ᠪᠠᠲᠤᠴᠠᠭᠠᠨ᠎ᠢᠶᠠᠷ ᠪᠠᠶᠠᠰᠤᠯᠴᠠᠬ᠍ᠰᠠᠨ ᠪᠠᠶᠠᠷ᠎ᠤᠨ ᠡᠳᠥᠷ
2020-10-08 17:31:07
ᠵᠣᠬᠢᠶᠠᠭ᠍ᠴᠢ᠄
ᠪᠣᠣ ᠴᠢᠩ ᠱᠧᠩ
ᠣᠩᠱᠢᠭ᠍ᠰᠠᠨ ᠣᠳᠠᠭ᠎ᠠ᠄
★★★☆☆

10 ᠰᠠᠷ᠎ᠠ᠎ᠶ᠋ᠢᠨ 7 ᠎ᠤ ᠡᠳᠦᠷ᠂ 2020 ᠣᠨ᠎ᠤ ᠳᠠᠪᠤᠳᠤᠭᠠᠷ ᠬᠤᠭᠤᠴᠠᠭᠠᠨ᠎ᠤ ᠲᠤᠮᠳᠠᠳᠤ ᠤᠯᠤᠰ · ᠤᠳᠠᠨᠲᠠᠯ᠎ᠠ᠎ᠶ᠋ᠢᠨ ᠪᠠᠲᠤᠴᠠᠭᠠᠨ᠎ᠤ ᠨᠠᠪᠴᠢᠨ ᠨᠠᠢᠷ ᠨᠢᠵᠢᠬᠢᠷ ᠰᠠᠢᠬᠠᠨ ᠡᠬᠢᠯᠡᠯ᠎ᠡ᠃ ᠨᠠᠪᠴᠢ ᠱᠢᠷᠭᠠᠯᠳᠤᠬ᠍ᠰᠠᠨ ᠨᠠᠮᠤᠷ᠎ᠤᠨ ᠬᠥᠨ᠎ᠳᠤ᠂ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠤᠳᠠᠨᠳᠠᠯ᠎ᠠ᠎ᠶ᠋ᠢᠨ ᠪᠠᠳᠤᠴᠠᠭᠠᠨ᠎ᠤ ᠤᠢ ᠱᠢᠭᠤᠢ᠎ᠶ᠋ᠢᠨ ᠴᠡᠴᠡᠷᠯᠢᠭ ᠬᠠᠷᠢᠨ ᠤᠯᠠᠭᠠᠨ ᠥᠩᠭᠡ᠎ᠪᠠᠷ ᠥᠪᠴᠢ ᠴᠢᠮᠡᠭ᠌ᠯᠡᠭ᠌ᠳᠡᠵᠤ᠂ ᠳᠥᠷᠪᠡᠨ ᠵᠥᠭ ᠨᠠᠢ᠍ᠮᠠᠨ ᠵᠤᠪᠬᠢᠰ᠎ᠠᠴᠠ ᠢᠷᠡᠭ᠌ᠰᠠᠨ ᠵᠤᠴᠢᠳ᠎ᠢᠶᠠᠨ ᠬᠠᠯᠠᠭᠤᠨ᠎ᠢᠶᠠᠷ ᠤᠬ᠍ᠳᠤᠨ᠎ᠠ᠃ ᠬᠥᠮᠥᠰ ᠳᠠᠪᠤ ᠭᠤᠷᠪᠠ᠎ᠪᠠᠷ ᠬᠡᠯᠬᠢᠶᠡᠯᠳᠤᠨ ᠤᠢ᠎ᠶ᠋ᠢᠨ ᠳᠤᠮᠳᠠᠭᠤᠷ ᠵᠢᠭᠤᠯᠴᠢᠯᠠᠵᠤ᠂ ᠤᠩᠭᠤᠨ ᠪᠠᠢᠭᠠᠯᠢ᠎ᠶ᠋ᠢᠨ ᠥᠩᠬᠡ ᠥᠵᠡᠮᠵᠢ᠎ᠳᠤ ᠰᠤᠬ᠍ᠳᠤᠭᠤᠷᠠᠨ ᠪᠠᠶᠠᠷ᠎ᠤᠨ ᠡᠳᠥᠷ᠎ᠤᠨ ᠬᠠᠪᠤ ᠴᠡᠩᠬᠡᠯ᠎ᠢ ᠡᠳ᠋ᠯᠡᠵᠥ᠍ ᠪᠠᠢᠯ᠎ᠠ᠃

ᠤᠳᠠᠨᠲᠠᠯ᠎ᠠ᠎ᠶ᠋ᠢᠨ ᠪᠠᠲᠤᠴᠠᠭᠠᠨ᠎ᠤ ᠤᠢ ᠱᠢᠭᠤᠢ᠎ᠶ᠋ᠢᠨ ᠴᠡᠴᠡᠷᠯᠢᠭ᠎ᠨᠢ ᠲᠥᠩᠯᠢᠶᠤᠤ ᠬᠤᠲᠠ᠎ᠶ᠋ᠢᠨ ᠬᠤᠷᠴᠢᠨ ᠵᠡᠭᠦᠨ ᠭᠠᠷᠤᠨ ᠬᠤᠢᠲᠤ ᠬᠤᠱᠢᠭᠤᠨ᠎ᠤ ᠵᠠᠰᠠᠭ᠎ᠤᠨ ᠣᠷᠳᠣᠨ᠎ᠤ ᠪᠠᠢᠭ᠎ᠠ ᠭᠠᠨᠵᠤᠭ᠎ᠠ ᠪᠠᠯᠭᠠᠰᠤ᠎ᠠᠴᠠ ᠵᠡᠭᠦᠨᠰᠢ 55 ᠺᠢᠯᠣᠮᠧᠲᠷ᠎ᠤᠨ ᠵᠠᠢ᠎ᠳᠤ᠂ ᠭᠠᠨᠵᠤᠭ᠎ᠠ᠎ᠠᠴᠠ᠎ᠶ᠋ᠢᠨ ᠪᠤᠤ ᠲᠥᠨ ᠬᠥᠷᠬᠦ᠌ ᠱᠤᠭᠤᠮ᠎ᠤᠨ 305 ᠮᠤᠵᠢ᠎ᠶ᠋ᠢᠨ ᠵᠠᠮ᠎ᠠᠴᠠ ᠡᠮᠦᠨᠡᠰᠢ 11 ᠺᠢᠯᠣᠮᠧᠲᠷ᠎ᠤᠨ ᠬᠤᠷᠴᠢᠨ ᠡᠯᠡᠰᠦᠨ᠎ᠤ ᠥᠷᠥᠴᠡᠨ᠎ᠳᠤ᠂ ᠭᠠᠨᠵᠤᠭ᠎ᠠ᠂ ᠵᠢᠷᠭᠠᠯᠠᠩ ᠪᠣᠯᠤᠨ ᠴᠠᠩ ᠱᠧᠩ ᠭᠤᠷᠪᠠᠨ ᠪᠠᠯᠭᠠᠰᠤᠨ᠎ᠤ ᠠᠭᠤᠯᠵᠠᠷ᠎ᠲᠤ ᠪᠠᠢᠷᠢᠯᠠᠵᠤ᠂ ᠶᠡᠷᠦᠩᠬᠡᠶ ᠲᠠᠯᠠᠪᠠᠶ᠎ᠨᠢ 35 ᠲᠦᠮᠡᠨ ᠮᠥ᠍ ᠪᠠᠢᠵᠤ᠂ ᠡᠭᠦᠨ᠎ᠳᠤ ᠭᠤᠤᠯ ᠣᠷᠣᠨ᠎ᠨᠢ 10 ᠲᠥᠮᠡ 5300 ᠮᠥ᠍ ᠪᠠᠢᠳᠠᠬ᠃


11.JPG


2020 ᠤᠨ᠎ᠤ ᠳᠠᠪᠤᠳᠤᠭᠠᠷ ᠬᠤᠭᠤᠴᠠᠭᠠᠨ᠎ᠤ ᠤᠳᠠᠨᠳᠠᠯ᠎ᠠ᠎ᠶ᠋ᠢᠨ ᠪᠠᠳᠤᠴᠠᠭᠠᠨ᠎ᠤ ᠨᠠᠪᠴᠢᠨ ᠨᠠᠢᠷ᠎ᠨᠢ 《ᠵᠢᠭᠤᠯᠴᠢᠯᠠᠯ +》 ᠎ᠶ᠋ᠢᠨ ᠬᠥᠭ᠌ᠵᠢᠯᠲᠠ᠎ᠶ᠋ᠢᠨ ᠪᠠᠢᠯᠳᠤᠬᠤ ᠪᠤᠳᠤᠯᠭ᠎ᠠ᠎ᠶ᠋ᠢ ᠬᠡᠷᠡᠭ᠌ᠵᠢᠭᠦᠯᠥᠨ᠂ 《ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠬ᠍ᠰᠠᠨ ᠪᠤᠬᠢᠷᠳᠤᠯ ᠥᠭᠡᠢ      ᠬᠥᠭ᠌ᠵᠢᠯᠲᠠ》 ᠎ᠶ᠋ᠢᠨ ᠤᠢ᠍ᠢᠯᠠᠭᠠᠬ᠍ᠲᠠᠬᠤᠨ᠎ᠢ ᠰᠠᠨᠠᠭᠠᠴᠢᠯᠠᠵᠤ᠂ 《ᠬᠤᠤᠰ ᠪᠠᠶᠠᠷ》 ᠎ᠤᠨ ᠠᠭᠤᠷ ᠠᠮᠢᠰᠭᠤᠯ᠎ᠢ ᠪᠤᠢ ᠪᠤᠯᠭᠠᠠ᠂ ᠬᠤᠷᠴᠢᠨ ᠵᠡᠭᠦᠨ ᠭᠠᠷᠤᠨ ᠬᠤᠢᠲᠤ ᠬᠤᠱᠢᠭᠤᠨ᠎ᠤ 10 ᠲᠦᠮᠡᠨ ᠮᠦ᠍ ᠪᠠᠲᠤᠴᠠᠭᠠᠨ᠎ᠤ ᠤᠢ᠎ᠪᠠᠷ ᠵᠠᠭᠤᠴᠢ ᠪᠣᠯᠭᠠᠵᠤ᠂ ᠪᠠᠢᠭᠠᠯᠢᠯᠢᠬ ᠪᠠᠲᠤᠴᠠᠭᠠᠨ᠎ᠤ ᠨᠠᠪᠴᠢᠨ ᠡᠬᠢ ᠪᠠᠶᠠᠯᠢᠭ᠎ᠢ ᠪᠦᠬᠦ᠌ ᠲᠠᠯ᠎ᠠ᠎ᠪᠠᠷ ᠳᠡᠯᠭᠡᠨ ᠦᠵᠡᠭᠦᠯᠥᠨ᠂ ᠪᠥᠬᠦ᠌ ᠬᠤᠱᠢᠭᠤᠨ᠎ᠤ ᠵᠢᠭᠤᠯᠴᠢᠯᠠᠯ᠎ᠤᠨ ᠪᠦᠲᠦᠭᠡᠭ᠌ᠳᠡᠬᠦᠨ᠎ᠢ ᠤᠬᠠᠭᠤᠯᠵᠤ᠂ ᠬᠤᠷᠴᠢᠨ ᠵᠡᠭᠦᠨ ᠭᠠᠷᠤᠨ ᠬᠤᠢᠲᠤ ᠬᠤᠱᠢᠭᠤᠨ᠎ᠤ ᠵᠢᠭᠤᠯᠴᠢᠯᠠᠯ᠎ᠤᠨ ᠦᠢᠯᠡᠰ᠎ᠤᠨ ᠪᠦᠬᠦᠯᠢ ᠴᠣᠭ᠍ᠴᠠ᠎ᠶ᠋ᠢᠨ ᠥᠷᠢᠰᠦᠯᠳᠦᠬᠦ᠌ ᠬᠦᠴᠦᠨ᠎ᠢ ᠳᠡᠭᠡᠭ᠌ᠰᠢᠯᠡᠭᠦᠯᠬᠦ᠌᠎ᠪᠠᠷ ᠵᠤᠷᠢᠯᠲᠠ᠎ᠪᠠᠨ ᠪᠤᠯᠭᠠᠵᠠᠢ᠃

ᠲᠤᠰ ᠬᠤᠭᠤᠴᠠᠭᠠᠨ᠎ᠤ ᠤᠳᠠᠨᠳᠠᠯ᠎ᠠ᠎ᠶ᠋ᠢᠨ ᠪᠠᠳᠤᠴᠠᠭᠠᠨ᠎ᠤ ᠨᠠᠪᠴᠢᠨ ᠨᠠᠢᠷ᠎ᠢ ᠪᠡᠭᠡᠵᠢᠩ᠎ᠤᠨ ᠲᠢᠶᠠᠨ ᠹᠧᠩ ᠰᠣᠶᠣᠯ ᠵᠢᠭᠤᠯᠴᠢᠯᠠᠯ᠎ᠤᠨ ᠪᠦᠯᠦᠭ᠌ᠯᠡᠯ᠎ᠠᠴᠠ ᠭᠤᠤᠯᠯᠠᠨ ᠡᠷᠭᠢᠯᠡᠵᠦ᠍᠂ ᠥᠪᠥᠷ ᠮᠣᠩᠭᠤᠯ᠎ᠤᠨ ᠮᠧᠩ ᠶᠦᠨ ᠰᠣᠶᠣᠯ ᠵᠠᠭᠤᠴᠢᠯᠠᠭᠤᠷ᠎ᠤᠨ ᠬᠢᠵᠠᠭᠠᠷᠲᠤ ᠺᠣᠮᠫᠠᠨᠢ ᠳᠠᠭᠠᠭᠠᠴᠢᠯᠠᠨ ᠡᠷᠭᠢᠯᠡᠪᠡ᠃ ᠨᠠᠢᠷ᠎ᠤᠨ ᠬᠤᠭᠤᠴᠠᠭᠠᠨ᠎ᠳᠤ ᠡᠬᠢᠯᠡᠯᠲᠡ᠎ᠶ᠋ᠢᠨ ᠶᠣᠰᠣᠯᠠᠯ᠂ ᠬᠤᠷᠴᠢᠨ᠎ᠤ ᠦᠨᠳᠦᠰᠦᠲᠡᠨ᠎ᠤ ᠬᠤᠪᠴᠠᠰᠤ ᠵᠠᠰᠠᠯ᠎ᠤᠨ ᠦᠵᠡᠭᠦᠯᠭᠡ᠂ ᠬᠤᠷᠴᠢᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠦᠵᠡᠭᠦᠯᠭᠡ᠂ ᠬᠤᠷᠴᠢᠨ ᠵᠠᠰᠠᠮᠠᠯ ᠵᠠᠮ᠎ᠤᠨ ᠳᠤᠭᠤᠶ ᠲᠡᠷᠭᠡᠨ᠎ᠤ ᠤᠷᠤᠯᠳᠤᠭᠠᠨ ᠵᠡᠷᠭᠡ ᠱᠢᠷᠢᠰ ᠠᠵᠢᠯᠯᠠᠭ᠎ᠠ᠎ᠶ᠋ᠢ ᠥᠷᠨᠢᠭᠦᠯᠬᠦ᠌ ᠪᠤᠯᠤᠨ᠎ᠠ᠃ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠰᠤᠶᠤᠯ ᠵᠢᠭᠤᠯᠴᠢᠯᠠᠯ᠎ᠤᠨ ᠳᠤᠪᠴᠢᠶ᠎ᠠ᠎ᠶ᠋ᠢᠨ ᠳᠠᠷᠤᠭ᠎ᠠ ᠪᠤᠤ ᠸᠧᠨ ᠱᠢᠤᠧᠠᠢ᠄ 《ᠪᠠᠳᠤᠴᠠᠭᠠᠨ᠎ᠤ ᠨᠠᠪᠴᠢ᠎ᠨᠢ ᠨᠠᠮᠤᠷ᠎ᠤᠨ ᠰᠡᠭᠦᠯᠴᠢ᠎ᠪᠠᠷ ᠤᠯᠠᠢᠳᠠᠬ ᠪᠤᠯᠬᠤᠷ ᠶᠠᠬ 10 ᠰᠠᠷ᠎ᠠ᠎ᠶ᠋ᠢᠨ 1 ᠎ᠤ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ ᠳᠠᠭᠠᠷᠠᠳᠠᠬ ᠶᠤᠮ᠃ ᠪᠢᠳᠡ ᠤᠳᠠᠨᠳᠠᠯ᠎ᠠ᠎ᠶ᠋ᠢᠨ ᠪᠠᠳᠤᠴᠠᠭᠠᠨ᠎ᠤ ᠤᠢ ᠱᠢᠭᠤᠢ᠎ᠶ᠋ᠢᠨ ᠴᠡᠴᠡᠷᠯᠢᠭ᠎ᠲᠤ ᠨᠡᠭᠡᠭᠡᠯᠲᠠ ᠬᠢᠭ᠌ᠰᠡᠨ᠎ᠠᠴᠠ ᠨᠠᠭᠠᠰᠢ᠂ ᠨᠢᠭᠡᠨᠳᠡ 4 ᠬᠤᠭᠤᠴᠠᠭᠠᠨ᠎ᠤ ᠪᠠᠳᠤᠴᠠᠭᠠᠨ᠎ᠤ ᠨᠠᠪᠴᠢᠨ ᠨᠠᠢᠷ᠎ᠢ ᠠᠮᠵᠢᠯᠲᠠ᠎ᠲᠠᠢ ᠡᠷᠬᠢᠯᠡᠪᠡ᠂ ᠡᠢᠨ ᠬᠦ᠌ ᠵᠢᠭᠤᠯᠴᠢᠯᠠᠬ᠍ᠴᠢᠳ᠎ᠤᠨ ᠳᠤᠭ᠎ᠠ ᠴᠥ᠍ ᠵᠢᠯ᠎ᠠᠴᠠ ᠵᠢᠯ ᠨᠡᠮᠡᠭ᠌ᠳᠡᠵᠤ ᠪᠤᠢ᠂ ᠢᠩᠬᠢᠬᠦ᠌᠎ᠨᠢ 〈ᠲᠤᠮᠳᠠᠳᠤ ᠤᠯᠤᠰ · ᠤᠳᠠᠨᠲᠠᠯ᠎ᠠ᠎ᠶ᠋ᠢᠨ ᠪᠠᠲᠤᠴᠠᠭᠠᠨ᠎ᠤ ᠨᠠᠪᠴᠢᠨ ᠨᠠᠢᠷ〉 ᠡᠨᠡ ᠬᠦ᠌ ᠵᠢᠭᠤᠯᠴᠢᠯᠠᠯ᠎ᠤᠨ ᠲᠥᠷᠥᠯ ᠳᠡᠮᠳᠡᠭ᠎ᠢ ᠴᠢᠨᠠᠬ᠍ᠰᠢᠲᠠ ᠠᠯᠳᠠᠷᠱᠢᠭᠤᠯᠵᠤ᠂ ᠳᠡᠭᠦᠨ᠎ᠢ ᠤᠷᠤᠨ ᠨᠤᠲᠤᠬ᠎ᠤᠨ ᠠᠵᠤ ᠠᠬᠤᠢ᠎ᠶ᠋ᠢᠨ ᠱᠢᠨ᠎ᠡ ᠨᠡᠮᠡᠭ᠌ᠳᠡᠯ᠎ᠤᠨ ᠴᠡᠭ ᠪᠤᠯᠭᠠᠬᠤ᠎ᠳᠤ ᠴᠢᠬᠤᠯᠠ ᠠᠴᠢ ᠬᠤᠯᠪᠤᠬ᠍ᠳᠠᠯ᠎ᠲᠠᠢ ᠶᠤᠮ》 ᠭᠡᠵᠤ ᠬᠡᠯᠡᠵᠤ ᠪᠠᠢᠯ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号