ᠦᠭ᠌ᠭᠢᠶᠡᠮᠦᠷ ᠨᠠᠮᠤᠷ᠎ᠤᠨ ᠬᠡᠱᠢᠭ ᠰᠤᠶᠤᠷᠬᠠᠯ ᠲᠠᠷᠢᠶᠠᠴᠢᠨ ᠤᠯᠠᠨ᠎ᠢ ᠪᠠᠶᠠᠰᠭᠠᠨ᠎ᠠ
2020-10-06 16:13:48
ᠵᠣᠬᠢᠶᠠᠭ᠍ᠴᠢ᠄
ᠪᠢᠯᠢᠭ᠌ᠪᠡᠭᠠᠳᠤᠷ
ᠣᠩᠱᠢᠭ᠍ᠰᠠᠨ ᠣᠳᠠᠭ᠎ᠠ᠄
★★★☆☆

ᠠᠯᠳᠠᠨ ᠨᠠᠮᠤᠷ ᠬᠤᠢᠮᠤᠷ ᠰᠠᠭᠠᠳᠠᠭ᠍ᠰᠠᠨ ᠡᠨᠡ ᠨᠠᠢᠷᠳᠤ ᠤᠯᠠᠷᠢᠯ᠎ᠳᠤ ᠭᠠᠵᠠᠷ ᠪᠤᠯᠭᠠᠨ᠎ᠳᠤ ᠡᠯᠪᠡᠭ ᠬᠤᠷᠢᠶᠠᠯᠳᠠ᠎ᠶ᠋ᠢᠨ ᠢᠷᠠᠭᠤ ᠲᠠᠭᠤᠤ ᠴᠤᠤᠷᠢᠶᠠᠳᠤᠭᠠᠳ᠂ ᠬᠦᠳᠡᠯᠮᠦᠷᠢᠴᠢᠨ ᠤᠯᠠᠨ᠎ᠤ ᠴᠢᠷᠠᠢ᠎ᠳᠤ ᠪᠠᠶᠠᠷ ᠪᠠᠶᠠᠰᠤᠯ᠎ᠤᠨ ᠮᠦᠱᠢᠶᠡᠳᠤ ᠲᠤᠳᠤᠷᠠᠨ᠎ᠠ᠃ ᠰᠤᠷᠪᠤᠯᠵᠢᠯᠠᠭ᠍ᠴᠢ ᠤᠢ᠍ᠢᠷ᠎ᠠ᠎ᠳᠤ ᠱᠢᠯᠢ᠎ᠶ᠋ᠢᠨ ᠭᠤᠤᠯ ᠠᠢᠮᠠᠭ᠎ᠤᠨ ᠡᠮᠦᠨ᠎ᠡ ᠪᠡᠶ᠎ᠡ᠎ᠳᠤ ᠪᠠᠢᠷᠢᠯᠠᠭ᠎ᠠ ᠲᠤᠯᠤᠨ ᠨᠤᠤᠷ ᠱᠢᠶᠠᠨ᠎ᠢᠶᠠᠷ ᠰᠤᠷᠪᠤᠯᠵᠢᠯᠠᠵᠤ ᠶᠠᠪᠤᠬᠤ᠎ᠳᠤ᠂ ᠲᠤᠰ ᠱᠢᠶᠠᠨ᠎ᠤ ᠳ᠋ᠠ ᠪᠸᠢ ᠭᠸᠤ ᠪᠠᠯᠭᠠᠰᠤᠨ᠎ᠤ ᠬᠤᠸᠠ ᠲᠠᠩ ᠭᠸᠤ ᠲᠤᠰᠭᠤᠨ᠎ᠤ ᠲᠠᠪᠤᠳᠤᠭᠠᠷ ᠲᠤᠭᠤᠢ᠍ᠢᠯᠠᠩ᠎ᠤᠨ 260 ᠮᠦ᠍ ᠤᠰᠤᠯᠠᠵᠤ ᠪᠤᠯᠬᠤ ᠢᠳᠡᠱᠢᠨ ᠨᠤᠭᠤᠭ᠎ᠠ᠎ᠶ᠋ᠢᠨ ᠲᠠᠷᠢᠶᠠᠨ᠎ᠳᠤ ᠡᠯᠪᠡᠭ ᠬᠤᠷᠢᠶᠠᠯᠳᠠ᠎ᠶ᠋ᠢᠨ ᠪᠠᠶᠠᠷ ᠪᠠᠭ᠍ᠠᠳᠤᠯ ᠪᠢᠯᠬᠠᠵᠤ ᠪᠠᠢᠯ᠎ᠠ᠃ ᠡᠨᠡ ᠪᠤᠯ ᠬᠡᠪᠴᠢᠶᠡᠵᠢᠭᠦᠯᠵᠦ᠍ ᠲᠠᠷᠢᠭ᠍ᠰᠠᠨ᠎ᠤ ᠠᠴᠢ᠂ ᠪᠠᠰᠠ ᠴᠤ᠌ ᠤᠯᠠᠨ ᠲᠦᠮᠡᠨ᠎ᠤ ᠱᠢᠷᠭᠠᠭᠤ ᠬᠦᠳᠡᠯᠮᠦᠷᠢᠯᠡᠭ᠌ᠰᠡᠨ᠎ᠤ ᠦᠷ᠎ᠡ ᠪᠦᠲᠦᠮᠵᠢ ᠪᠦᠭᠡᠳ ᠨᠡᠩ ᠴᠢᠬᠤᠯᠠ᠎ᠨᠢ ᠠᠳᠡᠬᠢ ᠤᠯᠠᠨ ᠲᠦᠮᠡᠨ᠎ᠤ ᠤᠷᠤᠯᠭ᠎ᠠ᠎ᠶ᠋ᠢᠨ ᠨᠡᠮᠡᠭ᠌ᠳᠡᠯ᠎ᠢ ᠱᠢᠭᠤᠳ ᠠᠬᠢᠭᠤᠯᠵᠤ᠂ ᠦᠢᠯᠡᠳᠪᠦᠷᠢᠯᠡᠯ ᠠᠮᠢᠳᠤᠷᠠᠯ᠎ᠤᠨ ᠱᠢᠨ᠎ᠠ ᠠᠷᠭ᠎ᠠ ᠵᠠᠮ ᠪᠤᠯᠤᠨ ᠵᠤᠷᠠᠢᠭ᠍ᠰᠠᠨ᠎ᠳᠤ ᠪᠠᠢᠭ᠎ᠠ ᠶᠤᠮ᠃

9 ᠰᠠᠷ᠎ᠠ᠎ᠶ᠋ᠢᠨ ᠬᠤᠷᠢᠳ᠎ᠤᠨ ᠰᠡᠭᠦᠯᠴᠢ᠎ᠶ᠋ᠢᠨ ᠪᠤᠷᠤᠭᠠᠨ᠎ᠤ ᠲᠠᠷᠠᠭ᠎ᠠ᠂ ᠪᠤᠯᠪᠠᠰᠤᠷᠠᠭ᠍ᠰᠠᠨ ᠢᠳᠡᠱᠢᠨ ᠨᠤᠭᠤᠭ᠎ᠠ᠎ᠶ᠋ᠢᠨ ᠠᠩᠭᠢᠯᠤᠮ᠎ᠠ ᠰᠠᠢᠬᠠᠨ ᠦᠨᠦᠷ ᠨᠡᠩ ᠴᠤ᠌ ᠬᠠᠮᠠᠷ ᠰᠡᠮᠰᠠ᠎ᠶ᠋ᠢ ᠨᠡᠪᠲᠡᠯᠤᠨ ᠠᠭᠤᠰᠭᠢ ᠴᠡᠭᠡᠵᠢᠨ᠎ᠡ ᠱᠢᠩᠭᠡᠨ᠎ᠡ᠃ ᠬᠦᠮᠦᠰ ᠬᠦᠪᠡᠭᠡ ᠬᠢᠵᠠᠭᠠᠷ ᠦᠭᠡᠢ ᠦᠷᠭᠦᠯᠵᠢᠯᠡᠬᠦ᠌ ᠨᠤᠭᠤᠭᠠᠨ ᠤᠯᠠᠭᠠᠨ ᠱᠢᠷ᠎ᠠ ᠪᠤᠷᠤ ᠦᠡᠭ᠌ᠭᠡ᠎ᠶ᠋ᠢᠨ ᠲᠤᠮᠳᠠ ᠠᠯᠳᠠᠨ ᠨᠠᠮᠤᠷ᠎ᠤᠨ ᠦᠭ᠌ᠭᠢᠶᠡᠮᠦᠷ ᠲᠠᠩᠰᠤᠭ᠎ᠲᠤ ᠰᠡᠳᠭᠢᠯ ᠲᠤᠭ᠍ᠳᠤᠯᠤᠨ ᠲᠠᠯᠠᠷᠬᠠᠨ᠎ᠠ᠃ ᠬᠠᠪᠤᠷ ᠦᠷᠡᠯᠡᠵᠦ᠍ ᠨᠠᠮᠤᠷ ᠬᠤᠷᠢᠶᠠᠬᠤ ᠭᠡᠭ᠌ᠴᠢ ᠤᠷᠭᠤᠵᠤ ᠲᠦᠯᠵᠢᠬᠦ᠌ ᠤᠯᠠᠷᠢᠯ᠎ᠤᠨ ᠵᠢᠮ᠎ᠡ᠎ᠪᠠᠷ ᠲᠤᠰᠭᠤᠨ᠎ᠤ ᠤᠯᠠᠨ ᠡᠨᠡ ᠮᠡᠳᠤ ᠦᠷᠭᠡᠨ ᠬᠡᠪᠴᠢᠶ᠎ᠡ᠎ᠪᠠᠷ ᠢᠳᠡᠱᠢᠨ ᠨᠤᠭᠤᠭ᠎ᠠ ᠲᠠᠷᠢᠭ᠍ᠰᠠᠨ ᠶᠠᠪᠤᠳᠠᠯ᠎ᠢ ᠬᠠᠪᠤᠷ᠎ᠠᠴᠠ ᠡᠬᠢᠯᠡᠵᠦ᠍ ᠶᠠᠷᠢᠬᠤ ᠴᠢᠬᠤᠯᠠ᠎ᠲᠠᠢ᠃ ᠡᠨᠡ ᠬᠠᠪᠤᠷ ᠬᠤᠸᠠ ᠲᠠᠩ ᠭᠸᠤ ᠲᠤᠰᠭᠤᠨ᠎ᠤ ᠲᠠᠪᠤᠳᠤᠭᠠᠷ ᠲᠤᠭᠤᠢ᠍ᠢᠯᠠᠩ ᠲᠤᠬᠠᠢ᠎ᠶ᠋ᠢᠨ ᠭᠠᠵᠠᠷ᠎ᠤᠨ ᠦᠡᠭ ᠱᠢᠮᠡᠯᠢᠭ ᠭᠠᠵᠠᠷ ᠱᠢᠷᠤᠢ᠎ᠶ᠋ᠢᠨ ᠡᠬᠢ ᠪᠠᠶᠠᠯᠢᠭ᠎ᠲᠠᠭᠠᠨ ᠲᠦᠱᠢᠭ᠌ᠯᠡᠨ᠂ ᠮᠡᠷᠭᠡᠵᠢᠯ ᠰᠠᠢᠳᠠᠢ ᠲᠠᠷᠢᠮᠠᠯ᠎ᠤᠨ ᠲᠤᠮᠤ ᠡᠷᠦᠬᠡ᠎ᠶ᠋ᠢ ᠤᠷᠢᠵᠤ ᠢᠳᠡᠱᠢᠨ ᠨᠤᠭᠤᠭ᠎ᠠ ᠬᠡᠪᠴᠢᠶᠡᠵᠢᠭᠦᠯᠦᠨ ᠲᠠᠷᠢᠵᠠᠢ᠃ ᠮᠦᠨ ᠲᠤᠰᠭᠤᠨ᠎ᠳᠤ ᠰᠠᠭᠤᠭ᠎ᠠ ᠠᠵᠢᠯᠯᠠᠬᠤ ᠠᠩᠭᠢ ᠲᠠᠷᠢᠶᠠᠨ ᠭᠠᠵᠠᠷ᠎ᠲᠤ ᠴᠠᠬᠢᠯᠭᠠᠨ ᠨᠡᠪᠲᠡᠷᠡᠭᠦᠯᠬᠦ᠌ ᠠᠰᠠᠭᠤᠳᠠᠯ᠎ᠢ ᠱᠢᠢᠳᠪᠦᠷᠢᠯᠡᠨ ᠦᠭ᠌ᠴᠤ᠂ ᠭᠠᠵᠠᠷ ᠱᠢᠷᠤᠢ᠎ᠶ᠋ᠢᠨ ᠡᠵᠡᠩᠨᠡᠯᠳᠡ᠎ᠶ᠋ᠢᠨ ᠡᠷᠭᠡ᠎ᠶ᠋ᠢ ᠱᠢᠯᠵᠢᠭᠦᠯᠬᠦ᠌᠎ᠶ᠋ᠢ ᠠᠬᠢᠭᠤᠯᠤᠨ᠂ ᠡᠨᠡ ᠬᠦ᠌ 260 ᠮᠦ᠍ ᠭᠠᠵᠠᠷ ᠱᠢᠷᠤᠢ᠎ᠳᠤ ᠱᠢᠨ᠎ᠡ ᠠᠮᠢ ᠨᠠᠰᠤ ᠤᠯᠭᠤᠪᠠ᠃

ᠤᠢ᠍ᠢᠯᠠᠭᠠᠭ᠍ᠰᠠᠨ᠎ᠢᠶᠠᠷ᠂ ᠭᠠᠵᠠᠷ ᠱᠢᠷᠤᠢ᠎ᠶ᠋ᠢᠨ ᠡᠵᠡᠩᠨᠡᠯᠳᠡ᠎ᠶ᠋ᠢᠨ ᠡᠷᠬᠡ᠎ᠶ᠋ᠢ ᠱᠢᠯᠵᠢᠭᠦᠯᠬᠦ᠌᠎ᠠᠴᠠ ᠡᠮᠦᠨ᠎ᠡ᠂ ᠬᠤᠸᠠ ᠲᠠᠩ ᠭᠸᠤ ᠲᠤᠰᠭᠤᠨ᠎ᠤ ᠭᠠᠵᠠᠷ ᠲᠠᠷᠢᠶ᠎ᠠ ᠬᠤᠪᠢ ᠡᠷᠦᠬᠡ᠎ᠶ᠋ᠢᠨ ᠭᠠᠷ᠎ᠲᠤ ᠲᠠᠷᠬᠠᠵᠤ᠂ ᠮᠦ᠍ ᠪᠦᠷᠢ᠎ᠶ᠋ᠢᠨ ᠲᠠᠭᠠᠭᠠᠴᠢᠯᠠᠯᠳᠠ᠎ᠶ᠋ᠢᠨ ᠦᠨ᠎ᠡ᠎ᠨᠢ ᠠᠷᠠᠢ ᠴᠢᠷᠠᠢ 80 ᠲᠦᠭᠦᠷᠢᠭ᠎ᠲᠤ ᠬᠦᠷᠴᠤ᠌ ᠪᠠᠢᠪᠠ᠃ ᠬᠠᠷᠢᠨ ᠭᠠᠵᠠᠷ ᠱᠢᠷᠤᠢ᠎ᠶ᠋ᠢ ᠡᠷᠭᠢᠯᠳᠡ᠎ᠳᠤ ᠤᠷᠤᠭᠤᠯᠵᠤ ᠡᠵᠡᠩᠨᠡᠯᠳᠡ᠎ᠶ᠋ᠢᠨ ᠡᠷᠭᠡ᠎ᠶ᠋ᠢ ᠱᠢᠯᠵᠢᠭᠦᠯᠤᠨ ᠬᠡᠪᠴᠢᠶᠡᠵᠢᠭᠦᠯᠦᠭ᠌ᠰᠡᠨ᠎ᠠᠴᠠ ᠭᠠᠵᠠᠷ ᠱᠢᠷᠤᠢ᠎ᠶ᠋ᠢᠨ ᠲᠠᠭᠠᠭᠠᠴᠢᠯᠠᠯᠳᠠ᠎ᠶ᠋ᠢᠨ ᠦᠨ᠎ᠡ ᠤᠤᠯ᠎ᠤᠨ᠎ᠬᠢ᠎ᠠᠴᠠ᠎ᠪᠠᠨ 4 ᠲᠠᠬᠢᠨ ᠦᠰᠴᠤ᠌᠂ ᠤᠳᠤ ᠮᠦ᠍ ᠪᠦᠷᠢ 320 ᠲᠦᠭᠦᠷᠢᠭ᠎ᠲᠤ ᠬᠦᠷᠦᠭ᠌ᠰᠡᠨ ᠪᠠᠢᠨ᠎ᠠ᠃ ᠢᠡᠭ᠌ᠭᠢᠭᠡᠳ ᠲᠤᠰ ᠲᠤᠰᠭᠤᠨ᠎ᠤ 32 ᠲᠠᠷᠢᠶᠠᠴᠢᠨ ᠡᠷᠦᠬᠡ ᠰᠠᠢᠨ ᠲᠤᠷ᠎ᠠ᠎ᠠᠴᠠ᠎ᠪᠠᠨ ᠭᠠᠵᠠᠷ ᠱᠢᠷᠤᠢ᠎ᠶ᠋ᠢᠨ ᠡᠵᠡᠩᠨᠡᠯᠳᠡ᠎ᠶ᠋ᠢᠨ ᠡᠷᠬᠡ᠎ᠪᠠᠨ ᠱᠢᠯᠵᠢᠭᠦᠯᠵᠦ᠍ ᠤᠷᠤᠯᠭ᠎ᠠ᠎ᠪᠠᠨ ᠨᠡᠮᠡᠭ᠌ᠳᠡᠭᠦᠯᠪᠡ᠃ ᠡᠭᠦᠨ᠎ᠳᠤ 5 ᠶᠠᠳᠠᠭᠤ ᠬᠦᠴᠢᠷᠳᠡᠯᠳᠡᠢ ᠡᠷᠦᠬᠡ ᠪᠠᠭ᠍ᠳᠠᠵᠤ ᠪᠤᠢ᠃

ᠡᠨᠡ ᠲᠤᠬᠠᠢ ᠬᠤᠸᠠ ᠲᠠᠩ ᠭᠸᠤ ᠲᠤᠰᠭᠤᠨ᠎ᠤ ᠶᠠᠳᠠᠭᠤ᠎ᠠᠴᠠ ᠠᠩᠭᠢᠵᠢᠷᠠᠭ᠍ᠰᠠᠨ ᠡᠷᠦᠬᠡ ᠱᠸᠡᠭ᠎ᠶ᠋ᠢᠨ ᠱᠠᠨ ᠶᠠᠷᠢᠬᠤ᠎ᠳᠠᠭᠠᠨ᠄ 《ᠮᠠᠨ᠎ᠤ᠎ᠬᠢᠨ 12 ᠮᠦ᠍ ᠭᠠᠵᠠᠷ᠎ᠢᠶᠠᠨ ᠮᠦ᠍ ᠪᠦᠷᠢ᠎ᠶ᠋ᠢ 320 ᠲᠦᠭᠦᠷᠢᠭ᠎ᠤᠨ ᠦᠨ᠎ᠡ᠎ᠪᠠᠷ ᠱᠢᠯᠵᠢᠭᠦᠯᠦᠨ ᠲᠦᠷᠢᠶᠡᠰᠤᠯᠡᠵᠡᠢ᠂ ᠡᠨᠡ᠎ᠨᠢ ᠦᠡᠭ᠌ᠭᠡᠷᠡᠭ᠌ᠰᠡᠨ᠎ᠳᠤ ᠪᠤᠯ ᠪᠠᠢᠵᠤ ᠪᠤᠯᠤᠰᠢ ᠦᠭᠡᠢ ᠬᠠᠨᠭ᠌ᠰᠢ ᠱᠢᠤ》 ᠭᠡᠵᠦ᠍ ᠡᠷᠭᠢᠴᠡᠭᠦᠯᠦᠨ᠎ᠡ᠃ ᠬᠤᠸᠠ ᠲᠠᠩ ᠭᠸᠤ ᠲᠤᠰᠭᠤᠨ᠎ᠤ ᠲᠠᠷᠢᠶᠠᠴᠢᠳ ᠭᠠᠵᠠᠷ ᠱᠢᠷᠤᠢ᠎ᠪᠠᠨ ᠡᠷᠭᠢᠯᠳᠦᠭᠦᠯᠵᠦ᠍ ᠨᠢᠭᠡ ᠪᠦᠯᠦᠭ ᠤᠷᠤᠯᠭ᠎ᠠ ᠤᠯᠤᠭ᠍ᠰᠠᠨ᠎ᠢᠶᠠᠷ ᠪᠠᠷᠠᠬᠤ ᠦᠭᠡᠢ ᠪᠠᠰᠠ ᠬᠡᠪᠴᠢᠶᠡᠵᠢᠭᠦᠯᠦᠨ ᠡᠵᠡᠩᠨᠡᠭ᠌ᠰᠡᠨ ᠢᠳᠡᠱᠢᠨ ᠨᠤᠭᠤᠭ᠎ᠠ᠎ᠶ᠋ᠢᠨ ᠭᠠᠵᠠᠷ᠎ᠲᠤ ᠬᠦᠯᠦᠰᠦᠨ ᠠᠵᠢᠯ ᠬᠢᠵᠦ᠍ ᠤᠷᠤᠯᠭ᠎ᠠ᠎ᠪᠠᠨ ᠲᠠᠪᠬᠤᠷ ᠨᠡᠮᠡᠭ᠌ᠳᠡᠭᠦᠯᠦᠭ᠌ᠰᠡᠨ ᠪᠠᠢᠨ᠎ᠠ᠃ 《ᠡᠨᠡ ᠵᠢᠯ᠎ᠤᠨ ᠪᠠᠢᠳᠠᠯ᠎ᠢᠶᠠᠷ ᠪᠤᠯ ᠡᠲᠦᠷ ᠪᠦᠷᠢ 170 ᠲᠦᠭᠦᠷᠢᠭ᠎ᠤᠨ ᠦᠨ᠎ᠡ᠎ᠪᠠᠷ ᠠᠵᠢᠯᠯᠠᠵᠤ᠂ ᠵᠤᠨ᠎ᠠᠴᠠ ᠨᠠᠭᠠᠰᠢ ᠪᠢ ᠲᠦᠮᠡ ᠭᠠᠷᠤᠢ ᠲᠦᠭᠦᠷᠢᠭ ᠤᠯᠴᠢᠬᠠᠯ᠎ᠠ》 ᠭᠡᠵᠦ᠍ ᠲᠤᠰᠭᠤᠨ᠎ᠤ ᠲᠠᠷᠢᠶᠠᠴᠢᠨ ᠵᠠᠩ ᠭᠤᠸᠠᠢ ᠪᠠᠶᠠᠷᠯᠠᠨ ᠶᠠᠷᠢᠨ᠎ᠠ᠃

ᠶᠠᠳᠠᠭᠤ᠎ᠠᠴᠠ ᠠᠩᠭᠢᠵᠢᠷᠠᠭ᠍ᠰᠠᠨ ᠡᠷᠦᠬᠡ ᠭᠦᠸᠧ ᠰᠤ᠌ ᠯᠠᠨ ᠨᠠᠰᠤᠳᠠᠨ ᠴᠤ᠌ ᠢᠳᠡᠱᠢᠨ ᠨᠤᠭᠤᠭ᠎ᠠ᠎ᠶ᠋ᠢᠨ ᠭᠠᠵᠠᠷ᠎ᠲᠤ ᠬᠤᠶᠠᠷ ᠰᠠᠷ᠎ᠠ ᠭᠠᠷᠤᠢ ᠰᠤᠯᠠ ᠠᠵᠢᠯ ᠬᠢᠭᠡᠳ 7000 ᠭᠠᠷᠤᠢ ᠲᠦᠭᠦᠷᠢᠭ ᠤᠯᠤᠭ᠍ᠰᠠᠨ᠎ᠳᠠᠭᠠᠨ ᠮᠠᠰᠢ ᠪᠠᠶᠠᠷᠯᠠᠵᠤ ᠪᠠᠢᠯ᠎ᠠ᠃ ᠭᠦᠸᠧ ᠨᠠᠰᠤᠳᠠᠨ᠄ 《ᠮᠠᠨ᠎ᠤ ᠡᠨᠡ ᠨᠠᠰᠤ ᠪᠡᠶ᠎ᠡ᠎ᠪᠠᠷ ᠭᠡᠷ᠎ᠲᠡᠭᠡᠨ ᠲᠠᠷᠢᠶᠠᠨ ᠠᠵᠢᠯ ᠬᠢᠬᠦ᠌ ᠪᠠᠢᠳᠤᠭᠠᠢ ᠭᠠᠳᠠᠨ᠎ᠠ ᠭᠠᠷᠴᠤ᠌ ᠬᠦᠴᠤ᠌ ᠶᠠᠪᠤᠨ᠎ᠠ ᠭᠡᠳᠡᠭ ᠴᠢᠨᠢ ᠤᠳᠤ ᠨᠢᠭᠡᠨᠳᠡ ᠪᠤᠯᠤᠰᠢ ᠦᠭᠡᠢ ᠬᠡᠷᠡᠭ ᠪᠤᠯᠵᠠᠢ᠂ ᠬᠠᠷᠢᠨ ᠠᠵᠠ᠎ᠪᠠᠷ ᠢᠳᠡᠱᠢᠨ ᠨᠤᠭᠤᠭ᠎ᠠ᠎ᠶ᠋ᠢᠨ ᠰᠠᠭᠤᠷᠢᠨ᠎ᠲᠠᠢ ᠪᠤᠯᠤᠭ᠍ᠰᠠᠨ᠎ᠢᠶᠠᠷ ᠬᠢᠯᠪᠡᠷ ᠬᠦᠡᠭ᠌ᠭᠡᠨ ᠠᠵᠢᠯ ᠤᠯᠳᠠᠵᠤ ᠲᠠᠪᠠᠭᠤ ᠴᠤ᠌ ᠪᠤᠯᠤᠯ᠎ᠠ ᠱᠢᠤ》 ᠭᠡᠵᠦ᠍ ᠰᠤᠷᠪᠤᠯᠵᠢᠯᠠᠭ᠍ᠴᠢ᠎ᠳᠤ ᠶᠠᠷᠢᠵᠤ ᠪᠢᠯᠡ᠃

ᠬᠤᠸᠠ ᠲᠠᠩ ᠭᠸᠤ ᠲᠤᠰᠭᠤᠨ᠎ᠳᠤ ᠰᠠᠭᠤᠭ᠎ᠠ ᠨᠢᠭᠡᠳᠤᠭᠡᠷ ᠱᠦᠵᠢ ᠾᠸᠤ ᠵᠢᠶᠠᠨ ᠵᠢᠶᠦ᠋ᠨ᠎ᠤ ᠦᠵᠡᠭᠦ᠎ᠪᠠᠷ᠂ ᠡᠨᠡ ᠬᠦ᠌ 260 ᠮᠦ᠍ ᠢᠳᠡᠱᠢᠨ ᠨᠤᠭᠤᠭ᠎ᠠ᠎ᠶ᠋ᠢᠨ ᠰᠠᠭᠤᠷᠢᠨ᠎ᠢ ᠡᠵᠡᠩᠨᠡᠭ᠌ᠰᠡᠨ᠎ᠨᠢ 《ᠨᠢᠭᠡᠯᠡ ᠲᠡᠭᠡᠷ᠎ᠡ ᠭᠤᠷᠪᠠᠨ ᠠᠱᠢᠭ ᠡᠭᠦᠳᠦᠯ᠎ᠡ》 ᠭᠡᠵᠤ ᠬᠡᠯᠡᠵᠦ᠍ ᠪᠤᠯᠤᠨ᠎ᠠ ᠭᠡᠨ᠎ᠡ᠃ ᠲᠤᠬᠠᠢᠯᠠᠪᠠᠯ᠂ ᠨᠢᠭᠡ᠎ᠳᠤ ᠲᠠᠷᠢᠶᠠᠴᠢᠳ᠎ᠤᠨ ᠭᠠᠷ᠎ᠲᠠᠬᠢ ᠲᠠᠷᠠᠬᠠᠢ ᠪᠤᠳᠠᠷᠬᠠᠢ ᠪᠠᠭ᠎ᠠ ᠬᠡᠪᠴᠢᠶᠡᠨ᠎ᠤ ᠲᠠᠷᠢᠶᠠᠨ ᠭᠠᠵᠠᠷ᠎ᠢ ᠦᠨᠳᠦᠷ ᠦᠨ᠎ᠡ᠎ᠪᠠᠷ ᠱᠢᠯᠵᠢᠭᠦᠯᠵᠦ᠍ ᠲᠠᠷᠢᠶᠠᠴᠢᠳ᠎ᠤᠨ ᠤᠷᠤᠯᠭ᠎ᠠ᠎ᠶ᠋ᠢ ᠨᠡᠮᠡᠭ᠌ᠳᠡᠭᠦᠯᠵᠠᠢ᠂ ᠬᠤᠶᠠᠷ᠎ᠲᠤ ᠲᠤᠰᠭᠤᠨ᠎ᠤ ᠠᠮᠢᠳᠤᠷᠠᠯ᠎ᠨᠢ ᠬᠦᠴᠢᠷᠳᠡᠯᠳᠡᠢ ᠪᠤᠶᠤ ᠨᠠᠰᠤ ᠠᠬᠢᠭ᠍ᠰᠠᠨ ᠬᠦᠮᠦᠰ ᠵᠢᠵᠢᠭ ᠰᠠᠵᠢᠭ ᠠᠵᠢᠯ ᠬᠢᠵᠦ᠍ ᠲᠤᠰᠠᠯᠠᠬᠤ ᠤᠷᠤᠯᠭ᠎ᠠ᠎ᠲᠠᠢ ᠪᠤᠯᠵᠠᠢ᠂ ᠭᠤᠷᠪᠠ᠎ᠳᠤ᠂ ᠬᠡᠪᠴᠢᠶᠡᠵᠢᠭᠦᠯᠦᠨ ᠡᠵᠡᠩᠨᠡᠭ᠌ᠰᠡᠨ᠎ᠠᠴᠠ ᠲᠠᠪᠱᠢᠭ᠍ᠰᠠᠨ ᠮᠡᠷᠭᠡᠵᠢᠯ᠎ᠢ ᠤᠷᠤᠭᠤᠯᠤᠨ ᠠᠪᠴᠢᠷᠠᠵᠤ᠂ ᠡᠨᠡ᠎ᠨᠢ ᠶᠠᠪᠤᠭᠠᠨ᠎ᠳᠠᠭᠠᠨ ᠲᠤᠬᠠᠢ᠎ᠶ᠋ᠢᠨ ᠭᠠᠵᠠᠷ ᠤᠷᠤᠨ᠎ᠤ ᠲᠠᠷᠢᠮᠠᠯ᠎ᠤᠨ ᠮᠡᠷᠭᠡᠵᠢᠯ᠎ᠤᠨ ᠲᠦᠭᠡᠮᠡᠯᠵᠢᠯ᠎ᠢ ᠠᠬᠢᠭᠤᠯᠤᠨ᠎ᠠ᠃

ᠬᠦᠮᠦᠨ ᠪᠤᠯᠭᠠᠨ ᠦᠭᠡᠳᠡᠯᠡᠨ ᠲᠡᠭ᠌ᠵᠢᠷᠡᠬᠦ᠌᠎ᠪᠠᠷ ᠮᠡᠷᠡᠢᠵᠤ ᠪᠤᠢ ᠡᠨᠡᠭᠡᠨ ᠮᠦᠴᠠ᠎ᠳᠤ ᠡᠨᠡ ᠮᠡᠳᠤ ᠬᠦᠭ᠌ᠵᠢᠯ ᠲᠡᠪᠱᠢᠯ᠎ᠳᠤ ᠬᠦᠰᠡᠯ ᠵᠢᠭᠦᠷᠯᠡᠭ᠌ᠰᠡᠨ ᠱᠢᠨ᠎ᠡ ᠠᠷᠭ᠎ᠠ ᠪᠤᠳᠤᠯᠭ᠎ᠠ ᠵᠠᠮ ᠵᠠᠭ᠍ᠪᠤᠷ ᠦᠨᠡᠭᠡᠷ ᠴᠤ᠌ ᠪᠠᠶᠠᠵᠢᠯ ᠴᠢᠨᠡᠭᠡᠯᠢᠭ᠌ᠵᠢᠯ᠎ᠤᠨ ᠬᠦᠴᠤᠳᠤ ᠤᠷᠠᠢ ᠪᠤᠯᠤᠨ ᠴᠤᠤᠷᠢᠶᠠᠯᠠᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号