ᠬᠠᠪᠤᠷ᠎ᠤᠨ ᠲᠤᠰᠤᠯ ᠬᠦᠯᠦᠰᠤ ᠨᠠᠮᠤᠷ᠎ᠤᠨ ᠮᠦᠬᠦᠯᠢᠭ ᠠᠮᠤ
2020-10-03 10:03:37
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

— ᠪᠠᠶᠠᠨᠨᠠᠭᠤᠷ ᠬᠤᠳᠠ᠎ᠶ᠋ᠢᠨ ᠲᠠᠷᠢᠶᠠᠯᠠᠩ᠎ᠤᠨ ᠪᠦᠳᠦᠭᠡᠭ᠌ᠳᠡᠭᠦᠨ᠎ᠤ ᠬᠠᠩᠭᠠᠯᠭ᠎ᠠ᠎ᠶ᠋ᠢ ᠬᠦᠴᠦᠯᠡᠨ ᠪᠠᠳᠤᠯᠠᠵᠤ ᠪᠠᠢᠬᠤ ᠲᠤᠬᠠᠢ ᠪᠤᠳᠠᠳᠤ ᠲᠠᠮᠳᠡᠭ᠌ᠯᠡᠯ

ᠱᠢᠷᠭᠠᠯ ᠨᠠᠮᠤᠷ᠎ᠤᠨ ᠶᠢᠰᠦᠨ ᠰᠠᠷ᠎ᠠ᠎ᠶ᠋ᠢᠨ ᠪᠤᠷᠤᠳᠤᠬᠤᠢ᠎ᠳᠤ ᠲᠠᠪᠤᠨ ᠲᠠᠷᠢᠶ᠎ᠠ ᠠᠯᠠᠭ᠍ᠯᠠᠨ ᠬᠠᠯᠢᠭᠤᠷᠠᠵᠤ᠂ ᠡᠯᠪᠡᠭ ᠬᠤᠷᠢᠶᠠᠯᠳᠠ᠎ᠪᠠᠨ ᠬᠤᠷᠦ᠋ᠢᠯᠠᠨ᠎ᠠ᠃ ᠨᠠᠷᠠᠨ ᠬᠤᠸᠠᠷ ᠲᠤᠯᠤᠭᠠᠢ᠎ᠪᠠᠨ ᠲᠠᠭᠠᠭᠠᠵᠤ ᠶᠠᠳᠠᠨ ᠲᠤᠬᠢᠯᠵᠠᠵᠤ᠂ ᠡᠷᠳᠡᠨᠢ ᠱᠢᠰᠢ ᠱᠢᠷᠭᠠᠯ ᠬᠤᠪᠴᠠᠰᠤ ᠬᠡᠳᠡᠷᠴᠦ᠍᠂ ᠨᠠᠷᠢᠮᠤ ᠲᠤᠳᠤᠷᠭ᠎ᠠ ᠴᠤ᠌ ᠰᠠᠭ᠍ᠰᠠᠭᠠᠷ ᠲᠤᠯᠤᠭᠠᠢ᠎ᠪᠠᠨ ᠪᠦᠭᠦ᠋ᠢᠯᠭᠡᠨ ᠦᠷᠡᠯᠡᠵᠥ᠍ ᠪᠤᠯᠪᠠᠰᠤᠷᠠᠭ᠍ᠰᠠᠨ ᠪᠠᠭ᠍ᠠᠳᠤᠯ᠎ᠢᠶᠠᠨ ᠡᠳ᠋ᠯᠡᠨ᠎ᠡ᠃

9 ᠰᠠᠷ᠎ᠠ᠎ᠶ᠋ᠢᠨ ᠡᠬᠢᠨ᠎ᠳᠤ᠂ ᠤᠷᠠᠳ᠎ᠤᠨ ᠲᠤᠮᠳᠠᠳᠤ ᠬᠤᠱᠢᠭᠤᠨ᠎ᠤ ᠱᠢᠬ᠎ᠠ ᠭᠤᠤᠯ ᠪᠠᠯᠭᠠᠰᠤ᠎ᠶ᠋ᠢᠨ ᠴᠢᠯᠠᠭᠤᠳᠤ ᠲᠤᠰᠭᠤᠨ᠎ᠤ ᠵᠠᠬ᠎ᠠ᠎ᠳᠠᠬᠢ 5000 ᠭᠠᠷᠤᠢ ᠮᠦ᠍ ᠨᠠᠷᠢᠮᠤ᠎ᠶ᠋ᠢᠨ ᠲᠠᠷᠢᠶ᠎ᠠ ᠰᠠᠯᠬᠢᠨ᠎ᠤ ᠠᠶ᠎ᠠ᠎ᠪᠠᠷ ᠨᠠᠢᠭᠤᠨ ᠦᠷᠭᠦᠯᠵᠢᠯᠡᠵᠦ᠍᠂ ᠡᠨᠡ ᠬᠦ᠌ ᠭᠠᠩ ᠬᠠᠭᠤᠷᠠᠢ ᠲᠤᠪᠤᠷᠬᠠᠭ ᠤᠷᠤᠨ᠎ᠢ ᠨᠤᠮᠢᠨ ᠨᠤᠭᠤᠭᠠᠨ᠎ᠢᠶᠠᠷ ᠴᠢᠮᠡᠵᠦ᠍ ᠠᠮᠢᠵᠢᠷᠠᠯ᠎ᠤᠨ ᠬᠦᠴᠦᠨ᠎ᠢᠶᠠᠷ ᠪᠢᠯᠬᠠᠭᠤᠯᠤᠨ᠎ᠠ᠃ ᠲᠤᠰᠭᠤᠨ᠎ᠤ ᠡᠷᠬᠢᠯᠡᠭ᠌ᠴᠢ ᠵᠠᠩ ᠹᠧᠩ ᠴᠢ᠄ 《ᠪᠢᠲᠡᠨ᠎ᠤ ᠲᠠᠷᠢᠭ᠍ᠰᠠᠨ ᠨᠠᠷᠢᠮᠤ ᠪᠤᠯ ᠡᠷᠯᠢᠰᠠᠵᠢᠭᠦᠯᠦᠭ᠌ᠰᠡᠨ ᠨᠠᠷᠢᠮᠦ᠍᠂ ᠭᠠᠩ ᠬᠠᠭᠤᠷᠠᠢ᠎ᠳᠤ ᠲᠡᠰᠪᠦᠷᠢᠲᠠᠢ ᠮᠦᠷᠲᠡᠭᠡᠨ ᠤᠰᠤᠨ᠎ᠳᠤ ᠠᠷᠪᠢᠲᠠᠢ ᠪᠠᠢᠳᠠᠭ᠃ ᠨᠢᠳᠤᠨᠤᠨ ᠪᠢᠲᠡ ᠲᠤᠷᠱᠢᠵᠤ ᠲᠠᠷᠢᠭᠠᠳ ᠠᠮᠵᠢᠯᠲᠠ ᠤᠯᠤᠭ᠍ᠰᠠᠨ᠃ ᠬᠠᠷᠠᠯ ᠳ᠋ᠠ᠂ ᠡᠨᠡ ᠨᠠᠷᠢᠮᠤ᠎ᠶ᠋ᠢᠨ ᠤᠷᠭᠤᠴᠠ ᠬᠡᠳᠤᠢ ᠰᠠᠢᠬᠠᠨ ᠪᠤᠢ? ᠦᠷ᠎ᠡ ᠰᠠᠭᠤᠭ᠍ᠰᠠᠨ᠎ᠨᠢ ᠴᠦ᠍ ᠮᠠᠰᠢ ᠰᠠᠢᠨ᠂ ᠮᠦ᠍ ᠪᠦᠷᠢ᠎ᠠᠴᠠ 1200 ᠵᠢᠩ᠎ᠤᠨ ᠬᠤᠷᠢᠶᠠᠯᠲᠠ ᠤᠯᠬᠤ᠎ᠳᠤ ᠠᠰᠠᠭᠤᠳᠠᠯ ᠦᠭᠡᠢ》 ᠬᠡᠵᠥ᠍ ᠪᠠᠷᠳᠠᠮ ᠶᠠᠷᠢᠨ᠎ᠠ᠃

ᠱᠢᠬ᠎ᠠ ᠭᠤᠤᠯ ᠪᠠᠯᠭᠠᠰᠤ ᠡᠨᠡ ᠵᠢᠯ ᠲᠤᠰᠭᠤᠨ᠎ᠤ ᠬᠠᠮᠲᠤ ᠨᠡᠢᠳᠡ᠎ᠶ᠋ᠢ ᠲᠠᠢᠴᠢᠯᠠᠨ 《ᠲᠤᠰᠭᠤᠨ᠎ᠤ ᠨᠠᠮ᠎ᠤᠨ ᠡᠭᠦᠷ + ᠲᠤᠰᠭᠠᠢ ᠬᠤᠷᠱᠢᠶ᠎ᠠ + ᠡᠷᠳᠡᠮ ᠱᠢᠨᠵᠢᠯᠡᠭᠡᠨ᠎ᠤ ᠰᠠᠯᠪᠤᠷᠢ + ᠲᠠᠷᠢᠶᠠᠯᠠᠬᠤ ᠡᠷᠦᠬᠡ》 ᠎ᠶ᠋ᠢᠨ ᠡᠵᠡᠩᠨᠡᠯᠲᠡ᠎ᠶ᠋ᠢᠨ ᠵᠠᠬ᠍ᠪᠤᠷ᠎ᠢᠶᠠᠷ ᠪᠦᠬᠦ᠌ ᠪᠠᠯᠭᠠᠰᠤᠨ᠎ᠳᠤ ᠲᠦᠮᠡ ᠭᠠᠷᠤᠢ ᠮᠦ᠍᠎ᠶ᠋ᠢᠨ ᠤᠰᠤ ᠠᠷᠪᠢᠯᠠᠬᠤ ᠲᠠᠷᠢᠮᠠᠯ ᠲᠠᠷᠢᠵᠠᠢ᠃ ᠡᠭᠦᠨ᠎ᠳᠤ ᠴᠢᠯᠠᠭᠤᠳᠤ ᠲᠤᠰᠭᠤᠨ᠎ᠳᠤ 5000 ᠭᠠᠷᠤᠢ ᠮᠦ᠍᠎ᠶ᠋ᠢᠨ ᠡᠷᠯᠢᠰᠡᠵᠢᠭᠦᠯᠦᠭ᠌ᠰᠡᠨ ᠨᠠᠷᠢᠮᠤ ᠲᠠᠷᠢᠵᠤ᠂ ᠪᠠᠶᠠᠨᠴᠠᠭᠠᠨ ᠲᠤᠰᠭᠤᠨ᠎ᠳᠤ ᠲᠠᠷᠢᠭ᠍ᠰᠠᠨ 2000 ᠭᠠᠷᠤᠢ ᠮᠦ᠍᠎ᠶ᠋ᠢᠨ ᠱᠢᠬᠢᠷᠯᠢᠭ ᠡᠷᠳᠡᠨᠢ ᠱᠢᠰᠢ ᠪᠠᠭ᠍ᠳᠠᠵᠤ᠂ ᠡᠬᠦᠨ᠎ᠠᠴᠠ ᠭᠠᠳᠠᠨ᠎ᠠ ᠪᠠᠰᠠ 4215 ᠮᠦ᠍᠎ᠶ᠋ᠢᠨ ᠢᠳᠡᠱᠢᠨ ᠨᠤᠭᠤᠭ᠎ᠠ᠎ᠶ᠋ᠢᠨ ᠦᠷ᠎ᠠ ᠠᠪᠬᠤ ᠰᠠᠭᠤᠷᠢᠨ ᠭᠠᠷᠭᠠᠪᠠ᠃

ᠳ᠋ᠧᠩᠺᠧᠦ ᠱᠢᠶᠠᠨ᠎ᠤ ᠪᠠᠶᠠᠨᠭᠤᠤᠯ ᠪᠠᠯᠭᠠᠰᠤ᠎ᠶ᠋ᠢᠨ ᠤᠤᠯ᠎ᠤᠨ ᠬᠤᠵᠢᠷᠱᠢᠵᠤ ᠬᠠᠶᠠᠭ᠍ᠳᠠᠭ᠍ᠰᠠᠨ 《ᠬᠦᠰᠡᠯ ᠦᠭᠡᠢ ᠭᠤᠤᠯ᠎ᠤᠨ ᠲᠠᠩ》 ᠎ᠳᠤ ᠤᠳᠤ ᠤᠰᠤᠨ ᠲᠤᠳᠤᠷᠭ᠎ᠠ᠎ᠶ᠋ᠢᠨ ᠲᠠᠷᠢᠶ᠎ᠠ ᠬᠠᠯᠢᠭᠤᠷᠠᠵᠤ᠂ ᠨᠤᠳᠤᠭ᠎ᠤᠨ ᠲᠠᠷᠢᠶᠠᠴᠢᠳ᠎ᠤᠨ ᠬᠦᠰᠡᠯ᠎ᠤᠨ ᠰᠠᠢᠬᠠᠨ ᠭᠠᠵᠠᠷ ᠪᠤᠯᠤᠭ᠍ᠰᠠᠨ ᠪᠢᠯᠡ᠃ ᠳ᠋ᠧᠩᠺᠧᠦ ᠱᠢᠶᠠᠨ᠎ᠤ ᠶᠢᠨ ᠱᠢᠨ ᠵᠤᠸᠠᠩ ᠶᠤᠸᠠᠨ ᠲᠠᠷᠢᠶᠠᠯᠠᠩ᠎ᠤᠨ ᠬᠢᠵᠠᠭᠠᠷᠲᠤ ᠺᠤᠮᠫᠠᠨᠢ ᠨᠢᠳᠤᠨᠤᠨ᠎ᠠᠴᠠ ᠡᠬᠢᠯᠡᠨ ᠪᠠᠶᠠᠨᠭᠤᠤᠯ ᠪᠠᠯᠭᠠᠰᠤ᠎ᠶ᠋ᠢᠨ ᠨᠠᠨ ᠯᠢᠶᠠᠩ᠎ᠲᠠᠢ ᠲᠤᠰᠭᠤᠨ ᠪᠤᠯᠤᠨ ᠵᠢᠦ ᠳ᠋ᠢ ᠱᠢᠨ᠎ᠡ ᠲᠤᠰᠭᠤᠨ᠎ᠤ ᠬᠤᠵᠢᠷᠯᠢᠭ ᠭᠠᠵᠠᠷ᠎ᠲᠤ ᠤᠰᠤᠨ ᠲᠤᠳᠤᠷᠭ᠎ᠠ ᠲᠠᠷᠢᠭᠠᠳ ᠨᠡᠯᠢᠶᠡᠳ ᠰᠠᠢᠨ ᠦᠷ᠎ᠡ ᠪᠦᠲᠦᠮᠵᠢ ᠤᠯᠵᠠᠢ᠃ 《ᠬᠤᠵᠢᠷᠯᠢᠭ ᠲᠠᠷᠢᠶᠠᠨ ᠭᠠᠵᠠᠷ᠎ᠢ ᠰᠠᠢᠵᠢᠷᠠᠭᠤᠯᠬᠤ ᠪᠤᠯ ᠨᠢᠭᠡᠨ ᠱᠢᠰᠲ᠋ᠧᠮᠳᠤ ᠠᠵᠢᠯ ᠮᠦᠨ᠂ ᠪᠢᠳᠡ 4 ᠵᠢᠯ ᠵᠠᠰᠠᠵᠤ ᠰᠠᠢᠵᠢᠷᠠᠭᠤᠯᠬᠤ᠎ᠪᠠᠷ ᠲᠠᠮᠵᠢᠨ ᠰᠠᠶᠢ ᠤᠳᠤ᠎ᠶ᠋ᠢᠨ ᠡᠨᠡ ᠤᠰᠤᠨ ᠲᠤᠳᠤᠷᠭ᠎ᠠ᠎ᠶ᠋ᠢᠨ ᠲᠠᠷᠢᠶᠠᠨ ᠭᠠᠵᠠᠷ᠎ᠢ ᠭᠠᠷᠭᠠᠭ᠍ᠰᠠᠨ ᠱᠢᠤ!》 ᠬᠡᠵᠤ ᠲᠤᠰ ᠺᠤᠮᠫᠠᠨᠢ᠎ᠶ᠋ᠢᠨ ᠬᠠᠷᠢᠭᠤᠴᠠᠯᠭᠠᠲᠠᠨ ᠯᠢ ᠱᠢᠶᠠᠩ ᠴᠧᠩ ᠰᠠᠯᠬᠢᠨ᠎ᠤ ᠠᠶ᠎ᠠ᠎ᠪᠠᠷ ᠨᠠᠢᠭᠤᠬᠤ ᠤᠰᠤᠨ ᠳᠤᠳᠤᠷᠭ᠎ᠠ᠎ᠶ᠋ᠢᠨ ᠲᠠᠷᠢᠶ᠎ᠠ᠎ᠪᠠᠨ ᠵᠢᠭᠠᠴᠢᠬᠠᠭ᠍ᠰᠠᠨ ᠤᠷᠮᠠᠳᠠᠢ ᠶᠠᠷᠢᠨ᠎ᠠ᠃ ᠲᠤᠰ ᠺᠤᠮᠫᠠᠨᠢ ᠤᠯᠠᠮᠵᠢᠯᠠᠯᠲᠤ ᠤᠰᠤ ᠲᠠᠲᠠᠷᠠᠭᠤᠯᠬᠤ ᠠᠷᠭ᠎ᠠ ᠪᠤᠯᠤᠨ ᠠᠮᠢᠳᠤ ᠪᠤᠳᠠᠰ᠎ᠤᠨ ᠪᠤᠷᠳᠤᠭᠤᠷ ᠤᠷᠤᠭᠤᠯᠬᠤ ᠠᠷᠭ᠎ᠠ᠎ᠪᠠᠷ ᠬᠦᠷᠦᠰᠦᠨ᠎ᠤ ᠴᠢᠨᠠᠷ᠎ᠢ ᠦᠭᠡᠷᠡᠴᠢᠯᠡᠨ ᠰᠠᠢᠵᠢᠷᠠᠭᠤᠯᠬᠤ᠎ᠶ᠋ᠢᠨ ᠬᠠᠮᠲᠤ ᠪᠠᠰᠠ ᠬᠠᠮᠢᠶ᠎ᠠ ᠪᠦᠬᠦᠢ ᠲᠤᠰᠭᠠᠢ ᠮᠡᠷᠭᠡᠵᠢᠯᠲᠡᠳ᠎ᠲᠠᠢ ᠬᠤᠷᠱᠢᠨ ᠲᠤᠬᠠᠢ᠎ᠶ᠋ᠢᠨ ᠭᠠᠵᠠᠷ᠎ᠤᠨ ᠨᠦᠬᠦᠴᠡᠯ᠎ᠳᠤ ᠲᠤᠬᠢᠷᠠᠭ᠍ᠰᠠᠨ ᠤᠰᠤᠨ ᠲᠤᠳᠤᠷᠭ᠎ᠠ᠎ᠶ᠋ᠢᠨ ᠦᠷ᠎ᠡ᠎ᠶ᠋ᠢ ᠪᠤᠢᠵᠢᠭᠤᠯᠵᠤ᠂ ᠲᠤᠷᠱᠢᠨ ᠲᠠᠷᠢᠭᠠᠳ ᠠᠮᠵᠢᠯᠲᠠ ᠤᠯᠤᠭ᠍ᠰᠠᠨ᠎ᠤ ᠲᠠᠷᠠᠭ᠎ᠠ ᠶᠡᠭᠡ ᠬᠡᠮᠵᠢᠶ᠎ᠡ᠎ᠪᠠᠷ ᠲᠡᠯᠭᠡᠷᠡᠭᠦᠯᠵᠤ ᠪᠤᠢ᠃ 《ᠱᠢᠨ᠎ᠡ ᠡᠭᠦᠯᠳᠡᠷ᠎ᠤᠨ ᠤᠰᠤᠨ ᠲᠤᠳᠤᠷᠭ᠎ᠠ᠎ᠨᠢ ᠲᠠᠯᠠᠢ᠎ᠶ᠋ᠢᠨ ᠤᠰᠤᠨ ᠲᠤᠳᠤᠷᠭ᠎ᠠ ᠪᠤᠯᠤᠨ ᠨᠢᠩᠱᠢᠶᠠ᠎ᠶ᠋ᠢᠨ ᠤᠰᠤᠨ ᠲᠤᠳᠤᠷᠭ᠎ᠠ᠎ᠶ᠋ᠢᠨ ᠲᠠᠪᠠᠭᠤᠯᠢᠭ ᠲᠠᠯ᠎ᠠ᠎ᠶ᠋ᠢ ᠪᠦᠷᠢᠳᠦᠭᠦᠯᠵᠦ᠍᠂ ᠶᠠᠰᠤ ᠴᠢᠨᠠᠷ᠎ᠢᠶᠠᠷ ᠰᠠᠢᠨ ᠮᠦᠷᠲᠡᠭᠡᠨ ᠬᠤᠵᠢᠷ᠎ᠲᠤ ᠲᠠᠭᠠᠭᠠᠴᠠᠲᠠᠢ᠂ ᠪᠠᠰᠠ ᠬᠢᠮᠢ᠎ᠶ᠋ᠢᠨ ᠪᠤᠷᠳᠤᠭᠤᠷ ᠲᠠᠷᠢᠶᠠᠨ ᠡᠮ ᠬᠡᠷᠡᠭ᠌ᠰᠡᠬᠦ᠌ ᠴᠢᠬᠤᠯᠠ ᠦᠬᠡᠢ ᠶᠤᠮ᠃ ᠮᠦ᠍ ᠪᠦᠷᠢ᠎ᠶ᠋ᠢᠨ ᠤᠨᠠᠯᠳᠠ᠎ᠨᠢ 300 ᠺᠢᠯᠦᠭ᠌ᠷᠠᠮ ᠤᠷᠴᠢᠮ᠎ᠳᠤ ᠬᠦᠷᠴᠦ᠍᠂ ᠪᠦᠷ ᠴᠢᠨᠠᠷ ᠰᠠᠢᠳᠠᠢ ᠤᠷᠭᠠᠨᠢᠭ ᠤᠰᠤᠨ ᠲᠤᠳᠤᠷᠭ᠎ᠠ ᠪᠤᠯᠬᠤᠷ ᠦᠨ᠎ᠠ ᠬᠠᠩᠰᠢ ᠪᠠ ᠪᠤᠷᠤᠯᠠᠭᠤᠯᠭ᠎ᠠ᠎ᠨᠢ ᠮᠠᠰᠢ ᠰᠠᠢᠨ ᠪᠠᠢᠨ᠎ᠠ》 ᠬᠡᠵᠦ᠍ ᠯᠢ ᠱᠢᠶᠠᠩ ᠴᠧᠩ ᠲᠠᠨᠢᠯᠴᠠᠭᠤᠯᠤᠨ᠎ᠠ᠃

ᠪᠠᠶᠠᠨᠭᠤᠤᠯ ᠪᠠᠯᠭᠠᠰᠤ᠎ᠶ᠋ᠢᠨ ᠳᠡᠳ᠋ ᠲᠠᠷᠤᠭ᠎ᠠ ᠴᠧᠨ ᠱᠦᠨ᠎ᠤ ᠲᠠᠨᠢᠯᠴᠠᠭᠤᠯᠬᠤ᠎ᠪᠠᠷ᠂ ᠲᠤᠰ ᠪᠠᠯᠭᠠᠰᠤ 2018 ᠤᠨ᠎ᠳᠤ ᠮᠧᠩ ᠼᠤᠤ ᠺᠤᠮᠫᠠᠨᠢ᠎ᠶ᠋ᠢ ᠤᠷᠢᠨ ᠠᠪᠴᠢᠷᠠᠵᠤ ᠨᠠᠨ ᠯᠢᠶᠠᠩ᠎ᠲᠠᠢ ᠲᠤᠰᠭᠤᠨ ᠪᠤᠯᠤᠨ ᠵᠢᠦ ᠳ᠋ᠢ ᠱᠢᠨ᠎ᠡ ᠲᠤᠰᠭᠤᠨ᠎ᠢᠶᠠᠷ ᠲᠦᠪ ᠪᠤᠯᠭᠠᠨ ᠬᠦᠨᠳᠦ ᠨᠤᠴᠢᠲᠠᠢ ᠬᠤᠵᠢᠷᠱᠢᠭ᠍ᠰᠠᠨ 4000 ᠭᠠᠷᠤᠢ ᠮᠦ᠍ ᠲᠠᠷᠢᠶᠠᠨ ᠭᠠᠵᠠᠷ᠎ᠢ ᠵᠠᠰᠠᠨ ᠰᠠᠢᠵᠢᠷᠠᠭᠤᠯᠪᠠ᠃ ᠡᠭᠦᠨ᠎ᠤ ᠬᠠᠮᠲᠤ ᠲᠠᠷᠢᠶᠠᠨ ᠭᠠᠵᠠᠷ᠎ᠢ ᠴᠡᠭ᠌ᠴᠡᠯᠡᠨ ᠵᠠᠰᠠᠬᠤ ᠲᠦᠷᠦᠯ ᠵᠦᠢᠯ ᠪᠤᠯᠤᠨ ᠦᠨᠳᠦᠷ ᠪᠠᠷᠢᠮᠵᠢᠶᠠᠲᠤ ᠲᠠᠷᠢᠶᠠᠨ ᠭᠠᠵᠠᠷ᠎ᠢ ᠪᠦᠲᠦᠭᠡᠨ ᠪᠠᠢᠭᠤᠯᠬᠤ ᠲᠦᠷᠦᠯ ᠵᠦᠢᠯ᠎ᠢ ᠠᠱᠢᠬ᠍ᠯᠠᠨ 1.2 ᠲᠦᠮᠡ ᠭᠠᠷᠤᠢ ᠮᠦ᠍ ᠲᠠᠷᠢᠶᠠᠨ ᠭᠠᠵᠠᠷ᠎ᠢᠶᠠᠨ ᠲᠡᠭ᠌ᠰᠢᠯᠡᠨ ᠰᠤᠪᠠᠭ᠂ ᠭᠤᠤ᠂ ᠵᠠᠮ᠂ ᠤᠢ᠂ ᠲᠠᠷᠢᠶᠠᠨ ᠭᠠᠵᠠᠷ᠎ᠢ ᠶᠡᠷᠦᠩᠬᠡᠢ᠎ᠳᠤᠨᠢ ᠲᠦᠬᠦᠷᠵᠢᠭᠦᠯᠵᠦ᠍᠂ ᠬᠤᠵᠢᠷᠯᠢᠭ ᠲᠠᠷᠢᠶᠠᠨ ᠭᠠᠵᠠᠷ᠎ᠢᠶᠠᠨ ᠬᠡᠪᠴᠢᠶᠡᠵᠢᠭᠦᠯᠦᠨ ᠵᠠᠰᠠᠵᠤ ᠰᠠᠢᠵᠢᠷᠠᠭᠤᠯᠬᠤ᠎ᠳᠤ ᠨᠦᠭᠦᠴᠡᠯ ᠪᠦᠷᠢᠯᠳᠦᠭᠦᠯᠵᠦ᠍ ᠦᠭ᠌ᠬᠦᠭ᠌ᠰᠡᠨ ᠪᠠᠢᠨ᠎ᠠ᠃

ᠬᠠᠩᠭᠢᠨ ᠬᠤᠢᠲᠤ ᠬᠤᠱᠢᠭᠤᠨ᠎ᠤ ᠱᠤᠸᠠᠩ ᠮᠢᠶᠤᠤ ᠪᠠᠯᠭᠠᠰᠤ᠎ᠶ᠋ᠢᠨ᠎ᠲᠠᠢ ᠷᠦᠩ ᠲᠤᠰᠭᠤᠨ᠎ᠤ ᠭᠤᠷᠪᠠᠳᠤᠭᠠᠷ ᠲᠤᠭᠤᠢ᠍ᠢᠯᠠᠩ᠎ᠤᠨ ᠲᠠᠷᠢᠶᠠᠴᠢᠨ ᠵᠠᠩ ᠶᠦᠩ ᡁᠢ ᠡᠨᠡ ᠬᠤᠶᠠᠷ ᠡᠳᠦᠷ ᠲᠤᠬᠤᠵᠤ ᠲᠠᠷᠢᠭ᠍ᠰᠠᠨ ᠨᠠᠷᠠᠨ ᠬᠤᠸᠠᠷ᠎ᠢᠶᠠᠨ ᠤᠰᠤᠯᠠᠵᠤ ᠶᠠᠭᠠᠷᠠᠨ᠎ᠠ᠃ ᠲᠡᠳᠡᠨ᠎ᠤ᠎ᠬᠢᠨ ᠡᠨᠡ ᠵᠢᠯ 24 ᠮᠦ᠍ ᠪᠤᠭᠤᠲᠠᠢ ᠲᠠᠷᠢᠵᠤ᠂ ᠪᠠᠰᠠ ᠮᠡᠷᠭᠡᠵᠢᠯ᠎ᠤᠨ ᠠᠵᠢᠯᠲᠠᠳ᠎ᠤᠨ ᠵᠢᠯᠤᠭᠤᠳᠤᠯᠭ᠎ᠠ ᠲᠤᠤᠷ᠎ᠠ ᠪᠤᠭᠤᠲᠠᠢ᠎ᠪᠠᠨ ᠬᠤᠷᠢᠶᠠᠭ᠍ᠰᠠᠨ᠎ᠤ ᠲᠠᠷᠠᠭ᠎ᠠ ᠨᠠᠮᠤᠷ᠎ᠤᠨ ᠨᠠᠷᠠᠨ ᠬᠤᠸᠠᠷ ᠲᠤᠬᠤᠵᠤ ᠲᠠᠷᠢᠵᠠᠢ᠃

ᠲᠠᠷᠡ ᠬᠠᠪᠤᠷ᠎ᠤᠨ ᠡᠬᠢᠨ᠎ᠳᠤ ᠬᠤᠱᠢᠭᠤᠨ᠎ᠤ᠎ᠪᠠᠨ ᠰᠠᠢ ᠱᠠᠩ ᠯᠢᠶᠠᠩ ᠼᠠᠩ ᠺᠤᠮᠫᠠᠨᠢ᠎ᠲᠠᠢ ᠬᠡᠯᠡᠯᠴᠡᠭᠡᠷ ᠲᠤᠭ᠍ᠲᠠᠭ᠍ᠰᠠᠨ ᠪᠤᠯᠬᠤᠷ ᠺᠤᠮᠫᠠᠨᠢ᠎ᠠᠴᠠ ᠬᠤᠷᠢᠶᠠᠭ᠍ᠰᠠᠨ ᠪᠤᠭᠤᠳᠠᠢ᠎ᠶ᠋ᠢ᠎ᠨᠢ ᠵᠢᠩ ᠪᠦᠷᠢ᠎ᠳᠤ 1.6 ᠲᠦᠭᠦᠷᠢᠭ᠎ᠤᠨ ᠬᠠᠮᠠᠭᠠᠯᠠᠯᠲᠠ᠎ᠶ᠋ᠢᠨ ᠦᠨ᠎ᠡ᠎ᠪᠠᠷ ᠬᠤᠳᠠᠯᠳᠤᠵᠤ ᠠᠪᠤᠭ᠍ᠰᠠᠨ ᠪᠠᠢᠨ᠎ᠠ᠃ 《ᠤᠤᠯ᠎ᠤᠨ ᠳᠠᠩ᠎ᠢᠶᠠᠷ ᠪᠤᠭᠤᠲᠠᠢ ᠪᠤᠶᠤ ᠡᠷᠳᠡᠨᠢ ᠱᠢᠰᠢ ᠲᠠᠷᠢᠭ᠍ᠰᠠᠨ᠎ᠲᠠᠢ ᠬᠠᠷᠢᠴᠠᠭᠤᠯᠪᠠᠯ ᠡᠨᠡ ᠵᠢᠯ᠎ᠤᠨ ᠲᠠᠷᠢᠶᠠᠨ ᠭᠠᠵᠠᠷ᠎ᠤᠨ ᠮᠦ᠍ ᠲᠤᠮᠳᠠᠴᠢ᠎ᠶ᠋ᠢᠨ ᠤᠷᠤᠯᠭ᠎ᠠ 400 — 500 ᠲᠦᠬᠦᠷᠢᠭ ᠨᠡᠮᠡᠭ᠌ᠳᠡᠵᠤ ᠲᠠᠢᠯᠦᠨ᠎ᠠ᠂ ᠪᠠᠰᠠ ᠤᠯᠤᠰ ᠤᠷᠤᠨ᠎ᠤ ᠬᠠᠮᠢᠶ᠎ᠠ ᠪᠦᠬᠦᠢ ᠲᠠᠷᠢᠮᠠᠯ᠎ᠤᠨ ᠨᠦᠬᠦᠪᠦᠷᠢ᠎ᠶ᠋ᠢ ᠬᠦᠷᠲᠡᠵᠦ᠍᠂ ᠪᠦᠬᠦ᠌ ᠤᠷᠤᠯᠭ᠎ᠠ ᠦᠩᠭᠡᠷᠡᠭ᠌ᠰᠡᠨ ᠵᠢᠯ᠎ᠤᠳ᠎ᠠᠴᠠ ᠬᠤᠯᠠ ᠦᠨᠳᠦᠷ ᠪᠤᠯᠤᠭ᠍ᠰᠠᠨ》 ᠬᠡᠵᠤ ᠵᠠᠩ ᠶᠦᠩ ᡁᠢ ᠪᠠᠶᠠᠷᠲᠠᠢ ᠶᠠᠷᠢᠨ᠎ᠠ᠃ 

ᠪᠠᠶᠠᠨᠨᠠᠭᠤᠷ ᠬᠤᠲᠠ ᠡᠨᠡ ᠵᠢᠯ ᠨᠡᠢᠳᠡ 147 ᠲᠦᠮᠡᠨ ᠮᠦ᠍ ᠪᠤᠭᠤᠲᠠᠢ ᠲᠠᠷᠢᠵᠤ᠂ ᠨᠢᠳᠤᠨᠤᠨ᠎ᠠᠴᠠ 18 ᠭᠠᠷᠤᠢ ᠲᠦᠮᠡᠨ ᠮᠦ᠍ ᠨᠡᠮᠡᠭ᠌ᠳᠡᠭ᠌ᠰᠡᠨ᠎ᠢᠶᠠᠷ ᠪᠠᠷᠡᠬᠤ ᠦᠬᠡᠢ ᠲᠠᠷᠢᠵᠤ ᠬᠤᠷᠢᠶᠠᠭ᠍ᠰᠠᠨ ᠪᠤᠭᠤᠳᠠᠢ᠎ᠨᠢ ᠪᠦᠬᠦᠨ᠎ᠢᠶᠠᠷ ᠪᠤᠬᠢᠷᠳᠤᠯ ᠦᠭᠡᠢ᠎ᠶ᠋ᠢᠨ ᠦᠢᠯᠡᠳᠪᠦᠷᠢᠯᠡᠯ᠎ᠤᠨ ᠪᠠᠷᠢᠮᠵᠢᠶᠠᠨ᠎ᠳᠤ ᠬᠦᠷᠴᠠᠢ᠃ ᠲᠤᠰ ᠬᠤᠳᠠ ᠲᠠᠷᠢᠶᠠᠯᠠᠩ᠎ᠤᠨ ᠪᠦᠲᠦᠴᠡ᠎ᠶ᠋ᠢᠨ ᠲᠤᠬᠢᠷᠠᠭᠤᠯᠤᠯᠲᠠ᠎ᠪᠠᠨ ᠲᠦᠷᠭᠡᠳᠭᠡᠬᠦ᠌᠎ᠶ᠋ᠢᠨ ᠲᠦᠯᠦᠬᠡ ᠪᠤᠬᠢᠷᠳᠤᠯ ᠦᠭᠡᠢ᠂ ᠰᠧᠯᠧᠨ ᠡᠯᠪᠡᠭ ᠠᠭᠤᠯᠤᠭ᠍ᠳᠠᠬᠤ ᠪᠤᠭᠤᠲᠠᠢ ᠪᠤᠯᠤᠨ ᠤᠷᠭᠠᠨᠢᠭ ᠪᠤᠭᠤᠲᠠᠢ ᠲᠠᠷᠢᠬᠤ ᠲᠠᠯᠠᠪᠠᠢ᠎ᠪᠠᠨ ᠦᠷᠭᠡᠳᠭᠡᠵᠤ᠂ ᠪᠠᠰᠠ ᠡᠷᠦᠬᠡ ᠬᠤᠯᠪᠤᠭᠠᠯᠠᠨ 500 ᠮᠦ᠍᠎ᠠᠴᠠ ᠲᠡᠭᠡᠭ᠌ᠰᠢ ᠲᠠᠷᠢᠶᠠᠨ ᠭᠠᠵᠠᠷ᠎ᠲᠤ ᠲᠦᠪᠯᠡᠷᠡᠨ ᠵᠠᠯᠭᠠᠯᠳᠤᠭᠤᠯᠵᠤ ᠪᠤᠭᠤᠳᠠᠢ ᠲᠠᠷᠢᠭ᠍ᠰᠠᠨ ᠪᠠᠢᠪᠠᠯ ᠮᠦ᠍ ᠪᠦᠷᠢ᠎ᠳᠤ 150 ᠲᠦᠭᠦᠷᠢᠭ᠎ᠤᠨ ᠨᠦᠬᠦᠪᠦᠷᠢ ᠤᠯᠭᠤᠬᠤ ᠵᠡᠷᠬᠡ ᠵᠤᠷᠢᠭ᠍ᠵᠢᠭᠤᠯᠤᠯ᠎ᠤᠨ ᠲᠦᠷᠦ᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠵᠤ᠂ ᠲᠠᠷᠢᠶᠠᠴᠢᠳ᠎ᠤᠨ ᠪᠤᠭᠤᠳᠠᠢ ᠲᠠᠷᠢᠬᠤ ᠢᠳᠡᠪᠬᠢᠵᠢᠯ᠎ᠢ ᠪᠦᠳᠦᠮᠵᠢᠳᠠᠢ ᠲᠠᠢᠴᠢᠯᠠᠬ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号