《ᠪᠤᠭᠤᠳᠤ᠎ᠶ᠋ᠢᠨ ᠦᠢᠯᠡᠳᠭᠡᠯ》 ᠎ᠠᠴᠠ 《ᠪᠤᠭᠤᠲᠤ᠎ᠶ᠋ᠢᠨ ᠤᠶᠤᠨᠴᠢ ᠦᠢᠯᠡᠳᠭᠡᠯ》 ᠎ᠳᠤ ᠠᠬᠢᠭ᠍ᠰᠠᠨ ᠲᠠᠪᠠᠯᠳᠠ — ᠪᠤᠭᠤᠳᠤ ᠬᠤᠳᠠ᠎ᠶ᠋ᠢᠨ ᠱᠢᠨ᠎ᠠ᠎ᠶ᠋ᠢ ᠡᠬᠦᠳᠬᠦ᠌᠎ᠪᠠᠷ ᠬᠦᠳᠡᠯᠬᠡᠬᠦᠷ ᠪᠤᠯᠭᠠᠬᠤ᠎ᠶ᠋ᠢ ᠬᠦᠴᠦᠯᠡᠨ ᠠᠬᠢᠭᠤᠯᠵᠤ ᠪᠠᠢᠬᠤ ᠲᠤᠬᠠᠢ ᠪᠤᠳᠠᠳᠤ ᠲᠡᠮᠳᠡᠭ᠌ᠯᠡᠯ
2020-10-05 08:39:17
ᠵᠣᠬᠢᠶᠠᠭ᠍ᠴᠢ᠄
ᠸ᠊ · ᠭᠡᠷᠡᠯᠳᠤ
ᠣᠩᠱᠢᠭ᠍ᠰᠠᠨ ᠣᠳᠠᠭ᠎ᠠ᠄
★★★☆☆

8 ᠰᠠᠷ᠎ᠠ᠎ᠶ᠋ᠢᠨ 20 ᠎ᠤ ᠦᠳᠡ᠎ᠶ᠋ᠢᠨ ᠡᠮᠦᠨ᠎ᠠ᠂ ᠦᠪᠦᠷ ᠮᠤᠩᠭᠤᠯ᠎ᠤᠨ  ᠎ᠤᠨ ᠤᠮᠠᠷᠠᠳᠤ᠎ᠶ᠋ᠢᠨ ᠬᠦᠨᠳᠤ ᠮᠠᠱᠢᠨ᠎ᠤ ᠬᠢᠵᠠᠭᠠᠷᠳᠤ ᠺᠤᠮᠫᠠᠨᠢ᠎ᠶ᠋ᠢᠨ ᠠᠭᠤᠷᠬᠠᠢ᠎ᠶ᠋ᠢᠨ ᠮᠠᠱᠢᠨ ᠲᠡᠷᠭᠡᠨ᠎ᠤ ᠠᠵᠤ ᠦᠢᠯᠡᠳᠪᠦᠷᠢ᠎ᠶ᠋ᠢᠨ ᠬᠦᠷᠢᠶᠡᠯᠡᠩ᠎ᠳᠤ ᠲᠦᠢᠯ᠎ᠤᠨ ᠬᠦᠭ᠌ᠵᠢᠶᠠᠨᠳᠠᠢ ᠪᠠᠢᠯ᠎ᠠ᠃ ᠤᠤᠯ᠎ᠨᠢ ᠲᠤᠰ ᠺᠤᠮᠫᠠᠨᠢ᠎ᠶ᠋ᠢᠨ ᠦᠢᠯᠡᠳᠪᠦᠷᠢᠯᠡᠭ᠌ᠰᠡᠨ ᠤᠤᠭᠠᠨ NTE360A ᠴᠠᠬᠢᠯᠭᠠᠨ ᠬᠦᠷᠳᠤᠳᠤ ᠠᠭᠤᠷᠬᠠᠢ᠎ᠶ᠋ᠢᠨ ᠮᠠᠱᠢᠨ ᠲᠡᠷᠭᠡ᠎ᠶ᠋ᠢ ᠶᠠᠨᠵᠧᠦ ᠨᠡᠭᠦᠷᠡᠰᠤᠨ᠎ᠤ ᠦᠢᠯᠡᠰ  ᠎ᠤᠨ  ᠠᠦ᠋ᠰᠲᠷᠡᠯᠢᠶ᠎ᠠ᠎ᠶ᠋ᠢᠨ ᠬᠢᠵᠠᠭᠠᠷᠳᠤ ᠺᠤᠮᠫᠠᠨᠢ᠎ᠳᠤ ᠲᠤᠱᠢᠶᠠᠬᠤ ᠠᠵᠢᠯᠯᠠᠭ᠎ᠠ ᠶᠠᠪᠤᠭ᠍ᠳᠠᠵᠤ ᠪᠠᠢᠭ᠎ᠠ᠎ᠨᠢ ᠡᠨᠡ ᠠᠵᠢ᠃

ᠠᠦ᠋ᠰᠲᠷᠡᠯᠢᠶ᠎ᠠ᠎ᠶ᠋ᠢᠨ ᠵᠠᠬ᠎ᠠ ᠲᠡᠯᠭᠡᠭᠦᠷ᠎ᠲᠤ ᠦᠢᠯᠡᠳᠬᠦᠨ᠎ᠢᠶᠠᠨ ᠠᠩᠬ᠎ᠠ ᠭᠠᠷᠭᠠᠵᠦ᠍ ᠪᠠᠢᠬᠤ ᠪᠤᠯᠬᠤᠷ ᠲᠤᠰ ᠺᠤᠮᠫᠠᠨᠢ᠎ᠶ᠋ᠢᠨ ᠠᠵᠢᠯᠴᠢᠳ ᠪᠤᠯᠤᠨ ᠮᠠᠱᠢᠨ ᠲᠡᠷᠭᠡ ᠲᠤᠱᠢᠶᠠᠬᠤ ᠶᠤᠰᠤᠯᠠᠯ᠎ᠳᠤ ᠤᠷᠤᠯᠴᠠᠵᠥ᠍ ᠪᠠᠢᠭ᠎ᠠ ᠬᠦᠮᠤᠰ᠎ᠤᠨ ᠴᠢᠷᠠᠢ᠎ᠳᠤ ᠤᠮᠤᠬ᠍ᠰᠢᠯ ᠪᠢᠯᠬᠠᠵᠦ᠍᠂ ᠤᠯᠠᠭᠠᠨ ᠲᠤᠤᠵᠠ᠎ᠪᠠᠷ ᠴᠢᠮᠡᠭ᠌ᠯᠡᠭ᠌ᠰᠡᠨ ᠱᠢᠨ᠎ᠠ ᠠᠭᠤᠷᠬᠠᠢ᠎ᠶ᠋ᠢᠨ ᠮᠠᠱᠢᠨ ᠲᠡᠷᠭᠡ᠎ᠲᠠᠢ ᠬᠠᠮᠳᠤ ᠰᠡᠭᠦᠳᠡᠷ ᠲᠠᠳᠠᠭᠤᠯᠵᠤ ᠲᠤᠷᠠᠰᠭᠠᠯ ᠦᠯᠡᠳᠡᠭᠡᠵᠡᠭᠡᠨ᠎ᠠ᠃ ᠡᠨᠡ ᠪᠤᠯ ᠮᠠᠨ᠎ᠤ ᠤᠯᠤᠰ᠎ᠤᠨ ᠦᠪᠡᠷ᠎ᠢᠶᠠᠨ ᠦᠢᠯᠡᠳᠦᠭ᠌ᠰᠡᠨ ᠲᠤᠮᠤ ᠬᠡᠯᠪᠡᠷᠢ᠎ᠶ᠋ᠢᠨ ᠠᠭᠤᠷᠬᠠᠢ᠎ᠶ᠋ᠢᠨ ᠲᠡᠷᠭᠡ ᠠᠩᠬ᠎ᠠ ᠤᠳᠠᠭ᠎ᠠ ᠠᠦ᠋ᠰᠲᠷᠡᠯᠢᠶ᠎ᠠ᠎ᠶ᠋ᠢᠨ ᠲᠡᠭᠡᠳᠤ ᠲᠡᠰ᠎ᠤᠨ ᠵᠠᠬ᠎ᠠ ᠲᠡᠯᠭᠡᠭᠦᠷ᠎ᠲᠤ ᠭᠠᠷᠴᠦ᠍ ᠪᠠᠢᠭ᠎ᠠ ᠶᠠᠪᠤᠳᠠᠯ ᠪᠤᠯᠬᠤ ᠶᠤᠮ᠃ ᠡᠨᠡ᠎ᠨᠢ ᠮᠦᠨ ᠴᠦ᠍ ᠪᠤᠭᠤᠲᠤ ᠬᠤᠳᠠ᠎ᠶ᠋ᠢᠨ ᠱᠢᠨ᠎ᠠ᠎ᠶ᠋ᠢ ᠡᠬᠦᠳᠬᠦ᠌ ᠤᠷᠴᠢᠨ ᠲᠤᠭᠤᠷᠢᠨ᠎ᠢ ᠲᠠᠰᠤᠷᠠᠯᠳᠠ ᠦᠭᠡᠢ ᠰᠠᠢᠵᠢᠷᠠᠭᠤᠯᠵᠦ᠍᠂ ᠪᠦᠬᠦ᠌ ᠨᠡᠢᠭᠡᠮ᠎ᠤᠨ ᠱᠢᠨ᠎ᠠ᠎ᠶ᠋ᠢ ᠡᠬᠦᠳᠬᠦ᠌ ᠡᠬᠢ ᠪᠠᠶᠠᠯᠢᠭ᠎ᠢ ᠠᠵᠤ ᠠᠬᠤᠢ᠍ᠢᠯᠠᠯ ᠵᠦᠭ ᠬᠡᠯᠪᠠᠢᠯᠭᠡᠨ᠂ ᠱᠢᠨ᠎ᠠ᠎ᠶ᠋ᠢ ᠡᠬᠦᠳᠬᠦ᠌ ᠡᠯᠧᠮᠧᠨ᠋ᠳ᠋ᠲ᠎ᠢ ᠠᠵᠤ ᠠᠬᠤᠢ᠍ᠢᠯᠠᠯ ᠵᠦᠭ ᠲᠦᠪᠯᠡᠷᠡᠭᠦᠯᠦᠭ᠌ᠰᠡᠨ᠎ᠤ ᠦᠷ᠎ᠠ ᠪᠦᠳᠦᠬᠡᠯ ᠪᠤᠯᠬᠤ ᠶᠤᠮ᠃

《ᠡᠨᠡ ᠬᠦ᠌ NTE360A ᠴᠠᠬᠢᠯᠭᠠᠨ ᠬᠦᠷᠳᠤᠳᠤ ᠠᠭᠤᠷᠬᠠᠢ᠎ᠶ᠋ᠢᠨ ᠠᠦ᠋ᠲ᠋ᠣ᠋ ᠮᠠᠱᠢᠨ ᠲᠡᠷᠭᠡ᠎ᠶ᠋ᠢ ᠭᠡᠷ᠎ᠠ ᠲᠤᠬ᠍ᠳᠠᠭ᠍ᠰᠠᠨ᠎ᠠᠴᠠ ᠦᠢᠯᠡᠳᠪᠦᠷᠢᠯᠡᠵᠤ ᠭᠠᠷᠭᠠᠳᠠᠯ᠎ᠠ 6 ᠰᠠᠷ᠎ᠠ ᠯᠠ ᠬᠡᠷᠡᠭ᠌ᠰᠠᠵᠠᠢ᠃ ᠠᠦ᠋ᠰᠲᠷᠡᠯᠢᠶ᠎ᠠ᠎ᠶ᠋ᠢᠨ ᠬᠡᠷᠡᠭ᠌ᠯᠡᠭ᠌ᠴᠢ᠎ᠶ᠋ᠢᠨ ᠤᠨᠴᠠᠭᠠᠢ ᠱᠠᠭᠠᠷᠳᠠᠯᠭ᠎ᠠ᠎ᠳᠤ ᠵᠤᠬᠢᠴᠠᠭᠤᠯᠤᠠ ᠲᠡᠷᠭᠡᠨ᠎ᠤ ᠲᠠᠭᠤ ᠱᠤᠤᠬᠢᠶᠠᠨ᠎ᠢ ᠡᠵᠡᠮᠳᠡᠬᠦ᠌ ᠮᠠᠷᠬᠡᠵᠢᠯ᠎ᠢ ᠰᠠᠢᠵᠢᠷᠠᠭᠤᠯᠵᠤ᠂ ᠲᠡᠷᠭᠡ ᠤᠨᠤᠭᠠᠨ᠎ᠤ ᠭᠠᠳᠠᠨᠠᠬᠢ ᠲᠠᠭᠤ ᠱᠤᠤᠬᠢᠶᠠᠨ ᠪᠤᠯᠤᠨ ᠵᠢᠯᠤᠭᠤᠴᠢ᠎ᠶ᠋ᠢᠨ ᠦᠷᠦᠭᠡᠨ᠎ᠳᠠᠬᠢ ᠲᠠᠭᠤ ᠱᠤᠤᠬᠢᠶᠠᠨ᠎ᠤ ᠪᠠᠷᠢᠮᠵᠢᠶ᠎ᠠ᠎ᠶ᠋ᠢ ᠲᠤᠬᠠᠢ᠎ᠶ᠋ᠢᠨ ᠭᠠᠵᠠᠷ᠎ᠤᠨ ᠬᠠᠤᠯᠢ ᠲᠦᠷᠢᠮ ᠪᠠ ᠱᠠᠭᠠᠷᠳᠠᠯᠭ᠎ᠠ᠎ᠳᠤ ᠨᠠᠢᠴᠠᠬᠦᠯᠦᠭ᠌ᠰᠡᠨ ᠪᠠᠢᠨ᠎ᠠ》 ᠬᠡᠵᠥ᠍ ᠦᠪᠦᠷ ᠮᠤᠩᠭᠤᠯ᠎ᠤᠨ ᠤᠮᠠᠷᠠᠳᠤ᠎ᠶ᠋ᠢᠨ ᠬᠦᠨᠳᠤ ᠮᠠᠱᠢᠨ᠎ᠤ ᠬᠢᠵᠠᠭᠠᠷᠳᠤ ᠺᠤᠮᠫᠠᠨᠢ᠎ᠶ᠋ᠢᠨ ᠪᠦᠲᠦᠭᠡᠭ᠌ᠳᠡᠭᠦᠨ᠎ᠤ ᠰᠤᠳᠤᠯᠭᠠᠨ᠎ᠤ ᠬᠦᠷᠢᠶᠡᠯᠡᠩ᠎ᠤᠨ ᠲᠡᠳ᠋ ᠶᠡᠷᠦᠩᠬᠡᠢ ᠵᠢᠷᠤᠵᠥ᠍ ᠲᠦᠯᠦᠪᠯᠡᠭ᠌ᠴᠢ᠂ NTE360A ᠲᠦᠷᠦᠯ ᠵᠦᠢᠯ᠎ᠤᠨ ᠲᠡᠭᠠᠭᠠᠮᠠᠯ ᠶᠠᠩ ᠵᠧ ᠤᠷᠮᠠᠳᠠᠢ ᠶᠠᠷᠢᠨ᠎ᠠ᠃

ᠦᠢᠯᠡᠳᠬᠦᠨ᠎ᠢᠶᠠᠨ ᠠᠦ᠋ᠰᠲᠷᠡᠯᠢᠶ᠎ᠠ᠎ᠶ᠋ᠢᠨ ᠵᠠᠬ᠎ᠠ ᠲᠡᠯᠭᠡᠭᠦᠷ᠎ᠤᠨ ᠱᠠᠭᠠᠷᠳᠠᠯᠭ᠎ᠠ᠎ᠳᠤ ᠨᠡᠢᠴᠡᠬᠦᠯᠬᠦ᠌᠎ᠶ᠋ᠢᠨ ᠲᠦᠯᠥᠭᠡ᠂ ᠲᠤᠰ ᠺᠤᠮᠫᠠᠨᠢ ᠠᠭᠤᠷᠬᠠᠢ᠎ᠶ᠋ᠢᠨ ᠮᠠᠱᠢᠨ ᠲᠡᠷᠭᠡ᠎ᠶ᠋ᠢ ᠰᠤᠳᠤᠯᠤᠨ ᠦᠢᠯᠡᠳᠬᠦ᠌᠎ᠳᠡᠭᠡᠨ ᠲᠤᠮᠤ ᠴᠢᠳᠠᠯᠳᠤ ᠬᠦᠳᠡᠯᠭᠡᠭᠦᠷ ᠮᠠᠱᠢᠨ᠎ᠤ ᠱᠢᠰᠲ᠋ᠧᠮ᠎ᠤᠨ ᠮᠡᠷᠭᠡᠵᠢᠯ᠂ ᠴᠢᠳᠠᠮᠵᠢ ᠰᠠᠢᠲᠠᠢ ᠨᠦᠢᠳᠠᠨ ᠲᠠᠪᠠᠭ᠍ᠳᠤ ᠲᠤᠷᠮᠤᠰᠯᠠᠭᠤᠷ  ᠎ᠤᠨ  ᠮᠡᠷᠭᠡᠵᠢᠯ ᠵᠡᠷᠭᠡ ᠤᠯᠠᠨ ᠱᠢᠨ᠎ᠠ ᠮᠡᠷᠭᠡᠵᠢᠯ᠎ᠢ ᠬᠡᠷᠡᠭ᠌ᠯᠡᠵᠠᠢ᠃ ᠡᠬᠦᠠ᠎ᠤ ᠳ᠋ᠦᠩ᠎ᠳᠤ ᠲᠤᠮᠤ ᠬᠡᠯᠪᠡᠷᠢ᠎ᠶ᠋ᠢᠨ ᠠᠭᠤᠷᠬᠠᠢ᠎ᠳᠤ ᠬᠡᠷᠡᠭ᠌ᠯᠡᠬᠦ᠌ ᠠᠦ᠋ᠲ᠋ᠣ᠋ ᠮᠠᠱᠢᠨ ᠲᠡᠷᠬᠡᠨ᠎ᠤ ᠬᠦᠳᠡᠯᠭᠡᠬᠦ᠌ ᠬᠦᠴᠦ᠍ ᠪᠠ ᠴᠠᠬᠢᠯᠭᠠᠨ ᠬᠦᠳᠡᠯᠭᠡᠭᠦᠷ  ᠎ᠤᠨ  ᠵᠤᠬᠢᠴᠠᠯ᠂ ᠴᠠᠬᠢᠯᠭᠠᠨ ᠬᠦᠷᠳᠤ ᠪᠤᠯᠤᠨ ᠨᠦᠢᠳᠠᠨ ᠲᠠᠪᠠᠭ᠍ᠳᠤ ᠲᠤᠷᠮᠤᠰᠯᠠᠭᠤᠷ᠎ᠤᠨ ᠬᠤᠷᠠᠮᠠᠯ᠂ ᠦᠨᠳᠤᠷ ᠬᠦᠴᠦᠯᠠᠴᠠ᠎ᠲᠠᠢ ᠲᠡᠷᠭᠡᠨ ᠵᠢᠶᠠᠰᠠ᠂ ᠲᠡᠷᠭᠡ ᠤᠨᠤᠭᠠᠨ᠎ᠤ ᠮᠡᠳᠡᠭᠡ ᠵᠠᠩᠬᠢ᠎ᠶ᠋ᠢᠨ ᠠᠰᠠᠭᠤᠳᠠᠯ ᠵᠡᠷᠭᠡ ᠮᠠᠰᠢ ᠠᠷᠪᠢᠠ ᠵᠠᠩᠬᠢᠯᠠᠭ᠎ᠠ᠎ᠶ᠋ᠢᠨ ᠮᠡᠷᠭᠡᠵᠢᠯ᠎ᠤᠨ ᠠᠰᠠᠭᠤᠳᠠᠯ᠎ᠢ ᠱᠢᠢᠳᠪᠦᠷᠢᠯᠡᠵᠦ᠍᠂ 330 — 360 ᠲᠤᠨ᠎ᠤ ᠲᠠᠭᠠᠭᠠᠴᠠ᠎ᠲᠠᠢ᠂ ᠬᠠᠮᠤᠭ᠎ᠤᠨ ᠲᠦᠷᠭᠡᠨ᠎ᠳᠡᠭᠡᠨ ᠴᠠᠭ ᠪᠦᠷᠢ 64 ᠺᠢᠯᠦᠮᠧᠲᠷ᠎ᠤᠨ ᠬᠤᠷᠳᠤᠴᠠ᠎ᠲᠠᠢ᠂ ᠬᠦᠳᠡᠯᠭᠡᠭᠦᠷ᠎ᠤᠨ ᠶᠡᠷᠦᠩᠬᠡᠢ ᠴᠢᠳᠠᠯ᠎ᠨᠢ 2722 ᠺᠢᠯᠤᠸᠠᠲ᠎ᠲᠤ ᠬᠦᠷᠦᠭ᠌ᠰᠡᠨ ᠡᠨᠡ ᠬᠦ᠌ ᠠᠪᠤᠷᠭᠤ ᠲᠤᠮᠤ ᠠᠭᠤᠷᠬᠠᠢ᠎ᠶ᠋ᠢᠨ ᠮᠠᠱᠢᠨ ᠲᠡᠷᠭᠡ᠎ᠶ᠋ᠢ ᠠᠦ᠋ᠰᠲᠷᠡᠯᠢᠶ᠎ᠠ᠎ᠶ᠋ᠢᠨ ᠲᠡᠭᠡᠳᠤ ᠲᠡᠰ᠎ᠤᠨ ᠵᠠᠬ᠎ᠠ ᠲᠡᠯᠭᠡᠭᠦᠷ᠎ᠤᠨ ᠪᠠᠷᠢᠮᠵᠢᠶ᠎ᠠ

ᠱᠠᠭᠠᠷᠳᠠᠯᠭ᠎ᠠ᠎ᠳᠤ ᠨᠡᠢᠴᠡᠭᠦᠯᠦᠭ᠌ᠰᠡᠨ ᠪᠠᠢᠨ᠎ᠠ᠃

ᠡᠨᠡ ᠵᠢᠯ᠎ᠤᠨ 3 ᠰᠠᠷ᠎ᠠ᠎ᠶ᠋ᠢᠨ 10 ᠎ᠤ ᠡᠳᠦᠷ᠂ 1600 ᠺᠢᠯᠤᠮᠧᠲᠷᠲ᠎ᠤᠨ ᠠᠯᠤᠰ᠎ᠠᠴᠠ ᠭᠤᠷᠪᠠᠨ ᠮᠤᠵᠢ ᠤᠷᠤᠨ᠎ᠤ 10 ᠬᠤᠳᠠ᠎ᠶ᠋ᠢ ᠲᠤᠭᠤᠯᠵᠦ᠍ ᠢᠷᠡᠭ᠌ᠰᠡᠨ ᠰᠤᠷᠢᠨᠵᠢᠨ ᠲᠠᠷᠪᠢᠯᠳᠠ᠎ᠶ᠋ᠢᠨ ᠡᠮᠴᠢᠯᠡᠭᠡᠨ᠎ᠤ ᠮᠠᠱᠢᠨ ᠲᠡᠷᠭᠡ ᠎ᠶ᠋ᠢ ᠦᠬᠠᠨ᠎ᠤ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠡᠮᠦᠨ᠎ᠠ ᠹᠷᠤᠨᠲ᠎ᠤᠨ ᠡᠮᠨᠡᠯᠭᠡ᠎ᠶ᠋ᠢᠨ ᠬᠤᠷᠢᠶᠠᠨ᠎ᠳᠤ ᠬᠦᠷᠭᠡᠪᠠ᠃ ᠡᠨᠡ ᠬᠦ᠌ ᠡᠮᠴᠢᠯᠡᠭᠡᠠ᠎ᠤ ᠮᠠᠱᠢᠨ ᠲᠠᠷᠭᠡ ᠪᠤᠯ ᠪᠤᠭᠤᠲᠤ᠎ᠶ᠋ᠢᠨ ᠪᠤᠯᠤᠳ ᠲᠡᠮᠦᠷ᠎ᠤᠨ ᠪᠦᠯᠦᠭ᠌ᠯᠡᠯ᠎ᠠᠴᠠ ᠦᠬᠠᠨ᠎ᠳᠤ ᠪᠡᠯᠡᠭ᠌ᠯᠡᠭ᠌ᠰᠡᠨ ᠪᠦᠷᠢᠮᠦᠰᠤᠨ ᠪᠡᠶ᠎ᠠ᠎ᠪᠠᠨ ᠲᠠᠭᠠᠭᠠᠭ᠍ᠰᠠᠨ ᠮᠡᠳᠡᠯᠭᠡ᠎ᠶ᠋ᠢᠨ ᠦᠮᠴᠢᠯᠡᠬᠦ᠌ ᠡᠷᠭᠡ᠎ᠲᠠᠢ ᠲᠡᠭᠡᠳᠤ ᠲᠡᠰ᠎ᠤᠨ ᠡᠮᠴᠢᠯᠡᠭᠡᠨ᠎ᠤ ᠮᠠᠱᠢᠨ ᠲᠡᠷᠭᠡ ᠪᠤᠯᠤᠨ᠎ᠠ᠃ 《ᠢᠨᠲ᠋ᠧᠷ ᠰᠦᠯᠵᠢᠶ᠎ᠠ + ᠨᠡᠭᠦᠳᠡᠯ ᠡᠮᠴᠢᠯᠡᠭᠡᠨ + ᠲᠡᠭᠡᠳᠤ ᠲᠡᠰ᠎ᠤᠨ ᠲᠤᠨᠤᠬ᠍ᠯᠠᠯ》 ᠎ᠤᠨ ᠱᠢᠰᠲ᠋ᠧᠮ᠎ᠲᠠᠢ ᠡᠨᠡ ᠬᠦ᠌ ᠮᠠᠱᠢᠨ ᠲᠡᠷᠭᠡ ᠪᠤᠯ ᠤᠯᠤᠰ᠎ᠤᠨ ᠲᠤᠳᠤᠭᠠᠳᠤ ᠎ᠶ᠋ᠢᠨ ᠲᠡᠷᠢᠭᠦᠨ᠎ᠤ ᠡᠮᠴᠢᠯᠡᠭᠡᠨ᠎ᠤ ᠮᠠᠱᠢᠨ ᠲᠡᠷᠭᠡ ᠪᠤᠯᠬᠤ ᠶᠤᠮ᠃ ᠲᠡᠷᠡ᠎ᠨᠢ ᠡᠪᠡᠳᠴᠢᠳᠠᠨ᠎ᠳᠤ ᠠᠯᠤᠰ᠎ᠠᠴᠠ ᠡᠮᠴᠢᠯᠡᠭᠡᠨ᠎ᠤ ᠵᠢᠯᠤᠭᠤᠳᠤᠯᠭ᠎ᠠ ᠦᠭ᠌ᠬᠦ ᠴᠢᠳᠠᠮᠵᠢ᠎ᠲᠠᠢ ᠪᠠᠢᠵᠤ᠂ ᠨᠡᠬᠦᠳᠡᠯ ᠪᠡᠶ᠎ᠠ᠎ᠶ᠋ᠢᠨ ᠪᠠᠢᠴᠠᠭᠠᠯᠳᠠ᠂ ᠪᠠᠴᠢᠮ ᠪᠠᠢᠳᠠᠯ᠎ᠢ ᠠᠷᠭᠠᠴᠠᠭᠠᠬᠤ ᠡᠮᠴᠢᠯᠡᠭᠡᠨ᠎ᠤ ᠪᠠᠳᠤᠯᠠᠭ᠎ᠠ ᠵᠡᠷᠭᠡ ᠤᠯᠠᠨ ᠬᠦᠷᠢᠶ᠎ᠠ ᠴᠠᠷᠠᠭ᠎ᠠ᠎ᠳᠤ ᠦᠷᠭᠡᠨ ᠬᠡᠷᠡᠭ᠌ᠴᠡᠭᠡ᠎ᠲᠠᠢ ᠠᠵᠢ᠃ ᠲᠤᠰ ᠮᠠᠱᠢᠨ ᠲᠡᠷᠭᠡ᠎ᠶ᠋ᠢ ᠰᠤᠳᠤᠯᠤᠨ ᠦᠢᠯᠡᠳᠬᠦ᠌᠎ᠳᠡᠭᠡᠨ ᠰᠤᠷᠢᠨᠵᠢᠨ ᠲᠠᠷᠪᠢᠯᠳᠠ᠎ᠶ᠋ᠢ ᠪᠢᠴᠢᠯᠵᠢᠬᠦᠯᠬᠦ᠂ ᠨᠡᠬᠦᠳᠡᠯᠵᠢᠬᠦᠯᠬᠦ᠂ ᠤᠶᠤᠨᠴᠢᠯᠠᠬᠤ ᠵᠡᠷᠭᠡ ᠤᠯᠠᠨ ᠲᠠᠯ᠎ᠠ᠎ᠶ᠋ᠢᠨ ᠮᠡᠷᠭᠡᠵᠢᠯ᠎ᠤᠨ ᠬᠦᠴᠢᠷ ᠠᠰᠠᠭᠤᠳᠠᠯ᠎ᠢ ᠱᠢᠢᠳᠪᠦᠷᠢᠯᠡᠵᠠᠢ᠃ ᠤᠢ᠍ᠢᠷ᠎ᠠ᠎ᠶ᠋ᠢᠨ ᠵᠢᠯ᠎ᠲᠤ᠌᠂ ᠡᠢᠮᠦᠷᠬᠦᠤ ᠱᠢᠨ᠎ᠠ᠎ᠶ᠋ᠢ ᠡᠬᠦᠳᠬᠦ᠌᠎ᠪᠠᠷ ᠬᠦᠳᠡᠯᠭᠡᠭᠦᠷ ᠪᠤᠯᠭᠠᠬ᠍ᠰᠠᠨ ᠦᠯᠢᠭᠡᠷ ᠵᠢᠱ᠌ᠢᠶ᠎ᠠ ᠪᠤᠭᠤᠲᠤ ᠬᠤᠳᠠ᠎ᠠᠴᠠ ᠪᠠᠢᠩᠭᠤ ᠲᠤᠭᠤᠯᠳᠠᠵᠤ᠂ ᠲᠡᠯᠡᠭᠡᠢ᠎ᠶ᠋ᠢᠨ ᠪᠠ ᠤᠯᠤᠰ᠎ᠤᠨ ᠲᠡᠷᠢᠭᠦᠨ᠎ᠤ ᠲᠡᠭᠡᠳᠦ ᠱᠢᠨ᠎ᠠ ᠮᠡᠷᠭᠡᠵᠢᠯ᠎ᠤᠨ ᠦᠢᠯᠡᠳᠬᠦᠨ ᠪᠤᠭᠤᠳᠤ ᠬᠤᠳᠠ᠎ᠳᠤ ᠵᠠᠯᠭᠠᠭ᠎ᠠ᠎ᠪᠠᠷ ᠮᠡᠨᠳᠤᠯᠡᠯ᠎ᠠ᠃ ᠤᠢ᠍ᠢᠷ᠎ᠠ᠎ᠳᠤ᠂ ᠪᠤᠭᠤᠲᠤ᠎ᠶ᠋ᠢᠨ ᠬᠤᠪᠤᠷ ᠱᠢᠷᠤᠢ᠎ᠶ᠋ᠢᠨ ᠰᠤᠳᠤᠯᠭᠠᠨ᠎ᠤ ᠬᠦᠷᠢᠶᠡᠯᠡᠩ᠎ᠤᠨ ᠪᠡᠶ᠎ᠠ᠎ᠪᠠᠨ ᠲᠠᠭᠠᠭᠠᠵᠤ ᠰᠤᠳᠤᠯᠤᠨ ᠦᠢᠯᠡᠳᠦᠭ᠌ᠰᠡᠨ ᠱᠢᠨ᠎ᠠ ᠨᠢᠭᠡ ᠦᠶ᠎ᠠ᠎ᠶ᠋ᠢᠨ ᠦᠨᠳᠤᠷ ᠪᠠᠭ᠍ᠳᠠᠭᠠᠮᠵᠢ᠎ᠲᠠᠢ La-Y-Ni ᠱᠢᠰᠲ᠋ᠧᠮ᠎ᠤᠨ ᠤᠰᠦᠳᠦ᠋ᠷᠦᠭ᠌ᠴᠢ ᠬᠠᠳᠠᠭᠠᠯᠠᠬᠤ ᠬᠠᠢᠯᠤᠱᠢᠨ ᠮᠠᠲ᠋ᠧᠷᠢᠶᠠᠯ᠎ᠤᠨ ᠴᠠᠬᠢᠯᠭᠠᠨ ᠨᠢᠷᠭᠡᠯᠭᠡ᠎ᠶ᠋ᠢᠨ ᠪᠠᠭ᠍ᠳᠠᠭᠠᠮᠵᠢ᠎ᠶ᠋ᠢᠨ ᠬᠡᠮᠵᠢᠶ᠎ᠠ᠎ᠨᠢ ᠭᠷᠡᠮ ᠪᠦᠷᠢ᠎ᠳᠤ 380 ᠮᠢᠯᠢ ᠠᠮᠫᠧᠷ ᠴᠠᠭ᠎ᠢ ᠲᠠᠪᠠᠵᠤ᠂ ᠤᠯᠤᠰ᠎ᠤᠨ ᠭᠠᠳᠠᠭᠠᠳᠤ᠎ᠶ᠋ᠢᠨ ᠲᠤᠰᠭᠠᠢ ᠠᠱᠢᠭ  ᠎ᠤᠨ  ᠬᠢᠵᠠᠭᠠᠷᠯᠠᠯ᠎ᠢ ᠱᠢᠪᠳᠤᠯᠤᠬ᠍ᠰᠠᠨ ᠪᠠᠢᠨ᠎ᠠ᠃ 7 ᠰᠠᠷ᠎ᠠ᠎ᠶ᠋ᠢᠨ ᠲᠤᠮᠳᠠᠴᠢ᠎ᠪᠠᠷ᠂ ᠦᠪᠦᠷ ᠮᠤᠩᠭᠤᠯ᠎ᠤᠨ ᠫᠦ᠋ ᠵᠢᠩ ᠪᠦᠬᠡᠭᠡᠨᠡᠷᠡᠯ ᠮᠠᠲ᠋ᠧᠷᠢᠶᠠᠯ᠎ᠤᠨ ᠱᠢᠨᠵᠢᠯᠡᠬᠦ᠌ ᠤᠬᠠᠭᠠᠨ ᠲᠧᠭ᠌ᠨᠢᠡ ᠮᠡᠷᠭᠡᠵᠢᠯ᠎ᠤᠨ ᠬᠢᠵᠠᠭᠠᠷᠳᠤ ᠺᠤᠮᠫᠠᠨᠢ᠎ᠶ᠋ᠢᠨ ᠲᠦᠮᠡᠨ ᠲᠤᠨ᠎ᠤ ᠲᠡᠰ᠎ᠤᠨ ᠪᠦᠭᠡᠭᠡᠨᠡᠷᠡᠯ ᠠᠯᠺᠦᠤᠯ ᠬᠦᠴᠢᠯ᠎ᠤᠨ ᠲᠦᠷᠦᠯ ᠵᠦᠢᠯ᠎ᠢ ᠪᠤᠭᠤᠲᠤ᠎ᠳᠤ ᠲᠤᠷᠱᠢᠨ ᠦᠢᠯᠡᠳᠪᠦᠷᠢᠯᠡᠵᠦ᠍ ᠡᠬᠢᠯᠡᠪᠠ᠃ ᠲᠤᠰ ᠲᠦᠷᠤᠯ ᠵᠦᠢᠯ ᠪᠤᠯ ᠤᠯᠤᠰ᠎ᠤᠨ ᠲᠤᠳᠤᠭᠠᠳᠤᠬᠢ ᠠᠩᠬᠠᠳᠠᠭ᠍ᠴᠢ ᠲᠦᠮᠡᠨ ᠲᠤᠨ᠎ᠤ ᠲᠡᠰ᠎ᠤᠨ ᠪᠦᠭᠡᠭᠡᠨᠡᠷᠡᠯ ᠠᠯᠺᠦᠤᠯ ᠬᠦᠴᠢᠯ᠎ᠤᠨ ᠲᠦᠷᠦᠯ ᠵᠦᠢᠯ ᠪᠠᠢᠵᠦ᠍᠂ ᠮᠠᠨ᠎ᠤ ᠤᠯᠤᠰ᠎ᠤᠨ ᠵᠠᠳᠠᠷᠠᠵᠦ᠍ ᠪᠤᠯᠬᠤ ᠰᠦᠯᠢᠶᠦᠦ᠎ᠶ᠋ᠢᠨ ᠠᠵᠤᠦ᠋ᠯᠡᠰ᠎ᠢ ᠱᠢᠨ᠎ᠠ ᠲᠠᠪᠠᠯᠳᠠ᠎ᠲᠠᠢ ᠪᠤᠯᠭᠠᠬ᠍ᠰᠠᠨ ᠪᠠᠢᠨ᠎ᠠ᠃ ᠲᠤᠮᠤ ᠲᠤᠨ᠎ᠤ ᠲᠠᠭᠠᠭᠠᠴᠠ᠎ᠲᠠᠢ ᠴᠠᠬᠢᠯᠭᠠᠨ ᠬᠦᠷᠳᠤᠳᠤ ᠠᠭᠤᠷᠬᠠᠢ᠎ᠶ᠋ᠢᠨ ᠠᠦ᠋ᠲ᠋ᠣ᠋ ᠮᠠᠱᠢᠨ ᠲᠡᠷᠭᠡ᠂ ᠲᠡᠷᠢᠭᠦᠨ᠎ᠤ ᠡᠮᠴᠢᠯᠡᠭᠡᠨ᠎ᠤ ᠮᠠᠱᠢᠨ ᠲᠡᠷᠭᠡ᠂ ᠲᠦᠷᠭᠡᠨ᠎ᠤ ᠲᠡᠮᠦᠷ ᠵᠠᠮ᠎ᠤᠨ ᠵᠠᠮ ᠲᠡᠮᠦᠷ᠂ ᠶᠡᠭᠡ ᠠᠮᠠᠰᠠᠷᠳᠤ ᠵᠠᠭᠠᠳᠠᠰᠤ ᠦᠭᠡᠢ ᠪᠤᠯᠤᠳ ᠬᠤᠭᠤᠯᠠᠢ᠂ ᠵᠢᠯᠤᠭᠤᠴᠢ ᠦᠭᠡᠢ ᠠᠭᠤᠷᠬᠠᠢ᠎ᠶ᠋ᠢᠨ ᠮᠠᠱᠢᠨ ᠲᠡᠷᠭᠡ ᠁ ᠪᠦᠬᠦ᠌ ᠤᠯᠤᠰ᠂ ᠴᠢᠨᠠᠭ᠍ᠰᠢᠯᠠᠪᠠᠯ ᠲᠡᠯᠡᠭᠡᠢ ᠳ᠋ᠠᠬᠢᠨ᠎ᠳᠤ ᠠᠯᠳᠠᠷᠱᠢᠭ᠍ᠰᠠᠨ ᠡᠳᠡᠬᠡᠷ ᠱᠢᠨ᠎ᠠ ᠡᠬᠦᠳᠦᠯᠳᠡ᠎ᠲᠠᠢ ᠦᠢᠯᠡᠳᠬᠦᠨ ᠨᠦᠬᠦᠳ 《ᠪᠤᠭᠤᠲᠤ᠎ᠶ᠋ᠢᠨ ᠦᠢᠯᠡᠳᠭᠡᠯ》 ᠎ᠢ ᠶᠠᠭ 《ᠪᠤᠭᠤᠲᠤ᠎ᠶ᠋ᠢᠨ ᠤᠶᠤᠨᠴᠢ ᠦᠢᠯᠡᠳᠭᠡᠯ》 ᠵᠦᠭ ᠠᠬᠢᠭᠤᠯᠵᠤ᠂ ᠪᠤᠭᠤᠲᠤ ᠬᠤᠳᠠ᠎ᠶ᠋ᠢᠨ ᠴᠢᠨᠠᠷ ᠰᠠᠢᠳᠠᠢ ᠬᠦᠭ᠌ᠵᠢᠯᠳᠡ᠎ᠶ᠋ᠢᠨ ᠰᠠᠭᠤᠷᠢ᠎ᠶ᠋ᠢ ᠪᠠᠳᠤᠵᠢᠭᠤᠯᠪᠠ᠃ ᠤᠢ᠍ᠢᠷ᠎ᠠ᠎ᠶ᠋ᠢᠨ ᠵᠢᠯ᠎ᠲᠤ᠌᠂ ᠪᠤᠭᠤᠲᠤ ᠬᠤᠳᠠ ᠭᠤᠤᠯᠯᠠᠬᠤ ᠠᠵᠤ ᠦᠢᠯᠡᠰ  ᠎ᠤᠨ ᠎ᠢᠶᠠᠨ ᠲᠤᠭᠤᠷᠢᠨ᠎ᠳᠤ ᠲᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠂ ᠪᠡᠭᠡᠵᠢᠩ ᠶᠡᠭᠡ ᠰᠤᠷᠭᠠᠭᠤᠯᠢ᠂ ᠱᠠᠩᠬᠠᠢ᠎ᠶ᠋ᠢᠨ ᠵᠠᠮ ᠬᠠᠷᠢᠯᠴᠠᠭᠠᠨ᠎ᠤ ᠶᠡᠭᠡ ᠰᠤᠷᠭᠠᠭᠤᠯᠢ ᠵᠡᠷᠭᠡ ᠨᠠᠷ᠎ᠠ ᠠᠯᠳᠠᠷ᠎ᠲᠠᠢ ᠤᠯᠤᠰ᠎ᠤᠨ ᠲᠤᠳᠤᠭᠠᠳᠤ᠎ᠶ᠋ᠢᠨ 50 ᠭᠠᠷᠤᠢ ᠶᠡᠭᠡ ᠰᠤᠷᠭᠠᠭᠤᠯᠢ ᠪᠤᠯᠤᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠠᠢᠭᠤᠯᠭ᠎ᠠ᠎ᠲᠠᠢ ᠦᠢᠯᠡᠳᠪᠦᠷᠢᠯᠡᠯ᠂ ᠵᠢᠭᠠᠨ ᠰᠤᠷᠭᠠᠯᠳᠠ ᠪᠠ ᠰᠤᠳᠤᠯᠭᠠᠨ᠎ᠤ ᠬᠠᠮᠵᠢᠯᠴᠠᠭᠠᠨ᠎ᠤ ᠬᠠᠮᠳᠤᠷᠠᠯᠴᠠᠭ᠎ᠠ ᠦᠷᠨᠢᠬᠦᠯᠵᠤ᠂ ᠬᠤᠪᠤᠷ ᠱᠢᠷᠤᠢ᠎ᠶ᠋ᠢᠨ ᠬᠦᠬᠦᠷᠳᠤ ᠼᠧᠷᠢ᠎ᠶ᠋ᠢᠨ ᠪᠤᠳᠤᠭ ᠤᠷᠤᠭᠤᠯᠬᠤ ᠡᠳ᠋᠂ ᠦᠨᠳᠤᠷ ᠴᠡᠪᠡᠷᠴᠡ᠎ᠲᠠᠢ ᠢᠰᠦᠯᠳᠦᠭᠦᠯᠦᠭ᠌ᠰᠡᠨ ᠬᠦᠩᠬᠡᠨ ᠴᠠᠭᠠᠨ ᠵᠡᠷᠭᠡ 15 ᠰᠤᠳᠤᠯᠭᠠᠨ᠎ᠤ ᠲᠦᠷᠤᠯ ᠵᠦᠢᠯ᠎ᠢ ᠠᠵᠤ ᠦᠢᠯᠡᠰᠵᠢᠬᠦᠯᠵᠦ᠍᠂ 47 ᠲᠦᠷᠦᠯ᠎ᠤᠨ ᠰᠤᠳᠤᠯᠭᠠᠨ᠎ᠤ ᠦᠷ᠎ᠠ ᠪᠦᠳᠦᠭᠡᠯ᠎ᠢ ᠪᠦᠳᠦᠮᠵᠢᠳᠠᠢ ᠬᠤᠪᠢᠷᠠᠭᠤᠯᠤᠭ᠍ᠰᠠᠨ ᠪᠠᠢᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号