᠷ ᠬᠢᠵᠠᠢ᠂ ᠳ᠋ᠢᠶᠠᠮᠧᠲᠷ᠎ᠨᠢ 50 ᠮᠢᠯᠢᠮᠧᠲᠷ ᠪᠤᠢ᠃ ᠲᠤᠷᠠᠰᠭᠠᠯ᠎ᠤᠨ ᠲᠡᠮᠳᠡᠭ᠎ᠤᠨ ᠭᠤᠤᠯ ᠭᠡᠰᠡᠭ᠎ᠨᠢ ᠰᠠᠢᠨ ᠲᠤᠷ᠎ᠡ᠎ᠶ᠋ᠢᠨ ᠴᠡᠷᠢᠭ᠎ᠤᠨ ᠪᠠᠢᠯᠳᠤᠬ᠍ᠴᠢᠶ᠋ᠢᠨ ᠲᠦᠷᠢ ᠲᠦᠷᠬᠦ᠌ ᠪᠠ 70 ᠪᠠᠭ᠍ᠴᠠ ᠭᠡᠷᠡᠯ ᠲᠤᠶᠠᠭ᠎ᠠ᠎ᠪᠠᠷ ᠪᠦᠷᠢᠯᠳᠦᠵᠦ᠍᠂ ᠡᠩᠭᠡ ᠲᠠᠢᠪᠤᠩ᠎ᠤᠨ ᠲᠠᠬ᠍ᠳᠠᠭᠠ᠂ ᠤᠰᠤᠨ᠎ᠤ ᠢᠷᠠᠯᠵᠢ ᠪᠠ ᠲᠤᠮᠳᠠᠳᠤ ᠰᠤᠯᠤᠩᠭᠤᠰ ᠬᠤᠶᠠᠷ ᠤᠯᠤᠰ᠎ᠤᠨ ᠤᠯᠤᠰ᠎ᠤᠨ ᠲᠤᠭ᠎ᠤᠨ ᠡᠯᠧᠮᠧᠨ᠋ᠲ᠎ᠢᠶᠠᠷ ᠬᠦᠷᠦᠮᠡᠯᠯᠡᠭ᠌ᠰᠡᠨ ᠴᠠᠴᠤᠭ᠎ᠢᠶᠠᠷ ᠲᠦᠷᠪᠡᠨ ᠲᠠᠯ᠎ᠠ᠎ᠶ᠋ᠢ᠎ᠨᠢ ᠬᠦᠷᠢᠶᠠᠯᠠᠵᠤ᠂ ᠭᠠᠳᠠᠭᠤᠷ ᠬᠦᠪᠡᠭᠡ᠎ᠶ᠋ᠢ᠎ᠨᠢ ᠲᠠᠪᠤᠨ ᠤᠳᠤ᠂ ᠭᠠᠪᠢᠷᠡᠶ᠋ᠢᠨ ᠨᠠᠪᠴᠢ ᠪᠠ ᠲᠠᠪᠤ ᠤᠳᠠᠭ᠎ᠠ᠎ᠶ᠋ᠢᠨ ᠲᠠᠢᠯᠠᠯᠳᠤᠭᠠᠨ᠎ᠢ ᠪᠡᠯᠭᠡᠳᠡᠭ᠌ᠰᠡᠨ ᠰᠤᠮᠤᠨ ᠦᠵᠦᠬᠦᠷ ᠵᠡᠷᠭᠡ ᠡᠯᠧᠮᠧᠨ᠋ᠲ᠎ᠢᠶᠠᠷ ᠬᠤᠷᠴᠠ ᠤᠯᠠᠭᠠᠨ ᠴᠡᠴᠡᠭ᠎ᠤᠨ ᠲᠠᠪᠤᠨ ᠬᠡᠯᠳᠡᠰ᠎ᠤᠨ ᠬᠡᠯᠪᠡᠷᠢ ᠲᠦᠷᠰᠦ᠎ᠪᠠᠷ ᠤᠷᠠᠯᠠᠨ ᠪᠦᠳᠦᠭᠡᠵᠦ᠍᠂ ᠲᠤᠮᠳᠠᠳᠤ ᠤᠯᠤᠰ᠎ᠤᠨ ᠠᠷᠠᠳ᠎ᠤᠨ ᠰᠠᠢᠨ ᠲᠤᠷ᠎ᠡ᠎ᠶ᠋ᠢᠨ ᠴᠡᠷᠢᠭ᠎ᠤᠨ ᠠᠮᠧᠷᠢᠺᠠ᠎ᠶ᠋ᠢ ᠡᠰᠡᠷᠬᠦᠴᠡᠵᠤ ᠰᠤᠯᠤᠩᠭᠤᠰ᠎ᠢ ᠲᠤᠰᠠᠯᠠᠬᠤ᠎ᠪᠠᠷ ᠭᠠᠳᠠᠭᠠᠳᠤ᠎ᠳᠤ ᠭᠠᠷᠴᠤ᠌ ᠲᠠᠢᠨ ᠬᠢᠭ᠌ᠰᠡᠨ 70 ᠵᠢᠯ᠎ᠤᠨ ᠤᠢ᠎ᠶ᠋ᠢ ᠪᠡᠯᠭᠡᠳᠡᠵᠤ᠂ ᠠᠮᠧᠷᠢᠺᠠ᠎ᠶ᠋ᠢ ᠡᠰᠡᠷᠬᠦᠴᠡᠵᠤ ᠰᠤᠯᠤᠩᠭᠤᠰ᠎ᠢ ᠲᠤᠰᠠᠯᠠᠬᠤ ᠠᠭᠤᠤ ᠶᠡᠭᠡ ᠲᠠᠢᠨ ᠪᠤᠯ ᠡᠩᠭᠡ ᠲᠠᠢᠪᠤᠩ᠎ᠢ ᠬᠠᠮᠠᠭᠠᠯᠠᠬᠤ᠂ ᠲᠦᠷᠢᠮᠡᠭᠡᠢᠯᠡᠯᠢ ᠡᠰᠡᠷᠬᠦᠴᠡᠬᠦ᠌ ᠱᠢᠳᠤᠷᠭᠤ ᠶᠤᠰᠤᠨ᠎ᠤ ᠲᠠᠢᠨ᠂ ᠠᠮᠧᠷᠢᠺᠠ᠎ᠶ᠋ᠢ ᠡᠰᠡᠷᠬᠦᠴᠡᠵᠤ ᠰᠤᠯᠤᠩᠭᠤᠰ᠎ᠢ ᠲᠤᠰᠠᠯᠠᠬᠤ ᠠᠭᠤᠤ ᠶᠡᠭᠡ ᠵᠤᠷᠢᠭ ᠰᠠᠨᠠᠭ᠎ᠠ ᠡᠬᠦᠷᠢᠳᠠ ᠲᠤᠮᠳᠠᠳᠤ ᠤᠯᠤᠰ᠎ᠤᠨ ᠠᠷᠠᠳ ᠲᠦᠮᠡᠨ᠎ᠤ ᠡᠷᠬᠢᠮ ᠨᠠᠨᠳᠢᠨ ᠦᠪ ᠬᠦᠷᠦᠩᠭᠡ ᠮᠦᠨ ᠭᠡᠬᠦ᠌ ᠰᠠᠨᠠᠭ᠎ᠠ᠎ᠶ᠋ᠢ ᠢᠯᠡᠳᠭᠡᠵᠤ᠂ ᠮᠠᠨ᠎ᠤ ᠤᠯᠤᠰ᠎ᠤᠨ ᠬᠦᠴᠦᠷᠭᠡᠭ ᠲᠠᠢᠰᠤᠨ᠎ᠠᠴᠠ ᠠᠶᠤᠬᠤ ᠦᠭᠡᠢ᠂ ᠲᠡᠯᠡᠭᠡᠢ᠎ᠶ᠋ᠢᠨ ᠡᠩᠭᠡ ᠲᠠᠢᠪᠤᠩ᠎ᠢ ᠬᠠᠮᠠᠭᠠᠯᠠᠵᠤ᠂ ᠬᠦᠮᠦᠨ ᠲᠦᠷᠦᠯᠬᠢᠳᠠᠨ᠎ᠤ ᠬᠤᠪᠢ ᠵᠠᠶᠠᠭᠠᠨ᠎ᠤ ᠬᠠᠮᠳᠤ᠎ᠶ᠋ᠢᠨ ᠴᠤᠬ᠍ᠴᠠ᠎ᠶ᠋ᠢ ᠪᠠᠢᠭᠤᠯᠬᠤ ᠪᠠᠳᠤ ᠵᠤᠷᠢᠭ ᠪᠠ ᠢᠳᠡᠭᠡᠯ᠎ᠢ ᠬᠦᠢᠴᠡᠳ ᠬᠠᠷᠠᠭᠤᠯᠪᠠ᠃
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635372
ᠢᠮᠧᠯ᠄tn@mgyxw.net 蒙ICP备10000005号