ᠠᠮᠠᠷᠠᠯᠳᠠ᠎ᠳᠤ ᠠᠵᠢᠯ᠎ᠤᠨ ᠪᠠᠢᠷᠢ᠎ᠪᠠᠨ ᠪᠠᠳᠤ ᠰᠠᠬᠢᠨ᠎ᠠ
2020-10-06 16:13:30
ᠵᠣᠬᠢᠶᠠᠭ᠍ᠴᠢ᠄
ᠪᠣᠣ ᠦᠷᠭᠡᠨ
ᠣᠩᠱᠢᠭ᠍ᠰᠠᠨ ᠣᠳᠠᠭ᠎ᠠ᠄
★★★☆☆

ᠲᠤᠬᠠᠢᠯᠠᠬ᠍ᠰᠠᠨ ᠠᠵᠢᠯ᠎ᠤᠨ᠎ᠢᠶᠠᠨ ᠡᠬᠦᠷᠭᠡ ᠬᠠᠷᠢᠭᠤᠴᠠᠯᠭ᠎ᠠ᠎ᠶ᠋ᠢ ᠪᠡᠶᠡᠯᠡᠭᠦᠯᠭᠦ᠎ᠪᠠᠷ ᠬᠤᠢᠰᠢ ᠤᠬᠤᠷᠢᠯ ᠥᠬᠡᠢ ᠭᠠᠪᠱᠢᠭᠠᠢᠯᠠᠨ ᠶᠠᠪᠤᠭ᠎ᠠ ᠬᠦᠮᠦᠰ᠎ᠲᠤ ᠪᠢᠳᠠ ᠪᠢᠱᠢᠷᠠᠯ ᠬᠥᠨᠳᠤᠳᠭᠡᠯ ᠲᠠᠪᠱᠢᠬᠦᠯᠬᠦ᠌ ᠤᠴᠢᠷᠳᠠᠢ᠃ ᠬᠥᠬᠡᠬᠤᠳᠠ᠎ᠶ᠋ᠢᠨ ᠬᠠᠢᠯᠠᠷ ᠪᠠᠷᠠᠭᠤᠨ ᠵᠠᠮ᠎ᠤᠨ ᠲᠣᠮᠢᠯᠠᠭ᠍ᠰᠠᠨ ᠰᠠᠯᠪᠤᠷᠢ᠎ᠶ᠋ᠢᠨ ᠹᠥ᠋ ᠵᠢᠶᠠᠨ ᠨᠡᠢᠭᠡᠮ ᠲᠣᠭᠤᠷᠢᠭ᠎ᠤᠨ ᠬᠠᠷᠢᠶᠠᠲᠤ ᠣᠷᠣᠨ᠎ᠤ ᠬᠠᠮᠢᠶᠠᠷᠤᠯᠳᠠ᠎ᠶ᠋ᠢᠨ ᠠᠷᠠᠳ᠎ᠤᠨ ᠴᠠᠭ᠍ᠳᠠᠭ᠎ᠠ ᠪᠤᠤ ᠮᠢᠩ ᠪᠤᠯ ᠠᠷᠠᠳ ᠤᠯᠠᠨ᠎ᠤ᠎ᠪᠠᠨ ᠠᠮᠤᠷ ᠲᠥᠪᠱᠢᠨ᠎ᠢ ᠬᠠᠮᠠᠭᠠᠯᠠᠬᠤ᠎ᠶ᠋ᠢᠨ ᠲᠦᠯᠦᠭᠡ ᠴᠤᠴᠠᠯᠳᠠ ᠥᠬᠡᠢ ᠵᠢᠳᠬᠦᠨ ᠪᠤᠴᠠᠯᠳᠠ ᠥᠬᠡᠢ ᠴᠢᠷᠮᠠᠢᠵᠥ᠍ ᠶᠠᠪᠤᠭ᠎ᠠ ᠲᠡᠳᠡᠭᠡᠷ ᠬᠦᠨᠳᠤᠳᠭᠡᠯ᠎ᠲᠠᠢ ᠬᠦᠮᠦᠰ᠎ᠤᠨ ᠨᠢᠭᠡᠨ ᠪᠢᠯᠡ᠃

ᠠᠮᠠᠷᠠᠯᠳᠠ᠎ᠶ᠋ᠢᠨ ᠬᠤᠭᠤᠴᠠᠭᠠᠨ᠎ᠤ ᠠᠷᠠᠳ ᠤᠯᠠᠨ᠎ᠤ ᠠᠮᠤᠷ ᠲᠥᠪᠱᠢᠨ᠎ᠢ ᠬᠠᠮᠠᠭᠠᠯᠠᠬᠤ ᠪᠤᠯ ᠠᠷᠠᠳ᠎ᠤᠨ ᠴᠠᠬ᠍ᠳᠠᠭ᠎ᠠ᠎ᠶ᠋ᠢᠨ ᠲᠠᠷᠬᠠᠨ ᠡᠬᠦᠷᠬᠡ ᠬᠠᠷᠢᠭᠤᠴᠠᠯᠭ᠎ᠠ ᠪᠤᠯᠬᠤ ᠶᠤᠮ᠃ ᠲᠥᠷᠥᠬᠦᠬᠡᠨ᠂ ᠪᠤᠤ ᠮᠢᠩ᠎ᠤᠨ ᠪᠠᠢᠭᠤᠯᠭ᠎ᠠ᠎ᠠᠴᠠ᠎ᠨᠢ ᠠᠮᠠᠷᠠᠯᠳᠠ᠎ᠶ᠋ᠢᠨ ᠡᠳᠤᠷ ᠠᠯᠪᠠᠨ ᠶᠤᠰᠤᠭᠠᠷ ᠵᠢᠵᠢᠬᠦᠷᠯᠡᠬᠦ᠌ ᠡᠬᠦᠷᠭᠡ ᠪᠠᠭᠤᠯᠭᠠᠬᠤ᠎ᠳᠤ᠂ ᠲᠡᠷᠡ ᠤᠳᠠᠭᠠᠨ ᠵᠢᠯ ᠴᠠᠬ᠍ᠳᠠᠭ᠎ᠠ᠎ᠶ᠋ᠢᠨ ᠠᠵᠢᠯ᠎ᠳᠤ ᠱᠢᠭᠤᠷᠬᠠᠢᠯᠠᠨ ᠠᠵᠢᠯᠯᠠᠬ᠍ᠰᠠᠨ ᠲᠤᠷᠱᠢᠯᠭ᠎ᠠ᠎ᠪᠠᠷ᠎ᠢᠶᠠᠨ ᠬᠠᠷᠢᠭᠤᠴᠠᠯᠭ᠎ᠠ᠎ᠶ᠋ᠢ ᠰᠠᠢᠨ ᠲᠤᠷ᠎ᠠ᠎ᠠᠴᠠ᠎ᠪᠠᠨ ᠡᠬᠦᠷᠭᠡᠯᠡᠵᠥ᠍ ᠪᠢᠯᠠ᠃ 《ᠠᠮᠠᠷᠠᠯᠳᠠ᠎ᠳᠤ ᠠᠭᠤᠳᠠᠮ ᠲᠠᠯᠠᠪᠠᠢ ᠪᠤᠶᠤ ᠵᠤᠭ᠎ᠠ ᠴᠠᠩᠭᠡᠯ᠎ᠤᠨ ᠭᠠᠵᠠᠷ ᠬᠥᠮᠥᠨ ᠤᠯᠠᠨ ᠴᠤᠬ᠍ᠯᠠᠷᠠᠬᠤ ᠪᠤᠯᠬᠤᠷ ᠤᠯᠠᠨ ᠲᠥᠮᠡᠨ᠎ᠤ ᠠᠮᠤᠷ ᠲᠥᠪᠱᠢᠨ᠎ᠢ ᠬᠠᠮᠠᠭᠠᠯᠠᠬᠤ ᠠᠵᠢᠯ ᠲᠤᠩ ᠴᠢᠬᠤᠯᠠ᠃ ᠠᠮᠠᠷᠠᠯᠳᠠ᠎ᠳᠤ ᠠᠵᠢᠯ᠎ᠤᠨ ᠪᠠᠢᠷᠢ᠎ᠪᠠᠨ ᠪᠠᠳᠤ ᠰᠠᠬᠢᠬᠤ ᠪᠤᠯᠤᠬ᠍ᠰᠠᠨ᠎ᠳᠠᠭᠠᠨ ᠲᠤᠩ ᠪᠠᠶᠠᠷᠳᠠᠢ ᠪᠠᠢᠨ᠎ᠠ᠃ ᠤᠴᠢᠷ᠎ᠨᠢ ᠠᠮᠠᠷᠠᠯᠳᠠ᠎ᠳᠤ ᠨᠠᠭᠠᠰᠢ ᠴᠠᠭᠠᠰᠢ ᠶᠠᠪᠤᠬᠤ ᠬᠥᠮᠥᠨ ᠤᠯᠠᠨ᠂ ᠵᠠᠮ ᠬᠠᠷᠢᠯᠴᠠᠭ᠎ᠠ ᠪᠠ ᠠᠮᠢ ᠨᠠᠰᠤᠨ᠎ᠤ ᠠᠮᠤᠷ ᠲᠥᠪᠱᠢᠨ᠎ᠢ ᠰᠠᠢᠳᠤᠷ ᠬᠠᠮᠠᠭᠠᠯᠠᠬᠤ᠎ᠨᠢ ᠤᠮᠳᠤᠭᠠᠢᠯᠠᠵᠥ᠍ ᠪᠤᠯᠤᠰᠢ ᠥᠬᠡᠢ ᠬᠠᠷᠢᠭᠤᠴᠠᠯᠭ᠎ᠠ ᠪᠤᠯᠤᠨ᠎ᠠ᠃ ᠠᠮᠠᠷᠠᠯᠳᠠ᠎ᠶ᠋ᠢᠨ ᠲᠠᠷᠠᠭ᠎ᠠ ᠠᠵᠢᠯ᠎ᠤᠨ ᠴᠢᠯᠥᠭᠡ ᠵᠠᠪ᠎ᠢᠶᠠᠷ᠎ᠢᠶᠠᠨ ᠨᠠᠰᠤᠳᠠᠢ ᠡᠵᠢ᠎ᠪᠠᠨ ᠡᠷᠬᠢᠵᠦ᠍ ᠦᠵᠡᠭᠦ᠎ᠪᠠᠷ ᠤᠴᠢᠨ᠎ᠠ》 ᠬᠡᠵᠥ᠍ ᠲᠡᠷᠡ ᠪᠤᠳᠤᠯ᠎ᠢᠶᠠᠨ ᠲᠡᠯᠭᠡᠨ᠎ᠠ᠃

ᠠᠷᠠᠳ᠎ᠤᠨ ᠴᠠᠭ᠍ᠳᠠᠭ᠎ᠠ᠎ᠶ᠋ᠢᠨ ᠠᠵᠢᠯ᠎ᠤᠨ ᠪᠠᠢᠷᠢᠨ᠎ᠳᠤ 30 ᠵᠢᠯ ᠭᠠᠪᠱᠢᠭᠠᠢᠯᠠᠵᠦ᠍ ᠶᠠᠪᠤᠬᠤ᠎ᠳᠠᠭᠠᠨ ᠪᠤᠤ ᠮᠢᠩ ᠢᠮᠠᠭ᠍ᠲᠠ ᠲᠠᠷᠤᠤ ᠬᠢᠴᠢᠶᠡᠩᠭᠦᠶ ᠪᠠᠢᠵᠤ᠂ ᠠᠵᠢᠯ᠎ᠤᠨ ᠪᠠᠢᠷᠢ ᠳᠡᠭᠡᠷ᠎ᠡ᠎ᠪᠠᠨ ᠠᠮᠢᠳᠤᠷᠠᠯ᠎ᠤᠨ ᠦᠨ᠎ᠡ ᠥᠷᠲᠡᠭ᠎ᠢᠶᠠᠨ ᠢᠯᠡᠷᠡᠭᠦᠯᠥᠭ᠌ᠰᠡᠭᠡᠷ ᠶᠤᠮ᠃ ᠲᠡᠷᠡ 2003 ᠤᠨ᠎ᠤ ᠰᠠᠷᠰ᠎ᠤᠨ ᠬᠢᠵᠢᠭ᠂ 2008 ᠤᠨ᠎ᠤ ᠸᠧᠨᠴᠤᠸᠠᠨ᠎ᠤ ᠶᠡᠭᠡ ᠭᠠᠵᠠᠷ ᠬᠥᠳᠡᠯᠦᠯᠲᠡ᠎ᠶ᠋ᠢᠨ ᠲᠤᠰᠠᠯᠠᠮᠵᠢ᠎ᠶ᠋ᠢᠨ ᠠᠵᠢᠯᠯᠠᠭ᠎ᠠ᠎ᠳᠤ ᠢᠳᠡᠪᠬᠢᠯᠡᠨ ᠣᠷᠣᠯᠴᠠᠵᠤ᠂ ᠡᠬᠦᠷᠭᠡ ᠬᠠᠷᠢᠭᠤᠴᠠᠯᠭ᠎ᠠ᠎ᠪᠠᠨ ᠬᠢᠯᠠᠯᠵᠠᠳᠠᠯ᠎ᠠ ᠪᠡᠶᠡᠯᠡᠬᠦᠯᠪᠠ᠃ ᠲᠡᠷᠡ ᠪᠠᠴᠢᠮ ᠭᠡᠷᠡᠭ᠌ᠴᠡᠭᠡ᠎ᠲᠠᠢ ᠥᠶᠡᠰ ᠪᠠᠶᠠᠯᠢᠭ ᠲᠤᠷᠱᠢᠯᠭ᠎ᠠ ᠬᠤᠷᠠᠮᠳᠤᠭᠤᠯᠤᠬ᠍ᠰᠠᠨ ᠠᠬᠠᠮᠠᠳ ᠴᠠᠭ᠍ᠳᠠᠭ᠎ᠠ᠎ᠶ᠋ᠢᠨ ᠬᠤᠪᠢ᠎ᠪᠠᠷ ᠵᠠᠯᠠᠭᠤ ᠠᠵᠢᠯ ᠨᠢᠬᠡᠳᠠᠳ᠎ᠲᠡᠭᠡᠨ ᠲᠠᠭᠤᠷᠢᠶᠠᠯ ᠪᠤᠯᠵᠦ᠍ ᠶᠠᠪᠤᠪᠠ᠃ ᠢᠯᠠᠩᠭᠤᠶ᠎ᠠ ᠱᠢᠨ᠎ᠠ ᠲᠢᠳᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ᠌ ᠦᠶ᠎ᠠ᠎ᠳᠤ ᠲᠡᠷᠡ ᠡᠳᠦᠷᠵᠢᠨ ᠰᠦᠨᠢᠵᠢᠨ ᠡᠷᠡᠯᠬᠡᠭ᠌ᠯᠡᠨ ᠪᠠᠢᠯᠳᠤᠵᠤ᠂ ᠭᠡᠷ᠎ᠲᠡᠭᠡᠨ ᠲᠤᠭᠠᠳᠠᠢ ᠭᠡᠲᠦᠭᠡᠨ ᠤᠳᠠᠭ᠎ᠠ ᠬᠠᠷᠢᠵᠥ᠍᠂ ᠪᠠᠳᠤ ᠰᠠᠬᠢᠭᠤᠯ᠎ᠤᠨ ᠬᠠᠷᠢᠭᠤᠴᠠᠯᠭ᠎ᠠ᠎ᠪᠠᠨ ᠠᠮᠠᠯᠠᠯᠳᠠ ᠶᠤᠰᠤᠭᠠᠷ᠎ᠢᠶᠠᠨ ᠪᠡᠶᠡᠯᠡᠬᠦᠯᠵᠥ᠍ ᠶᠠᠪᠤᠬ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号